

驳马国᠂ ᠪᠤᠮᠪᠠ ᠶᠢᠨ ᠤᠷᠤᠨ

2018-09-09 01:21
  148
  0
             
驳马国᠂ ᠪᠤᠮᠪᠠ ᠶᠢᠨ ᠤᠷᠤᠨ             
             
ᠲᠤᠪᠴᠢ ᠠᠭᠤᠯᠭ᠎ᠠ  ᠲᠤᠰ ᠦᠬᠦᠯᠡᠯ ᠳᠦ ᠡᠷᠲᠡᠨ ᠤ ᠬᠢᠲᠠᠳ ᠲᠡᠥᠬᠡᠨ ᠰᠤᠷᠪᠤᠯᠵᠢ ᠶᠢᠨ ᠪᠠᠷᠢᠮᠳ᠋ᠨ ᠳᠡᠭᠡᠷ᠎ᠠ ᠠᠵᠢᠯᠯᠠᠭᠰᠠᠨ ᠪᠦᠬᠡᠳ ᠭᠠᠯᠢᠭᠴᠢᠯᠠᠨ ᠲᠡᠮᠳᠡᠭᠯᠡᠭᠰᠡᠨ ᠬᠢᠲᠠᠳ ᠦᠰᠦᠭ᠂ ᠤᠳᠬ᠎ᠠ᠂ ᠲᠠᠭᠤᠳᠠᠯᠭ᠎ᠠ ᠠᠴᠠ 驳马国ᠪᠤᠯᠤᠨ ᠪᠤᠮᠪᠠ ᠭᠡᠬᠦ ᠨᠡᠷ᠎ᠡ ᠶᠢᠨ ᠲᠤᠬᠠᠢ ᠰᠢᠨᠵᠢᠯᠡᠭᠰᠡᠨ ᠪᠤᠯᠤᠨ᠎ᠠ               
ᠲᠦᠯᠬᠢᠬᠦᠷ ᠦᠬᠡ 驳᠂ 驳马᠂ 驳马国᠃              
             
ᠠᠭᠤᠯᠭ᠎ᠠ              
     ᠡᠷᠲᠡᠨ  ᠬᠢᠲᠠᠳ ᠲᠡᠥᠬᠡᠨ ᠰᠤᠷᠪᠤᠯᠵᠢ ᠪᠤᠯᠬᠤ  ᠲᠦᠩ ᠳ᠋ᠢᠶᠠᠨ ᠪᠢᠴᠢᠭ  ᠂  ᠬᠠᠭᠤᠴᠢᠨ ᠲᠠᠩ ᠤᠯᠤᠰ ᠤᠨ ᠪᠢᠴᠢᠭ  ᠂  ᠰᠢᠨ᠎ᠠ ᠲᠠᠩ ᠤᠯᠤᠰ ᠤᠨ ᠪᠢᠴᠢᠭ  ᠲᠦ᠂ ᠪᠦᠧᠧ ᠮᠠ  驳马bó mǎ  ᠬᠡᠮᠡᠬᠦ ᠤᠯᠤᠰ ᠤᠨ ᠲᠤᠬᠠᠢ ᠲᠡᠮᠳᠡᠭᠯᠡᠯ ᠪᠤᠢ ᠪᠦᠬᠡᠳ ᠰᠦᠢ ᠤᠯᠤᠰ ᠤᠨ ᠦᠶ᠎ᠡ᠂ ᠡᠨᠡ ᠤᠯᠤᠰ ᠤᠨ ᠲᠤᠬᠠᠢ ᠲᠤᠭᠤᠯᠠᠭᠰᠠᠨ ᠬᠡᠵᠡᠢ᠂ ᠦᠬᠡᠷ᠎ᠠ ᠳᠤ ᠬᠡᠯᠡᠪᠡᠯ᠂ ᠡᠨᠡᠬᠦ ᠪᠦᠧᠧ ᠮᠠ ᠤᠯᠤᠰ ᠬᠡᠵᠤ ᠡᠷᠲᠡᠨ ᠡᠴᠡ ᠤᠷᠤᠰᠢᠵᠤ ᠪᠠᠢᠭᠰᠠᠨ ᠪᠦᠬᠡᠳ ᠰᠦᠢ ᠤᠯᠤᠰ ᠤᠨ ᠦᠶ᠎ᠡ ᠬᠦᠷᠦᠭᠡᠳ᠂ ᠬᠢᠲᠠᠳ ᠲᠡᠥᠬᠡᠴᠢᠳ ᠦᠨ ᠴᠢᠬᠢᠨ ᠳᠦ ᠰᠤᠨᠤᠰᠤᠭᠳᠠᠵᠤ ᠲᠡᠮᠳᠡᠭᠯᠡᠭᠳᠡᠵᠦ ᠪᠠᠢᠪᠠ ᠬᠡᠰᠡᠨ ᠦᠬᠡ ᠪᠤᠯᠤᠨ᠎ᠠ᠃         
     ᠡᠨᠡ ᠤᠯᠤᠰ ᠤᠨ ᠨᠡᠷ᠎ᠠ ᠶᠢ ᠲᠡᠮᠳᠡᠭᠯᠡᠭᠰᠡᠨ ᠬᠢᠲᠠᠳ ᠦᠰᠦᠭ ᠢ ᠠᠵᠢᠭᠯᠠᠪᠠᠯ᠂ 驳 ᠬᠡᠳᠡᠭ ᠦᠰᠦᠭ ᠦᠨ ᠦᠨᠳᠦᠰᠦᠨ ᠤᠳᠬ᠎ᠠ ᠨᠢ ᠮᠠᠷᠭᠤᠬᠤ᠂ ᠨᠢᠴᠤᠭᠠᠬᠤ ᠬᠡᠬᠦ ᠤᠳᠬ᠎ᠠ ᠲᠠᠢ ᠪᠦᠬᠡᠳ ᠪᠠᠰᠨ ᠠᠳᠤᠭᠤᠨ ‍ᠣ ᠵᠢᠰᠦ ᠠᠯᠠᠭ ᠢ ᠵᠢᠭᠠᠳᠠᠭ ᠪᠠᠢᠨ᠎ᠠ᠃ ᠵᠢᠱᠢᠶᠡᠯᠡᠪᠡᠯ᠄︽驳ᠭᠡᠵᠤ ᠠᠳᠤᠭᠤᠨ ‍ᠣ ᠵᠢᠰᠦ ᠶᠢᠨ ᠴᠤᠯᠤ ᠪᠢᠰᠢ ᠶᠢ ᠬᠡᠯᠡᠨ᠎ᠡ᠂ 马ᠦᠰᠦᠭ ᠦᠨ ᠠᠢᠮᠠᠭ ᠲᠤ ᠪᠠᠭᠲᠠᠨ᠎ᠠ᠂ ᠲᠠᠭᠤᠳᠠᠯᠭ᠎ᠠ ᠨᠢ爻︾ᠭᠡᠵᠤ᠂ ᠵᠡᠬᠦᠨ ᠬᠠᠨ ᠤᠯᠤᠰ ᠤᠨ ᠰᠢᠥᠢ ᠵᠧᠨ ᠡᠴᠡ︽说文解字︾ᠨᠤᠮ ᠳᠠᠭᠠᠨ ᠪᠢᠴᠢᠵᠠᠢ᠃︽ᠬᠠᠷ᠎ᠠ ᠴᠠᠭᠠᠨ ᠬᠤᠯᠢᠯᠳᠠᠭᠰᠠᠨ ᠢ 驳 ᠬᠡᠨ᠎ᠡ︾ᠭᠡᠵᠤ︽ᠬᠠᠨ ᠤᠯᠤᠰ ᠤᠨ ᠪᠢᠴᠢᠭ᠂ ᠰᠢᠥᠢ ᠹᠦ᠋ ᠶᠢᠨ ᠨᠠᠮᠲᠠᠷ︾ᠲᠤ ᠲᠡᠮᠳᠡᠭᠯᠡᠵᠡᠢ᠃ ᠡᠬᠦᠨ ᠳᠦ驳马ᠬᠡᠳᠡᠭ ᠬᠢᠲᠠᠳ ᠦᠰᠦᠭ ᠢ ᠳᠤᠷᠠᠳᠴᠤ ᠪᠤᠯᠤᠨ᠎ᠠ᠃         
     ᠳᠡᠭᠡᠷᠡᠬᠢ ᠮᠡᠲᠤ ᠤᠳᠬ᠎ᠠ ᠲᠠᠢ ᠠᠴᠠ ᠭᠠᠳᠠᠨ᠎ᠠ᠂ 驳 ᠬᠡᠳᠡᠭ ᠦᠰᠦᠭ ᠨᠢ ᠪᠠᠰᠨ ᠪᠠᠷᠰ ᠢᠷᠪᠢᠰ ᠪᠠᠷᠢᠵᠤ ᠢᠳᠡᠳᠡᠭ ᠭᠠᠭᠴᠨ ᠡᠪᠡᠷᠲᠤ ᠠᠷᠢᠶᠠᠲᠠᠨ ᠢ ᠵᠢᠭᠠᠳᠠᠭ ᠪᠠᠢᠨ᠎ᠠ᠂ ᠵᠢᠱᠢᠶᠡᠯᠡᠪᠡᠯ᠄︽ᠱᠠᠨ ᠬᠠᠢ ᠵᠢᠩ ᠰᠤᠳᠤᠷ᠂ ᠪᠠᠷᠠᠭᠤᠨ ᠠᠭᠤᠯᠠ ᠶᠢᠨ ᠰᠤᠳᠤᠷ︾ᠲᠤ᠄︽᠁ᠠᠳᠤᠭᠤ ᠮᠡᠲᠤ ᠳᠦᠷᠰᠦ ᠲᠠᠢ᠂ ᠴᠠᠭᠠᠨ ᠵᠢᠰᠦ ᠬᠠᠷ᠎ᠠ ᠰᠡᠬᠦᠯ ᠲᠠᠢ᠂ ᠭᠠᠭᠴᠨ ᠡᠪᠡᠷ ᠲᠠᠢ᠂ ᠪᠠᠷᠰ ᠤᠨ ᠰᠢᠳᠦ ᠰᠠᠪᠠᠷ ᠲᠠᠢ᠂ ᠬᠡᠩᠬᠡᠷᠭᠡ ᠮᠡᠲᠤ ᠲᠠᠭᠤ ᠲᠠᠢ᠂ ᠪᠠᠷᠰ ᠢᠷᠪᠢᠰ ᠢ ᠪᠠᠷᠢᠵᠤ ᠢᠳᠡᠳᠡᠭ ᠁︾ᠭᠡᠵᠡᠢ᠂ ︽ᠱᠠᠨ ᠬᠠᠢ ᠵᠢᠩ ᠰᠤᠳᠤᠷ᠂ ᠬᠤᠢᠳᠦ ᠠᠭᠤᠯᠠ ᠶᠢᠨ ᠰᠤᠳᠤᠷ︾ᠲᠤ᠄︽᠁ ᠬᠤᠢᠳᠦ ᠳᠠᠯᠠᠢ ᠳᠦ ᠁ ᠪᠠᠰᠨ ᠠᠷᠢᠶᠠᠲᠠᠨ ᠪᠤᠢ᠂ ᠲᠡᠬᠦᠨ ᠢ ᠪᠦᠧᠧ︵驳︶ᠭᠡᠵᠤ ᠨᠡᠷᠡᠯᠡᠨ᠎ᠡ᠂ ᠳᠦᠷᠰᠦ ᠨᠢ ᠴᠠᠭᠠᠨ ᠠᠳᠤᠭᠤ ᠮᠡᠲᠤ᠂ ᠬᠢᠷᠦᠬᠡᠨ ᠰᠢᠳᠦ ᠲᠠᠢ᠂ ᠪᠠᠷᠰ ᠢᠷᠪᠢᠰ ᠢ ᠢᠳᠡᠨ᠎ᠡ᠁︾ᠭᠡᠵᠡᠢ᠂ ᠲᠤᠰ ᠰᠤᠳᠤᠷ ᠲᠤ ᠡᠢᠮᠦᠷᠬᠦ ᠭᠠᠭᠴᠨ ᠡᠪᠡᠷᠲᠠᠢ ᠠᠷᠢᠶᠠᠲᠠᠨ ᠠᠴᠠ ᠵᠢᠷᠭᠤᠭ᠎ᠠ ᠶᠢ ᠲᠠᠨᠢᠯᠴᠠᠭᠤᠯᠤᠭᠰᠠᠨ ᠭᠤᠷᠪᠠ ᠨᠢ ᠠᠳᠤᠭᠤ ᠮᠡᠲᠤ ᠳᠦᠷᠰᠦ ᠲᠠᠢ ᠭᠡᠵᠡᠢ᠂ ᠡᠳᠡᠭᠡᠷ ᠠᠷᠢᠶᠠᠲᠠᠨ ᠨᠢ ᠪᠦᠬᠦᠳᠡᠭᠡᠷ ᠢᠶᠡᠨ︵ᠭᠠᠵᠠᠷ ᠵᠦᠢ ᠶᠢᠨ ᠪᠠᠢᠷᠢᠰᠢᠯ ᠤᠨ ᠬᠤᠪᠢ ᠳᠤ ᠡᠷᠲᠡᠨ ᠤ ᠬᠢᠲᠠᠳ ᠤᠯᠤᠰ ᠤᠨ︶ᠪᠠᠷᠠᠭᠤᠨ ᠪᠤᠶᠤ ᠬᠤᠢᠳᠦ ᠵᠦᠭ ᠲᠦ ᠤᠷᠤᠰᠢᠬᠤ ᠪᠦᠬᠡᠳ ᠳᠤᠮᠤᠭ ᠶᠠᠷᠢᠶᠠᠨ ᠦ ᠰᠢᠨᠵᠢᠲᠠᠢ ᠲᠡᠮᠳᠡᠭᠯᠡᠯ ᠪᠤᠯᠬᠤ ᠠᠵᠠᠢ᠃           
       驳马国᠂ ᠤᠯᠤᠰ ᠤᠨ ᠨᠡᠷ᠎ᠠ ᠭᠡᠵᠤ ᠲᠡᠮᠳᠡᠭᠯᠡᠭᠰᠡᠨ ᠢ ᠳᠤᠤᠷ᠎ᠠ ᠵᠢᠱᠢᠶᠡᠯᠡᠨ ᠦᠵᠡᠪᠠᠯ᠄  ᠰᠢᠨ᠎ᠠ ᠲᠠᠩ ᠤᠯᠤᠰ ᠤᠨ ᠪᠢᠴᠢᠭ᠂ 217 ᠳ᠋ᠤᠭᠠᠷ ᠪᠦᠯᠦᠭ᠂ ᠤᠢᠭᠤᠷ ᠳᠤᠤᠷᠠᠳᠤ  ᠲᠤ᠄ 又有驳马者,或曰弊剌,曰遏罗支,直突厥之北 ᠭᠡᠵᠡᠢ᠂  ᠲᠠᠩ ᠤᠯᠤᠰ ᠤᠨ ᠬᠤᠷᠢᠶᠠᠩᠭᠤᠢ ᠪᠢᠴᠢᠭ᠂100 ᠳ᠋ᠤᠭᠠᠷ ᠪᠦᠯᠦᠭ  ᠲᠤ᠄ 驳马。其地近北海。在突厥北。  ᠭᠡᠵᠡᠢ᠂  ᠲᠦᠩ ᠳ᠋ᠢᠶᠠᠨ ᠪᠢᠴᠢᠭ᠂200 ᠳ᠋ᠤᠭᠠᠷ ᠪᠦᠯᠦᠭ᠂ ᠬᠢᠯᠢ ᠬᠠᠮᠠᠭᠠᠯᠠᠬᠤ ᠠᠷᠪᠠᠨ ᠵᠢᠷᠭᠤᠭ᠎ᠠ ᠳᠤ᠄ 驳马,其地近北海....突厥谓驳马为曷刺,亦名曷刺国 ᠭᠡᠰᠡᠨ ᠢ ᠲᠤᠰ ᠲᠤᠰ ᠳᠤᠷᠠᠳᠴᠤ ᠪᠤᠯᠤᠨ᠎ᠠ᠃              
    ᠬᠢᠲᠠᠳ ᠤᠨ ᠡᠷᠲᠡᠨ ᠤ ᠰᠤᠷᠪᠤᠯᠵᠢ ᠪᠢᠴᠢᠭ ᠲᠦ᠂ ᠨᠡᠬᠦᠳᠡᠯᠴᠢᠨ ᠠᠢᠮᠠᠭ᠂ ᠤᠯᠤᠰ ᠤᠨ ᠨᠡᠷ᠎ᠠ ᠶᠢ ᠶᠡᠬᠡᠪᠴᠢᠯᠠᠨ ᠭᠠᠯᠢᠭᠴᠢᠯᠠᠨ ᠪᠠᠭᠤᠯᠭᠠᠵᠤ ᠲᠡᠮᠳᠡᠭᠯᠡᠳᠡᠭ᠂ ᠬᠢᠲᠠᠳ ᠬᠡᠯᠡᠨ ᠤ ᠡᠨᠡᠬᠦ ᠤᠨᠴᠠᠯᠢᠭ ᠢ ᠳᠠᠭᠠᠨ ᠮᠦᠷᠳᠡᠵᠤ᠂ ᠮᠤᠩᠭᠤᠯ ᠬᠡᠯᠡᠨ᠎ᠡ ᠲᠠᠭᠤᠳᠠᠯᠭ᠎ᠠ ᠪᠠᠷ ᠨᠢ ᠲᠡᠮᠳᠡᠭᠯᠡᠳᠡᠭ᠂ ᠵᠢᠱᠢᠶᠡᠯᠡᠪᠡᠯ᠂ 匈奴ᠬᠡᠳᠡᠭ ᠢ ᠾᠦᠩᠨᠦ ᠬᠡᠮᠡᠨ ᠲᠠᠭᠤᠳᠠᠵᠤ ᠲᠡᠮᠳᠡᠭᠯᠡᠵᠦ ᠪᠢᠴᠢᠳᠡᠭ ᠪᠤᠯᠬᠤ ᠠᠴᠠ︽ᠳᠤᠭᠰᠢᠨ ᠪᠤᠭᠤᠯ︾ᠬᠡᠳᠡᠭ ᠦᠬᠡᠢ᠂ 鲜卑ᠬᠡᠳᠡᠭ ᠢ ᠰᠢᠶᠠᠨᠪᠢ ᠬᠡᠳᠡᠭ ᠪᠤᠯᠬᠤ ᠠᠴᠠ︽ᠰᠢᠨ᠎ᠠ ᠭᠤᠳᠤᠮᠰᠢᠭ︾ᠪᠤᠶᠤ︽ᠰᠢᠨ᠎ᠠ ᠳᠤᠤᠷᠠᠳᠤ︾ᠬᠡᠳᠡᠭ ᠦᠬᠡᠢ᠂ 突厥ᠭᠡᠳᠡᠭ ᠢ ᠲᠷᠦᠺ ᠬᠡᠳᠡᠭ ᠪᠤᠯᠬᠤ ᠠᠴᠠ ᠪᠢᠰᠢ︽ᠲᠡᠮᠤᠷ ᠲᠤᠭᠤᠯᠭᠠᠲᠠᠨ︾ᠬᠡᠳᠡᠭ ᠦᠬᠡᠢ᠂ ᠲᠡᠢᠮᠦ ᠡᠴᠡ 驳马国bo ma guo ᠬᠡᠳᠡᠭ ᠨᠢ ᠮᠦᠨ ᠠᠳᠠᠯᠢᠬᠠᠨ ᠭᠠᠯᠢᠭᠴᠢᠯᠠᠨ ᠲᠡᠮᠳᠡᠭᠯᠡᠭᠰᠡᠨ ᠦᠬᠡ᠂ ᠪᠦᠧᠧ ᠮᠠ ᠤᠯᠤᠰ ᠭᠡᠵᠤ ᠪᠠᠭᠤᠯᠭᠠᠬᠤ ᠨᠢ ᠵᠦᠪ ᠪᠤᠯᠤᠨ᠎ᠠ᠂ ᠮᠦᠨ ᠲᠡᠬᠦᠨᠴᠢᠯᠠᠨ ᠵᠢᠭᠠᠵᠤ ᠪᠠᠢᠭ᠎ᠠ ᠤᠳᠬ᠎ᠠ ᠶᠢ ᠨᠢ ᠨᠢᠭᠲᠠᠯᠠᠨ ᠦᠵᠡᠵᠤ᠂ ᠪᠦᠧᠧ ᠠᠷᠢᠶᠠᠲᠠᠨ᠂ ᠠᠯᠠᠭ ᠠᠳᠤᠭᠤ᠂ ᠪᠦᠧᠧ ᠮᠠ ᠤᠯᠤᠰ ᠬᠡᠮᠡᠨ ᠢᠯᠭᠠᠨ ᠰᠠᠯᠭᠠᠨ ᠤᠢᠯᠠᠭᠠᠪᠠᠰᠤ᠂ ᠰᠠᠨᠠᠭ᠎ᠠ ᠲᠤᠳᠤᠷᠬᠠᠢ ᠪᠤᠯᠤᠨ᠎ᠠ᠃              
     ᠬᠢᠲᠠᠳ ᠲᠡᠥᠬᠡᠨ ᠰᠤᠷᠪᠤᠯᠵᠢ ᠳᠤ ᠠᠩᠬ᠎ᠠ ᠪᠦᠧᠧ ᠮᠠ ᠤᠯᠤᠰ ᠭᠡᠵᠤ ᠲᠡᠮᠳᠡᠭᠯᠡᠭᠳᠡᠵᠦ ᠪᠠᠢᠭᠠᠳ᠂ ᠳᠠᠷᠠᠭ᠎ᠠ ᠨᠢ ᠾᠧ ᠯᠠ ᠪᠤᠯᠤᠭᠰᠠᠨ ᠨᠢ ᠲᠤᠳᠤᠷᠬᠠᠢ ᠬᠠᠷᠠᠭᠳᠠᠨ᠎ᠠ᠂ ᠦᠬᠡᠷ᠎ᠠ ᠪᠠᠷ ᠬᠡᠯᠡᠪᠡᠯ᠂ ᠡᠨᠡ ᠤᠯᠤᠰ ᠤᠨ ᠠᠩᠬᠠᠨ ‍ᠣ ᠨᠡᠷ᠎ᠠ ᠨᠢ ᠪᠦᠧᠧ ᠮᠠ ᠤᠯᠤᠰ ᠭᠡᠳᠡᠭ ᠪᠠᠢᠵᠠᠢ᠃ ᠡᠨᠡᠬᠦ 驳马国 ᠬᠡᠮᠡᠬᠦ ᠤᠯᠤᠰ ᠤᠨ ᠲᠤᠬᠠᠢ᠂ ᠤᠳᠤ ᠬᠦᠷᠲᠡᠯ᠎ᠠ ᠨᠢᠬᠡᠨ ᠳᠤᠷᠪᠢᠲᠠᠢ ᠰᠤᠳᠤᠯᠭ᠎ᠠ ᠭᠠᠷᠤᠭᠠᠳ ᠦᠬᠡᠢ᠂ ᠬᠠᠷᠢᠨ ᠡᠨᠡ ᠤᠯᠤᠰ ᠤᠨ ᠦᠬᠡᠷ᠎ᠠ ᠨᠡᠷ᠎ᠠ ᠪᠤᠯᠬᠤ 曷刺 ᠪᠤᠶᠤ曷刺国 ᠭᠡᠰᠡᠨ ᠳᠡᠭᠡᠷ᠎ᠠ ᠬᠦᠮᠦᠰ ᠨᠡᠯᠢᠶᠠᠳ ᠠᠩᠬᠠᠷᠤᠯ ᠲᠦᠪᠯᠡᠷᠡᠬᠦᠯᠡᠭᠰᠡᠨ ᠪᠠᠢᠳᠠᠭ᠂ ᠲᠡᠭᠡᠭᠰᠡᠨ ᠠᠲᠠᠯ᠎ᠠ ᠪᠠᠨ︽ᠲᠠᠩ ᠤᠯᠤᠰ ᠤᠨ ᠬᠤᠷᠢᠶᠠᠩᠭᠤᠢ ᠪᠢᠴᠢᠭ︾ᠲᠦ︽突厥谓驳马为曷刺,亦名曷刺国︾ᠭᠡᠰᠡᠨ ᠦᠰᠦᠭ ᠪᠢᠴᠢᠭ ᠦᠨ ᠲᠡᠮᠳᠡᠭᠯᠡᠯ ᠢ︽ᠲᠦᠷᠦᠭ ᠦᠳ  ᠨᠢ ᠵᠢᠰᠦ ᠠᠯᠠᠭ ᠠᠳᠤᠭᠤ ᠶᠢ alaa︵ᠠᠯᠠᠭ︶ᠬᠡᠨ᠎ᠡ᠂ ᠲᠡᠢᠮᠦ ᠡᠴᠡ ᠲᠡᠳᠡᠨᠦᠰ ᠢ ᠪᠠᠰᠨ ᠠᠯᠠᠭ ᠠᠳᠤᠭᠤᠲᠠᠨ ᠤᠯᠤᠰ ᠬᠡᠨ᠎ᠡ︾ᠭᠡᠵᠤ ᠤᠩᠰᠢᠵᠤ ᠤᠢᠯᠠᠭᠠᠭᠰᠠᠨ ᠠᠴᠠ᠂ ᠳᠡᠭᠡᠷ᠎ᠠ ᠨᠢ ᠪᠠᠰᠨ  ᠰᠢᠨ᠎ᠠ ᠲᠠᠩ ᠤᠯᠤᠰ ᠤᠨ ᠪᠢᠴᠢᠭ᠂ 217 ᠳ᠋ᠤᠭᠠᠷ ᠪᠦᠯᠦᠭ᠂ ᠤᠢᠭᠤᠷ ᠳᠤᠤᠷᠠᠳᠤ︾ᠳᠦ ᠭᠠᠷᠬᠤ  马色皆驳,因以名国云︾ᠭᠡᠰᠡᠨ ᠦᠰᠦᠭ ᠪᠢᠴᠢᠭ ᠦᠨ ᠲᠡᠮᠳᠡᠭᠯᠡᠯ ᠢ︽ᠠᠳᠤᠭᠤᠨ ᠤ ᠵᠢᠰᠦ ᠨᠢ ᠪᠦᠬᠦᠳ᠋ᠨ ᠠᠯᠠᠭ ᠪᠠᠢᠳᠠᠭ ᠲᠤᠯᠨ᠂ ᠤᠯᠤᠰ ᠢ ᠨᠢ ᠮᠦᠨ ᠲᠡᠭᠡᠵᠤ ᠨᠡᠷᠡᠯᠡᠭᠰᠡᠨ ᠪᠠᠢᠨ᠎ᠠ︾ ᠭᠡᠳᠡᠭ ᠡᠴᠡ ᠡᠬᠦᠳᠦᠨ᠂ ᠵᠠᠷᠢᠮ ᠰᠤᠳᠤᠯᠭᠠᠴᠢᠳ ᠢ ᠬᠡᠨᠡᠨ ᠦᠷ᠎ᠠ ᠳ᠋ᠦᠩ ᠭᠠᠷᠭᠠᠬᠤ ᠳᠤ ᠬᠦᠷᠭᠡᠵᠡᠢ᠃              
    ᠦᠨᠡᠨᠳᠡᠭᠡᠨ᠂︽突厥谓驳马为曷刺,亦名曷刺国︾ᠭᠡᠳᠡᠭ ᠦᠬᠦᠯᠡᠪᠤᠷᠢ ᠶᠢ ᠨᠢᠭᠲᠠᠯᠠᠪᠠᠰᠤ᠂︽ᠲᠦᠷᠦᠭ ᠦᠳ ᠨᠢ ᠪᠦᠧᠧ ᠮᠠ ᠨᠠᠷ ᠢ ᠤᠢᠷᠠᠳ ᠭᠡᠳᠡᠭ᠂ ᠲᠡᠢᠮᠦ ᠡᠴᠡ ᠪᠠᠰᠨ ᠤᠢᠷᠠᠳ ᠤᠯᠤᠰ ᠬᠡᠮᠡᠴᠡᠭᠡᠳᠡᠭ︾ᠭᠡᠵᠤ ᠤᠢᠯᠠᠭᠠᠬᠤ ᠨᠢ ᠡᠨᠡ ᠦᠬᠦᠯᠡᠪᠤᠷᠢ ᠶᠢᠨ ᠤᠳᠬ᠎ᠠ ᠰᠠᠨᠠᠭᠠᠨ ᠳᠤ ᠨᠡᠢᠴᠡᠬᠦ ᠠᠵᠠᠢ᠃ ᠲᠠᠭᠤᠳᠠᠯᠭ᠎ᠠ᠂ ᠪᠢᠴᠢᠯᠬᠡ ᠶᠢᠨ ᠬᠤᠪᠢ ᠳᠤ ᠬᠢᠲᠠᠳ ᠲᠡᠥᠬᠡᠨ ᠲᠡᠮᠳᠡᠭᠯᠡᠯ ᠪᠦᠬᠡᠳ ᠤᠢᠷᠠᠳ ᠢ ᠮᠢᠩ ᠤᠯᠤᠰ ᠤᠨ ᠦᠶ᠎ᠡ᠂ ᠸᠠ ᠯᠠ 瓦剌ᠬᠡᠮᠡᠨ ᠨᠡᠷᠡᠯᠡᠵᠤ ᠪᠠᠢᠭᠰᠠᠨ ᠢ ᠰᠠᠨᠠᠬᠤ ᠬᠡᠷᠡᠭᠲᠡᠢ᠃ ᠬᠠᠷᠢᠨ ︽马色皆驳,因以名国云︾ᠭᠡᠰᠡᠨ ᠲᠡᠮᠳᠡᠭᠯᠡᠯ ᠢ ᠨᠢᠭᠲᠠᠯᠠᠪᠠᠰᠤ᠂ ᠡᠨᠡ ᠦᠬᠦᠯᠡᠪᠤᠷᠢ ᠨᠢ ᠦᠪᠡᠷ ᠢᠶᠡᠨ ᠠᠰᠠᠭᠤᠳᠠᠯ ᠳᠠᠭᠠᠭᠤᠯᠤᠭᠰᠠᠨ ᠬᠡᠯᠡᠯᠬᠡ ᠪᠤᠯᠬᠤ ᠨᠢ ᠢᠯᠨ ᠬᠠᠷᠠᠭᠳᠠᠵᠤ ᠪᠠᠢᠨ᠎ᠠ᠂ ᠶᠠᠭᠠᠬᠢᠭᠠᠳ ᠬᠢᠪᠡᠯ᠂ ᠪᠦᠬᠦᠯᠢ ᠪᠦᠲᠦᠨ ᠠᠢᠮᠠᠭ᠂ ᠤᠯᠤᠰ ᠤᠨ ᠠᠳᠤᠭᠤ ᠪᠦᠬᠦᠳ᠋ᠨ ᠵᠢᠰᠦ ᠠᠯᠠᠭ ᠪᠠᠢᠨ᠎ᠠ ᠭᠡᠬᠦ ᠨᠢ ᠢᠲᠡᠭᠡᠰᠢ ᠦᠬᠡᠢ ᠵᠦᠢᠯ᠃ ᠡᠨᠡ ᠨᠢ ᠡᠷᠲᠡᠨ ‍ᠣ ᠬᠢᠲᠠᠳ ᠲᠡᠥᠬᠡ ᠶᠢᠨ ᠰᠤᠳᠤᠷᠴᠢ ᠲᠦᠰᠢᠮᠡᠯ ᠨᠠᠷ᠂ 驳马ᠭᠡᠰᠡᠨ ᠬᠢᠲᠠᠳ ᠦᠰᠦᠭ ᠠᠴᠠ ᠲᠦᠷᠦᠭᠳᠡᠭᠰᠡᠨ ᠤᠷᠤ ᠦᠨᠳᠦᠰᠦᠯᠡᠯ ᠦᠬᠡᠢ ᠲᠠᠭᠠᠮᠠᠭᠯᠠᠯ ᠪᠤᠯᠤᠨ᠎ᠠ᠂ ᠨᠡᠬᠦᠳᠡᠯᠴᠢᠳ ᠦᠨ ᠮᠠᠯ ᠠᠬᠤᠢ ᠲᠠᠢ ᠬᠤᠯᠪᠤᠭ᠎ᠠ ᠲᠠᠢ ᠵᠦᠢᠯᠡᠰ ᠢ ᠪᠦᠷᠢᠨ ᠳᠦᠬᠦᠷᠡᠩ ᠤᠢᠯᠠᠭᠠᠳᠠᠭ ᠦᠬᠡᠢ᠂ ᠤᠢᠯᠠᠭᠠᠬᠤ ᠨᠦᠬᠦᠴᠡᠯ ᠴᠤ ᠪᠠᠢᠳᠠᠭ ᠦᠬᠡᠢ ᠡᠴᠡ ᠡᠷᠲᠡᠨ ‍ᠣ ᠬᠢᠲᠠᠳ ᠤᠨ ᠰᠤᠳᠤᠷᠴᠢ ᠲᠦᠰᠢᠮᠡᠯ ᠨᠠᠷ ᠤᠨ ᠪᠢᠴᠢᠵᠤ ᠲᠡᠮᠳᠡᠭᠯᠡᠭᠰᠡᠨ ᠲᠡᠷᠨ ᠪᠦᠬᠦᠨ ‍ᠣ ᠪᠦᠷᠢᠨ ᠵᠦᠪ ᠪᠠᠢᠬᠤ ᠶᠢ ᠲᠤᠯᠭᠠᠨ ᠱᠠᠭᠠᠷᠳᠠᠵᠤ ᠦᠯᠦ ᠪᠤᠯᠬᠤ ᠪᠦᠭᠡᠳ ᠪᠤᠷᠤᠭᠤ ᠵᠦᠷᠢᠬᠦᠦ ᠢ ᠢᠯᠭᠠᠨ ᠰᠠᠯᠭᠠᠨ ᠤᠢᠯᠠᠭᠠᠵᠤ ᠪᠤᠯᠬᠤ ᠶᠤᠰᠤᠲᠠᠢ ᠠᠵᠠᠢ᠃     
   ᠪᠦᠧᠧ ᠮᠠ  驳马国  ᠬᠡᠮᠡᠬᠦ ᠤᠯᠤᠰ ᠤᠨ ᠦᠬᠡᠷ᠎ᠠ ᠨᠢᠬᠡᠨ ᠨᠡᠷ᠎ᠠ ᠶᠢ ᠾᠧ ᠯᠠ  曷剌hé là  ᠭᠡᠰᠡᠨ ᠢ ᠥᠢᠷᠠᠳ ᠭᠡᠵᠤ ᠪᠢᠳ᠋ᠨ ᠰᠡᠷᠬᠦᠭᠡᠨ ᠤᠩᠰᠢᠵᠤ ᠪᠤᠢ᠂ ᠤᠴᠢᠷ ᠶᠠᠭᠤ ᠬᠢᠪᠠᠰᠤ᠄ ᠡᠨᠡ ᠤᠯᠤᠰ  ᠲᠤ ᠪᠠᠭᠲᠠᠬᠤ ᠠᠢᠮᠠᠭ ᠧ ᠯᠦᠧᠧ ᠽᠢ  遏罗支è luó zhī   ᠬᠡᠳᠡᠭ ᠦᠨ ᠲᠠᠭᠤᠳᠠᠯᠭ᠎ᠠ ᠶᠢ ᠵᠡᠬᠦᠨ ᠬᠠᠨ ᠤᠯᠤᠰ ᠤᠨ ᠦᠶ᠎ᠡ ᠪᠢᠴᠢᠭᠳᠡᠭᠰᠡᠨ︽说文解字︾ ᠳ᠋ᠦ᠄ è 烏割切 luó 魯何切zhī 章移切᠂ 闽南话ᠳᠤ at7 lou2 gi1᠂ 客家话 ᠳ᠋ᠦ ot5 lo2 zi ᠭᠡᠵᠡᠢ᠃ ᠡᠷᠲᠡᠨ ‍ᠣ ᠬᠢᠲᠠᠳ ᠬᠡᠯᠡᠨ ‍ᠣ e ᠠᠪᠢᠶ᠎ᠠ᠂ ᠠᠯᠲᠠᠢ ᠲᠦᠷᠦᠯ ᠦᠨ ᠬᠡᠯᠡᠨ ‍ᠣ u᠂ oᠲᠠᠢ᠂ l ᠠᠪᠢᠶ᠎ᠠ ᠨᠢ ᠠᠯᠲᠠᠢ ᠲᠦᠷᠦᠯ ᠦᠨ ᠬᠡᠯᠡᠨ ‍ᠣ r ᠠᠪᠢᠶ᠎ᠠ ᠲᠠᠢ ᠲᠤᠰ ᠲᠤᠰ ᠵᠤᠬᠢᠴᠠᠵᠤ ᠪᠠᠢᠨ᠎ᠠ᠃ ᠡᠨᠡ ᠨᠡᠷ᠎ᠠ ᠶᠢ ᠦᠬᠡᠯᠡᠳ ᠬᠡᠮᠡᠭᠰᠡᠨ ᠨᠡᠷ᠎ᠠ ᠮᠦᠨ ᠭᠡᠵᠤ ᠰᠡᠷᠬᠦᠭᠡᠨ ᠤᠩᠰᠢᠪᠠ᠃ ᠦᠬᠡᠷ᠎ᠠ ᠨᠢᠬᠡᠨ ᠠᠢᠮᠠᠭ ᠤᠨ ᠨᠡᠷ᠎ᠠ ᠪᠢ ᠯᠠ  弊剌bì là ᠪᠤᠶᠤ ᠪᠢ ᠯᠢ ᠯᠠ  弊  利  剌bì lì là ᠂ ᠲᠠᠭᠤᠳᠠᠯᠭ᠎ᠠ ᠶᠢ ᠨᠢ ︽说文解字︾ ᠳ᠋ᠦ᠄ ︖ là | 盧達切᠂ 闽南话 ᠳ᠋ᠦ be5 lat8᠂ 客家话 ᠳ᠋ᠦ bi4 ? ᠬᠡᠳᠡᠭ ᠪᠠᠢᠨ᠎ᠠ᠂ ᠡᠬᠦᠨ ᠢ ᠮᠤᠩᠭᠤᠯ ᠬᠡᠯᠡᠨ᠎ᠡ ᠬᠠᠷᠭᠤᠭᠠᠯᠵᠤ ᠦᠵᠡᠭᠡᠳ᠂ ᠪᠤᠷᠢᠶᠠᠳ ᠬᠡᠮᠡᠭᠰᠡᠨ ᠦᠬᠡ ᠪᠤᠶᠤ ᠪᠤᠷᠢᠶᠠᠳ ᠬᠡᠮᠡᠭᠰᠡᠨ ᠦᠬᠡᠨ ‍ᠣ ᠡᠷᠲᠡᠨ ‍ᠣ ᠬᠡᠯᠪᠡᠷᠢ ᠬᠡᠵᠤ ᠪᠢᠳ᠋ᠨ ᠦᠵᠡᠭᠰᠡᠨ ᠪᠤᠯᠤᠨ᠎ᠠ᠂ ᠳᠡᠭᠡᠷᠡᠬᠢ ᠬᠤᠶᠠᠷ ᠠᠢᠮᠠᠭ ᠤᠨ ᠨᠡᠷ᠎ᠠ ᠶᠢ ᠢᠩᠬᠢᠵᠤ ᠰᠡᠷᠬᠦᠭᠡᠨ ᠤᠩᠰᠢᠭᠰᠠᠨ ᠢᠶᠠᠷ ᠪᠦᠧᠧ ᠮᠠ ᠪᠤᠶᠤ ᠠᠯᠠᠭ ᠠᠳᠤᠭᠤ ᠭᠡᠬᠦ᠂ ᠾᠧ ᠯᠠ ᠪᠤᠶᠤ ᠠᠯᠠᠭ ᠠᠳᠤᠭᠤ ᠬᠡᠮᠡᠭᠰᠡᠨ ᠲᠦᠭᠡᠷᠡᠭᠳᠡᠭᠰᠡᠨ ᠠᠰᠠᠭᠤᠳᠠᠯ ᠪᠦᠷᠢᠨ ᠰᠢᠢᠳᠦᠭᠳᠦᠵᠦ ᠪᠠᠢᠨ᠎ᠠ᠃             
    驳马国 ᠨᠢ ᠤᠳᠬ᠎ᠠ ᠲᠤᠳᠤᠷᠬᠠᠢ ᠦᠬᠡᠢ ᠭᠠᠯᠢᠭᠴᠢᠯᠠᠨ ᠪᠠᠭᠤᠯᠭᠠᠭᠰᠠᠨ ᠦᠬᠡ᠂ ᠡᠮᠦᠨ᠎ᠠ ᠮᠠᠨᠢ ᠳᠡᠯᠭᠡᠰᠦᠭᠡᠲᠡᠢ ᠲᠡᠥᠬᠡᠨ ᠰᠤᠷᠪᠤᠯᠵᠢ ᠶᠢᠨ ᠬᠠᠭᠤᠳᠠᠰᠤ ᠠᠴᠠ ᠦᠵᠠᠪᠠᠰᠤ᠂ ᠪᠦᠧᠧ ᠮᠠ ᠤᠯᠤᠰ ᠭᠡᠵᠤ ᠡᠷᠲᠡᠨ ‍ᠣ ᠤᠢᠷᠠᠳ ᠤᠨ ᠪᠠᠢᠭᠤᠯᠤᠭᠰᠠᠨ ᠤᠯᠤᠰ ᠪᠤᠯᠬᠤ ᠨᠢ ᠲᠤᠳᠤᠷᠬᠠᠢ ᠠᠵᠠᠢ᠌᠃ ᠮᠦᠨ ᠰᠤᠨᠢᠷᠬᠠᠯᠲᠠᠢ ᠨᠢ ᠵᠦᠪᠬᠢᠨ ᠤᠢᠷᠠᠳ ᠬᠡᠮᠡᠬᠦ ᠠᠷᠠᠳ ᠲᠦᠮᠡᠨ ‍ᠣ ᠲᠤᠮᠳ᠋ᠨ ᠵᠤᠬᠢᠶᠠᠭᠳᠠᠵᠤ ᠤᠯᠠᠮᠵᠢᠯᠠᠭᠳᠠᠭᠰᠠᠨ ᠭᠡᠬᠦ︽ᠵᠠᠩᠭᠠᠷ︾ᠬᠡᠮᠡᠬᠦ ᠠᠭᠤᠤ ᠲᠤᠤᠯᠢ ᠳᠤ ᠪᠤᠮᠪᠠ ᠶᠢᠨ ᠤᠷᠤᠨ ᠭᠡᠵᠤ ᠭᠠᠷᠤᠨ᠎ᠠ᠂ ᠲᠤᠤᠯᠢ ᠶᠢᠨ ᠪᠠᠭᠠᠲᠤᠷᠴᠤᠳ ᠤᠨ ᠠᠳᠬᠤ ᠶᠠᠰᠤ᠂ ᠪᠠᠯᠭᠤ ᠴᠢᠰᠦ ᠪᠡᠷ ᠢᠶᠡᠨ ᠬᠠᠷᠠᠰᠴᠤ ᠬᠠᠮᠠᠭᠠᠯᠠᠨ᠎ᠠ ᠭᠡᠰᠡᠨ ᠵᠦᠢᠯ ᠨᠢ ᠪᠤᠮᠪᠠ ᠶᠢᠨ ᠤᠷᠤᠨ ᠪᠦᠭᠡᠳ᠂ ᠲᠡᠳᠡᠨᠦᠰ ᠦᠨ ᠤᠷᠠᠨ ᠦᠬᠡᠰ ᠢᠶᠡᠷ ᠤᠷᠭᠤᠭᠤᠯᠵᠤ ᠬᠡᠯᠬᠢᠭᠰᠡᠨ ᠦᠷᠦ ᠵᠢᠷᠦᠬᠡᠨ ‍ᠣ ᠬᠢᠨᠢ ᠮᠠᠭᠲᠠᠭᠠᠯ ᠤᠨ ᠡᠵᠡᠨ ᠪᠤᠯᠪᠠᠰᠤ ᠪᠤᠮᠪᠠ ᠶᠢᠨ ᠤᠷᠤᠨ᠂ ᠠᠵᠠ ᠵᠢᠷᠭᠠᠯ ᠮᠢᠨᠢ ᠬᠡᠮᠡᠨ ᠠᠮᠢᠨᠴᠢᠯᠠᠨ᠂ ᠠᠲᠠᠭᠠᠲᠠᠨ ᠳᠠᠢᠰᠦᠨ ᠠᠴᠠ ᠬᠠᠷᠠᠮᠨᠠᠭᠰᠠᠨ ᠠᠷᠢᠭᠤᠨ ᠲᠠᠭᠱᠢᠨ ᠭᠠᠵᠠᠷ ᠨᠢ ᠪᠤᠮᠪᠠ ᠶᠢᠨ ᠤᠷᠤᠨ ᠪᠤᠯᠬᠤ ᠠᠵᠠᠢ᠃ ᠲᠡᠭᠡᠬᠦ ᠳᠡᠬᠡᠨ ᠭᠠᠭᠴᠠᠬᠠᠨ ᠪᠤᠮᠪᠠ ᠭᠡᠳᠡᠭ ᠦᠬᠡᠨ ‍ᠣ ᠤᠳᠬ᠎ᠠ ᠶᠢ ᠴᠤ ᠲᠤᠳᠤᠷᠠᠭᠤᠯᠵᠤ ᠴᠢᠳᠠᠭᠠᠳ ᠦᠬᠡᠢ ᠦᠨᠦ ᠶᠢᠨ ᠰᠤᠳᠤᠯᠭᠠᠨ ‍ᠣ ᠲᠦᠪᠰᠢᠨ ᠳᠦ᠂ ᠪᠤᠮᠪᠠ ᠶᠢᠨ ᠤᠷᠤᠨ ‍ᠣ ᠲᠤᠬᠠᠢ ᠰᠤᠳᠤᠯᠭ᠎ᠠ ᠰᠠᠶ᠋ᠢ ᠡᠬᠢᠯᠡᠵᠤ ᠪᠠᠢᠭ᠎ᠠ ᠪᠤᠯᠪᠠ ᠦᠦ ᠬᠡᠮᠡᠨ ᠪᠤᠳᠤᠭᠳᠠᠨ᠎ᠠ᠃ ᠲᠡᠥᠬᠡᠨ ᠰᠤᠷᠪᠤᠯᠵᠢ ᠳᠠᠬᠢ ᠪᠦᠧᠧ ᠮᠠ ᠤᠯᠤᠰ ᠪᠤᠯᠤᠨ ᠲᠤᠤᠯᠢ ᠳᠠᠬᠢ ᠪᠤᠮᠪᠠ ᠶᠢᠨ ᠤᠷᠤᠨ᠂ ᠤᠢᠷᠠᠳ ᠭᠡᠬᠦ ᠨᠡᠷ᠎ᠠ ᠳᠡᠭᠡᠷ᠎ᠠ ᠬᠤᠯᠪᠤᠭᠳᠠᠭᠠᠳ ᠲᠤᠳᠤᠷᠠᠵᠤ ᠬᠠᠷᠠᠭᠳᠠᠬᠤ ᠨᠢ ᠪᠡᠯᠡᠨ ᠬᠠᠷᠢᠭᠤᠯᠳ᠋ᠨ ᠪᠤᠯᠬᠤ ᠮᠡᠲᠤ᠂ 驳马国᠂曷剌国 ᠬᠡᠮᠡᠨ᠂ ᠤᠳᠤ ᠠᠴᠠ ᠨᠢᠬᠡᠨ ᠮᠢᠩᠭᠠᠨ ᠳᠦᠷᠪᠠᠨ ᠵᠠᠭᠤᠨ ᠵᠢᠯ ᠦᠨ ᠡᠮᠦᠨ᠎ᠠ ᠪᠤᠶᠤ ᠰᠦᠢ᠂ ᠲᠠᠩ ᠤᠯᠤᠰ ᠤᠨ ᠦᠶ᠎ᠡ᠂ ᠬᠢᠲᠠᠳ ᠤᠨ ᠳᠦᠷᠪᠠᠯᠵᠢᠨ ᠦᠰᠦᠭ ᠪᠠᠷ ᠤᠷᠤᠢ ᠰᠠᠭᠤᠷᠢ ᠶᠢ ᠨᠢ ᠦᠨᠴᠦᠭ ᠪᠤᠯᠤᠩ ᠲᠠᠢ ᠨᠢ ᠭᠠᠷᠭᠠᠨ ᠲᠡᠮᠳᠡᠭᠯᠡᠭᠰᠡᠨ ᠨᠢ ᠨᠢᠬᠡᠨ ᠶᠤᠰᠤᠨ ᠳᠠᠭᠠᠨ ᠭᠠᠢᠬᠠᠯᠲᠠᠢ᠃           
    ᠬᠤᠷᠢᠶᠠᠩᠭᠤᠢᠯᠠᠨ ᠳ᠋ᠦᠩᠨᠡᠵᠤ ᠦᠵᠡᠪᠡᠯ᠂ ᠡᠷᠲᠡᠨ ‍ᠣ ᠬᠢᠲᠠᠳ ᠲᠡᠥᠬᠡᠨ ᠰᠤᠷᠪᠤᠯᠵᠢ ᠳᠤ ᠭᠠᠷᠴᠤ ᠪᠤᠢ ᠠᠢᠮᠠᠭ ᠤᠨ ᠨᠡᠷ᠎ᠠ᠂ ᠲᠡᠬᠦᠨ ᠢ ᠲᠡᠮᠳᠡᠭᠯᠡᠭᠰᠡᠨ ᠡᠷᠲᠡᠨ ‍ᠣ ᠬᠢᠲᠠᠳ ᠦᠰᠦᠭ ᠦᠨ ᠲᠠᠭᠤᠳᠠᠯᠭ᠎ᠠ ᠶᠢ ᠦᠨᠳᠦᠰᠦᠯᠡᠨ᠂ ᠪᠤᠷᠢᠶᠠᠳ᠂ ᠦᠬᠡᠯᠡᠳ᠂ ᠤᠢᠷᠠᠳ ᠬᠡᠮᠡᠨ ᠰᠡᠷᠬᠦᠭᠡᠬᠦ ᠳᠦ᠂ ᠠᠩᠬᠠᠨ ‍ᠣ ᠭᠡᠬᠦ ᠤᠢᠷᠠᠳ ᠤᠨ ᠬᠤᠯᠪᠤᠭ᠎ᠠ᠂ ᠲᠡᠳᠡᠭᠡᠷ ᠦᠨ ᠪᠤᠷᠢᠯᠳᠦᠬᠦᠨ ᠳᠤ ᠪᠠᠭᠲᠠᠬᠤ ᠠᠢᠮᠠᠭ ᠤᠨ ᠨᠡᠷ᠎ᠠ᠂ ᠤᠢᠷᠠᠳ ᠤᠨ ᠬᠤᠯᠪᠤᠭ᠎ᠠ ᠪᠠᠢᠭᠤᠯᠤᠭᠳᠠᠭᠰᠠᠨ ᠴᠠᠭ ᠦᠶ᠎ᠡ  ᠶᠢ ᠲᠤᠳᠤᠷᠠᠭᠤᠯᠬᠤ ᠪᠤᠯᠤᠮᠵᠢ ᠭᠠᠷᠴᠤ ᠪᠠᠢᠨ᠎ᠠ᠃    
   ᠲᠤᠳᠤᠷᠠᠭᠤᠯᠤᠨ ᠬᠡᠯᠡᠪᠡᠯ᠂︽ᠮᠤᠩᠭᠤᠯ ᠤᠨ ᠨᠢᠭᠤᠴᠨ ᠲᠤᠪᠴᠢᠶᠠᠨ︾︵1241ᠤᠨ ᠳᠦ ᠪᠢᠴᠢᠭᠳᠡᠭᠰᠡᠨ︶ ᠠᠩᠬ᠎ᠠ ᠤᠳᠠᠭ᠎ᠠ︽ᠤᠢᠷᠠᠳ︾ᠭᠡᠰᠡᠨ ᠨᠡᠷ᠎ᠠ ᠲᠡᠮᠳᠡᠭᠯᠡᠭᠳᠡᠵᠡᠢ᠂ ᠬᠢᠲᠠᠳ ᠰᠤᠷᠪᠤᠯᠵᠢ ᠠᠴᠠ ᠬᠠᠷᠠᠬᠤ ᠳᠤ︽ᠰᠦᠢ ᠤᠯᠤᠰ ᠤᠨ ᠦᠶ᠎ᠡ᠂ ᠡᠨᠡ ᠤᠯᠤᠰ ᠤᠨ ᠲᠤᠬᠠᠢ ᠲᠤᠭᠤᠯᠠᠭᠰᠠᠨ ︾ᠭᠡᠬᠦ ᠪᠤᠶᠤ  ᠲᠦᠩ ᠳ᠋ᠢᠶᠠᠨ ᠪᠢᠴᠢᠭ ᠂  ᠬᠠᠭᠤᠴᠢᠨ ᠲᠠᠩ ᠤᠯᠤᠰ ᠤᠨ ᠪᠢᠴᠢᠭ ᠂  ᠰᠢᠨ᠎ᠠ ᠲᠠᠩ ᠤᠯᠤᠰ ᠤᠨ ᠪᠢᠴᠢᠭ  ᠳᠤ 曷剌(ᠤᠢᠷᠠᠳ)ᠭᠡᠵᠤ᠂ ᠬᠢᠲᠠᠳ ᠦᠰᠦᠭ ᠢᠶᠡᠷ ᠠᠩᠬ᠎ᠠ ᠲᠡᠮᠳᠡᠭᠯᠡᠭᠳᠡᠭᠰᠡᠨ ᠨᠢ ᠴᠠᠭ ᠬᠤᠭᠤᠴᠠᠭᠠᠨ ‍ᠣ ᠬᠤᠪᠢ ᠳᠤ᠂︽ᠮᠤᠩᠭᠤᠯ ᠤᠨ ᠨᠢᠭᠤᠴᠨ ᠲᠤᠪᠴᠢᠶᠠᠨ︾ᠡᠴᠡ 600 ᠵᠢᠯ ᠢᠶᠡᠷ ᠤᠷᠤᠭᠰᠢᠯᠠᠵᠤ ᠪᠠᠢᠨ᠎ᠠ᠃              
ᠵᠡᠬᠦᠯᠳ᠋ᠨ᠄              
1.《山海经.西山經 》              
2.《山海经.北山經 》              
3.新唐書.卷二百一十七下.回鶻下(P.6146)..[底本:北宋嘉祐十四行本]               
︵ ᠵᠤᠬᠢᠶᠠᠭᠴᠢ ᠶᠢᠨ ᠵᠦᠪᠰᠢᠶᠡᠷᠡᠯ ᠦᠭᠡᠢ ᠬᠡᠷᠡᠭᠯᠡᠬᠦ ᠶᠢ ᠬᠤᠷᠢᠭᠯᠠᠨ᠎ᠠ︶



  
     
     