-
26961
ᠪᠤᠷᠤᠭᠠᠨ ᠠᠶᠢᠰᠤᠢ
2018-01-22 19:55
284
0
ᠪᠤᠷᠤᠭᠠᠨ ᠠᠶᠢᠰᠤᠢ
ᠮᠦᠬᠦᠨ ᠴᠠᠭᠠᠨ ᠭᠡᠷ ᠦᠨ ᠮᠢᠨᠢ
ᠰᠢᠷᠳᠡᠭ ᠲᠤᠤᠭᠤᠷ ᠲᠤᠨᠤᠳᠠᠯᠠ
ᠮᠦᠮᠦ ᠶᠢᠨ ᠤᠶᠤᠭᠰᠠᠨ
ᠢᠰᠡᠭᠡᠢ ᠪᠦᠷᠢᠶᠡᠰᠦ ᠡᠴᠡ
ᠤᠰᠤ ᠲᠤᠰᠤᠯᠳᠠᠯᠠ
ᠪᠤᠷᠤᠭᠠᠨ ᠤᠷᠤᠨ᠎ᠠ
ᠨᠤᠲᠤᠭ ᠲᠤ ᠪᠦᠯᠢ ᠨᠡᠮᠡᠬᠦ ᠰᠢᠨ᠎ᠡ ᠬᠤᠤᠰ ᠤᠨ
ᠳᠡᠷᠡ ᠨᠢᠭᠡᠳᠭᠡᠬᠦ ᠠᠩᠬᠠᠨ ᠤ ᠠᠨᠢᠷ ᠢᠶᠠᠷ
ᠲᠡᠯᠡᠬᠡᠢ ᠳ᠋ᠤ ᠲᠠᠭᠤ ᠪᠠᠨ ᠲᠠᠨᠢᠭᠳᠠᠬᠤ
ᠨᠢᠯᠬ᠎ᠠ ᠦᠷ᠎ᠡ ᠶᠢᠨ ᠤᠤᠭᠠᠨ ᠠᠮᠢᠰᠬᠤᠭ᠎ᠠ ᠲᠠᠢ
ᠪᠤᠷᠤᠭᠠᠨ ᠠᠶᠢᠰᠤᠢ
ᠰᠠ ᠮᠦᠩᠭᠦᠨ ᠬᠡᠷᠦᠯᠦᠨ ᠦ ᠤᠷᠤᠰᠬᠠᠯ
ᠰᠠᠨᠰᠠᠷ ᠤᠨ ᠡᠬᠦᠯᠡᠰ ᠲᠠᠢ ᠵᠤᠯᠭᠠᠯᠳᠤᠵᠤ
ᠪᠤᠶᠢᠷ ᠬᠦᠯᠦᠨ ᠦ ᠠᠭᠤᠷᠰᠢᠯᠳᠠ
ᠲᠡᠭᠷᠢ ᠯᠤᠤᠰ ᠲᠠᠢ ᠠᠭᠤᠯᠵᠠᠯᠳᠤᠬᠤ ᠬᠤᠷᠤᠮ
ᠪᠤᠷᠤᠭᠠᠨ ᠠᠶᠢᠰᠤᠢ
ᠬᠤᠨ ᠰᠢᠪᠠᠭᠤᠨ ᠤ ᠵᠢᠭᠦᠷ
ᠬᠤᠷᠮᠤᠰᠳᠠ ᠶᠢᠨ ᠬᠤᠷ᠎ᠠ ᠡᠪᠬᠡᠨ
ᠬᠤᠶᠠᠷᠳᠠ ᠤᠷᠤᠰᠢᠬᠤ ᠦᠬᠡᠷ ᠰᠤᠪᠢᠩ
ᠬᠤᠷᠠᠵᠤ ᠴᠤᠭᠯᠠᠷᠠᠬᠤ ᠶᠢᠨ ᠢᠯᠳᠠᠮ
ᠪᠤᠷᠤᠭᠠᠨ ᠠᠶᠢᠰᠤᠢ
ᠪᠤᠭᠤᠷᠤᠯ ᠲᠡᠤᠭᠡ ᠶᠢᠨ ᠰᠤᠳᠤᠷ ᠤᠷᠪᠠᠭᠤᠯᠵᠤ
ᠪᠤᠶᠠᠨᠳᠤ ᠦᠢᠯᠡ ᠶᠢᠨ ᠮᠠᠨᠢ ᠢᠮᠢᠷᠡᠨ
ᠪᠣᠭᠳᠠ ᠠᠭᠤᠯᠠ ᠶᠢᠨ ᠬᠡᠰᠢᠠᠠ᠋ ᠢᠪᠡᠭᠡᠵᠦ
ᠪᠤᠷᠤᠭᠠᠨ ᠠᠶᠢᠰᠤᠢ
ᠬᠥᠬᠡ ᠲᠤᠯᠪᠤᠳᠤ ᠬᠦᠮᠦᠰ ᠦᠨ
ᠬᠦᠮᠦᠨᠴᠢ ᠠᠷᠠᠨᠰᠢᠨ ᠨᠢᠭᠡᠳᠴᠦ
ᠬᠦᠯᠦᠭ ᠤᠨ ᠲᠤᠭᠤᠷᠠᠢ ᠲᠠᠵᠢᠭᠢᠨᠠᠭᠤᠯᠤᠨ
ᠬᠦᠢᠲᠡᠨ ᠪᠤᠷᠤᠭᠠᠨ ᠠᠶᠢᠰᠤᠢ
ᠲᠤᠭᠤᠯ
ᠰᠠᠭᠤᠯᠠᠭ᠎ᠠ ᠦᠨᠦᠷᠯᠡᠬᠦ ᠦᠬᠡᠢ
ᠬᠤᠨᠢ
ᠬᠤᠳᠳᠤᠭ ᠪᠠᠷᠠᠭᠠᠳᠠᠮᠠᠷ ᠦᠬᠡᠢ
ᠪᠤᠷᠤᠭᠠᠨ ᠤᠷᠤᠨ᠎ᠠ
ᠨᠤᠶᠢᠷᠮᠤᠭ ᠲᠠᠭ᠎ᠠ
ᠴᠤᠪᠬᠤᠴᠠᠨ ᠢᠨᠴᠠᠭᠠᠵᠤ
ᠪᠤᠷᠤᠭᠠᠨ ᠳ᠋ᠤ ᠭᠦᠭᠡᠯᠡᠷᠡᠨᠡ
ᠨᠢᠰᠤᠩᠬᠠᠢ ᠵᠢᠭᠠᠯ ᠤᠳ
ᠪᠤᠷᠤᠭᠠᠨ ᠢᠶᠠᠷ ᠱᠠᠯᠳᠠᠩ ᠭᠦᠶᠦᠵᠦ
ᠪᠡᠶ᠎ᠡ ᠪᠠᠨ ᠤᠬᠢᠶᠠᠨ᠎ᠠ
ᠬᠤᠯᠠ ᠶᠢᠨ ᠨᠡᠬᠦᠳᠡᠯ ᠬᠦᠳᠦᠯᠵᠦ
ᠡᠵᠢ ᠮᠢᠨᠢ ᠪᠤᠷᠤᠭᠠᠨ ᠳ᠋ᠤ
ᠨᠡᠪᠲᠡ ᠨᠤᠷᠤᠨᠠ ᠁