-
2142353
ᠮᠤᠩᠭᠤᠯ ᠨᠤᠳᠤᠭ ᠤᠨ ᠵᠢᠭᠤᠯᠴᠢᠯᠠᠯ ᠭᠡᠵᠦ ᠡᠬᠡ ᠪᠠᠶᠢᠭᠠᠯᠢ ᠯᠤᠭ᠎ᠠ ᠶᠢᠨ ᠡᠨᠡᠭᠰᠢᠯ ᠪᠤᠶᠤ
2019-11-17 17:43
335
0
、
ᠬᠦᠭᠡᠮᠳᠦᠭ ᠨᠤᠭᠤᠭᠠᠨ ᠠᠭᠤᠯᠠ ᠤᠰᠤ ᠪᠤᠯ ᠳᠠᠷᠤᠢ ᠠᠯᠳᠠ ᠮᠦᠩᠭᠦᠨ ᠠᠭᠤᠯᠠ ᠮᠦᠨ︾ ᠭᠡᠳᠡᠭ ᠢ ᠨᠤᠳᠤᠭ ᠤᠰᠤ ᠪᠠᠨ ᠬᠠᠮᠠᠭᠠᠯᠠᠵᠤ᠂ ᠮᠠᠯ ᠤᠨ ᠬᠦᠯ ᠬᠤᠷᠢᠵᠤ᠂ ᠠᠨᠵᠢᠰᠤᠨ ᠤ ᠬᠤᠰᠢᠭᠤ ᠶᠢ ᠬᠠᠰᠢᠭᠠᠳ ᠠᠭᠤᠯᠠ ᠨᠢ ᠬᠦᠭᠡᠮᠳᠦᠭ᠂ ᠳᠠᠯ᠎ᠠ ᠨᠢ ᠴᠡᠯᠡᠭᠡᠷ᠂ ᠤᠰᠤ ᠨᠢ ᠳᠤᠩᠭᠠᠯᠠᠭ ᠪᠤᠯᠴᠢᠬᠠᠪᠠᠯ ᠵᠢᠭᠤᠯᠴᠢᠯᠠᠯ ᠤᠨ ᠦᠢᠯᠡᠰ ᠢ ᠬᠦᠭᠵᠢᠭᠦᠯᠵᠦ ᠪᠤᠵᠠᠭᠠᠢᠢᠷᠠᠭᠤᠯᠵᠤ ︽ᠠᠯᠳᠠ ᠮᠦᠩᠭᠦ︾ ᠤᠨᠠᠭᠠᠵᠤ ᠪᠤᠯᠤᠨ᠎ᠠ ᠭᠡᠵᠦ ᠤᠢᠢᠯᠠᠭᠠᠵᠤ ᠪᠤᠯᠬᠤ ᠪᠤᠯᠪᠠᠤ᠃
ᠵᠠᠯᠠᠶᠢᠳ ᠨᠤᠳᠤᠭ ᠪᠤᠯ ᠦᠨᠡᠭᠡᠷ ᠠᠭᠤᠯᠠ ᠨᠢ ᠬᠦᠭᠡᠷᠡᠵᠦ᠂ ᠤᠰᠤ ᠨᠢ ᠳᠤᠨᠤᠯᠵᠠᠨ᠂ ᠳᠤᠰᠤ ᠳᠤᠰᠤᠯᠤᠮ᠎ᠠ ᠬᠠᠷ᠎ᠠ ᠬᠦᠷᠦᠰᠦ ᠲᠠᠢ᠂ ᠰᠢᠷᠭᠡᠭ ᠰᠢᠷᠦᠢ ᠬᠠᠷᠠᠭᠳᠠᠬᠤ ᠦᠭᠡᠢ ᠵᠦᠯᠭᠡᠯᠢᠭ ᠤᠷᠭᠤᠮᠠᠯ ᠤᠨ ᠪᠦᠷᠭᠦᠴᠠ ᠲᠠᠢ ᠬᠦᠬᠡᠮᠳᠦᠭ ᠨᠤᠭᠤᠭᠠᠨ ᠠᠭᠤᠯᠠ ᠤᠰᠤᠨ ᠪᠢᠯᠡ ᠡ᠃ ᠬᠤᠪᠢᠰᠬᠠᠯ ᠤᠨ ᠤᠯᠠᠭᠠᠨ ᠭᠤᠯᠤᠮᠳᠠ ᠪᠤᠯᠤᠬᠰᠠᠨ ᠡᠨᠡ ᠨᠤᠳᠤᠭ ᠨᠢ ᠳᠠᠷᠢᠶᠠᠯᠠᠬᠤ ᠬᠦᠮᠦᠨ ᠠᠮᠠ ᠤᠯᠠᠨ ᠪᠠᠶᠢᠳᠠᠭ᠂ ᠪᠠᠰᠠ ᠠᠮᠤ ᠪᠤᠳᠠᠭ᠎ᠠ ᠪᠠᠷ ᠦᠪᠡᠷ ᠢ ᠪᠠᠨ ᠬᠠᠩᠭᠠᠬᠤ᠂ ᠳᠠᠷᠢᠶᠠᠯᠠᠬᠤ ᠤᠷᠤᠨ ᠤ ᠬᠦᠮᠦᠨ ᠠᠮᠠ ᠶᠢᠨ ᠰᠢᠯᠵᠢᠯᠳᠡ ᠶᠢ ᠬᠦᠯᠢᠶᠡᠰᠦᠯᠡᠭᠰᠡᠨ ᠭᠡᠬᠦ ᠮᠡᠳᠦ ᠶᠢᠨ ᠤᠯᠡᠨ ᠰᠢᠯᠳᠠᠭᠠᠨ ᠠᠴᠠ ᠪᠤᠯᠵᠤ ︽ᠶᠠᠳᠠᠭᠤ ᠤᠷᠤᠨ︾ ᠪᠤᠯᠵᠠᠢ ᠭᠡᠵᠦ ᠬᠡᠯᠡᠬᠦ ᠳᠤ ᠢᠯᠡᠭᠦᠳᠡᠬᠦ ᠦᠭᠡᠢ᠃
ᠤᠳᠤ ᠶᠢᠨ ᠪᠠᠶᠢᠳᠠᠯ ᠠᠴᠠ ᠦᠵᠡᠬᠦ ᠳᠤ᠂ ᠳᠠᠷᠢᠶ᠎ᠠ ᠨᠢ ᠪᠠᠷᠤᠭ ᠪᠦᠷ ᠳᠤᠮᠤ ᠡᠷᠦᠭᠡ᠂ ᠳᠠᠷᠢᠶᠠᠯᠠᠩ ᠤᠨ ᠳᠤᠰᠬᠠᠢ ᠬᠤᠷᠰᠢᠶ᠎ᠠ ᠳᠤ ᠳᠦᠪᠯᠡᠷᠡᠵᠦ᠂ ᠮᠠᠯ ᠢ ᠬᠠᠰᠢᠶᠠᠯᠠᠨ ᠪᠤᠷᠳᠤᠨ ᠳᠠᠷᠭᠤᠯᠠᠭᠤᠯᠬᠤ ︽ᠬᠤᠷᠰᠢᠶ᠎ᠠ᠂ ᠺᠤᠮᠫᠠᠨᠢ + ᠳᠠᠷᠢᠶᠠᠴᠢᠨ ᠡᠷᠦᠭᠡ︾ ᠶᠢᠨ ᠦᠢᠯᠡᠳᠪᠦᠷᠢᠯᠡᠯ ᠤᠨ ᠬᠡᠯᠪᠡᠷᠢ ᠵᠠᠢ ᠠᠪᠴᠤ ᠡᠭᠢᠯᠡᠭᠰᠡᠨ ᠪᠠᠶᠢᠨ᠎ᠠ᠃ ᠡᠨᠡ ᠨᠢ ᠠᠪᠤᠨ ᠦᠵᠡᠬᠦ ᠳᠤ ᠬᠦᠭᠵᠢᠯᠳᠡ ᠶᠢᠨ ᠤᠨᠢ ᠶᠢ ᠤᠯᠤᠭᠰᠠᠨ ᠰᠢᠬ ᠪᠠᠶᠢᠭ᠎ᠠ ᠪᠤᠯᠪᠠᠴᠤ᠂ ᠮᠦᠨ ᠯᠡ ᠨᠢᠭᠡ ᠰᠢᠯᠵᠢᠯᠳᠡ ᠶᠢᠨ ᠶᠠᠪᠤᠴᠠ ᠭᠡᠳᠡᠭ ᠢ ᠤᠯᠵᠤ ᠬᠠᠷᠠᠬᠤ ᠭᠡᠷᠡᠭᠳᠡᠢ ᠪᠠᠶᠢᠭ᠎ᠠ ᠶᠤᠮ᠃ ᠳᠠᠷᠢᠶᠠᠯᠠᠩ ᠨᠢ ᠡᠷᠭᠡᠪᠰᠢ ᠳᠤᠮᠤ ᠳᠠᠷᠢᠶᠠᠯᠠᠩ ᠪᠤᠯᠵᠤ ᠬᠦᠭᠵᠢᠬᠦ ᠤᠴᠢᠷ ᠲᠠᠢ ᠪᠤᠯᠪᠠᠤ᠃ ᠳᠡᠭᠡᠪᠡᠯ ᠰᠠᠶ᠋ᠢ ᠵᠢᠵᠢᠭ ᠳᠠᠷᠢᠶᠠᠯᠠᠩ ᠳᠤᠮᠤ ᠪᠤᠬᠢᠷᠳᠤᠯ ᠤᠨ ᠠᠶᠤᠯ ᠠᠴᠠ ᠮᠤᠯᠳᠤᠷᠠᠵᠤ ᠳᠡᠶᠢᠯᠦᠨ᠎ᠠ᠃ ᠳᠠᠷᠢᠶᠠᠯᠠᠩ ᠤᠨ ᠬᠢᠮᠢ ᠶᠢᠨ ᠪᠤᠷᠳᠤᠭᠤᠷ᠂ ᠳᠠᠷᠢᠶᠠᠨ ᠡᠮ ᠤᠨ ᠭᠡᠷᠡᠭᠯᠡᠯᠳᠡ ᠨᠢᠭᠡᠳᠦᠯ ᠦᠭᠡᠢ᠂ ᠳᠡᠭᠡᠭᠡᠳ ᠡᠳᠡᠭᠡᠷ ᠤᠨ ᠬᠦᠷᠦᠰᠦ᠂ ᠤᠷᠤᠰᠬᠠᠯ ᠤᠰᠤᠨ ᠤ ᠪᠤᠬᠢᠷᠳᠤᠯ ᠡᠭᠦᠰᠭᠡᠬᠦ ᠶᠢ ᠬᠤᠷᠢᠬᠯᠠᠬᠤ ᠳᠤ ᠶᠡᠭᠡ ᠪᠡᠯᠡ ᠭᠡᠷᠡᠭᠰᠡᠭᠦ ᠭᠡᠬᠦ ᠮᠡᠳᠦ ᠶᠢᠨ ᠰᠢᠯᠳᠠᠭᠠᠨ ᠪᠤᠯᠵᠤ ᠭᠠᠴᠠᠭ᠎ᠠ ᠳᠤᠰᠬᠤᠨ ᠢᠶᠠᠷ ᠨᠢᠭᠡᠴᠢᠯᠡᠭᠰᠡᠨ ᠴᠤ᠂ ᠰᠤᠮᠤ ᠪᠠᠯᠭᠠᠰᠤ ᠪᠠᠷ ᠨᠢᠭᠡᠴᠢᠯᠡᠭᠰᠡᠨ ᠴᠤ ᠲᠡᠷᠡ ᠪᠤᠬᠢᠷᠳᠤᠯ ᠢ ᠪᠠᠭᠠᠰᠬᠠᠬᠤ ᠳᠤ ᠬᠦᠴᠦᠨ ᠮᠡᠭᠦᠰᠳᠡᠬᠦ᠂ ᠨᠡᠩ ᠴᠤ ᠤᠮᠳᠤᠭᠠᠢᠢᠯᠠᠬᠤ ᠶᠠᠪᠤᠳᠠᠯ ᠭᠠᠷᠬᠤ ᠶᠢ ᠪᠠᠶᠢᠬ ᠭᠡᠬᠦ ᠶᠢᠨ ᠠᠷᠭ᠎ᠠ ᠦᠭᠡᠢ᠃
ᠵᠢᠭᠤᠯᠴᠢᠯᠠᠯ ᠤᠨ ᠠᠵᠤ ᠦᠢᠯᠡᠰ ᠭᠡᠵᠦ ᠪᠤᠭᠢᠷᠳᠤᠯ ᠦᠭᠡᠢ ᠠᠵᠤ ᠦᠢᠯᠡᠰ ᠪᠠᠶᠢᠬᠤ ᠶᠤᠰᠤᠳᠠᠢ᠃ ᠭᠡᠪᠡᠴᠤ ᠤᠳᠤᠬᠠᠨ ᠳᠤ ᠬᠦᠳᠡᠭᠡ ᠭᠠᠷᠤᠭᠠᠳ ᠮᠤᠩᠭᠤᠯ ᠭᠡᠷ ᠲᠤ ᠰᠠᠭᠤᠵᠤ᠂ ᠬᠠᠶᠠᠭ᠎ᠠ ᠶᠢ ᠨᠢ ᠰᠡᠭᠦᠴᠢᠭᠡᠭᠡᠳ᠂ ᠰᠡᠷᠢᠭᠦᠨ ᠰᠠᠯᠬᠢ ᠪᠠᠷ ᠢᠯᠪᠢᠭᠦᠯᠵᠦ᠂ ᠴᠡᠩᠭᠡᠭ ᠠᠭᠠᠷ ᠠᠮᠢᠰᠬᠤᠯᠯᠠᠨ᠂ ᠨᠤᠮ ᠤᠩᠰᠢᠵᠤ᠂ ᠦᠷᠯᠦᠭᠡ ᠦᠳᠡᠰᠢ ᠶᠢᠨ ᠰᠡᠷᠢᠭᠦᠨ ᠳᠤ ᠠᠭᠤᠯᠠ ᠠᠪᠠᠷᠢᠵᠤ᠂ ᠵᠦᠯᠭᠡ ᠭᠢᠰᠭᠢᠯᠡᠨ ᠰᠡᠯᠡᠭᠦᠴᠡᠵᠦ ᠪᠠᠶᠢᠭ᠎ᠠ ᠬᠦᠮᠦᠨ ᠭᠡᠳᠦ ᠪᠠᠶᠢᠭ᠎ᠠ ᠪᠢᠯᠡ ᠡ᠃ ᠮᠠᠨ ᠤ ᠦᠨᠦᠳᠦᠷ ᠤᠨ ᠵᠢᠭᠤᠯᠴᠢᠯᠠᠯ ᠮᠦᠨ ᠴᠢᠨᠠᠬᠰᠠᠨ ᠮᠢᠬ᠎ᠠ᠂ ᠮᠦᠩᠭᠦᠨ ᠠᠶᠠᠭ᠎ᠠ᠂ ᠮᠤᠷᠢᠨ ᠬᠤᠭᠤᠷ᠂ ︽ᠳᠠᠯ᠎ᠠ ᠨᠤᠳᠤᠭ ᠤᠨ ᠳᠠᠭᠤᠤ︾ ᠠᠴᠠ ᠪᠠᠨ ᠬᠤᠯᠠᠳᠠᠭ᠎ᠠ ᠦᠭᠡᠢ ︽ᠢᠳᠡᠵᠦ ᠤᠤᠭᠤᠬᠤ︾ ᠰᠤᠭᠳᠤᠭᠤᠷᠠᠵᠤ ᠳᠡᠮᠡᠶᠢᠷᠡᠬᠦ ᠵᠢᠭᠤᠯᠴᠢᠯᠠᠯ ᠯᠡ ᠳᠡᠳᠦᠢ ᠪᠠᠶᠢᠬᠰᠠᠭᠠᠷ᠃ ᠶᠠᠭᠠᠬᠢᠵᠤ ᠮᠠᠰᠢᠨ ᠲᠠᠢ ᠪᠠᠨ ᠳᠠᠯ᠎ᠠ ᠶᠢ ᠵᠦᠰᠦᠬᠦ ᠤᠤ᠂ ᠬᠠᠮᠢᠭ᠎ᠠ ᠨᠢ ᠤᠴᠢᠵᠤ ᠵᠤᠭᠤᠰ ᠢᠶᠠᠷ ᠪᠠᠷᠳᠠᠵᠤ ᠬᠤᠷᠢᠭ᠎ᠠ ᠲᠠᠢ ᠠᠮᠢᠳᠠᠨ ᠪᠠᠷᠢᠵᠤ ᠢᠳᠡᠬᠦ ᠤᠤ ᠭᠡᠳᠡᠭ ᠬᠦᠰᠡᠯ ᠪᠤᠳᠤᠯ ᠲᠠᠢ ᠬᠦᠮᠦᠨ ᠵᠦᠩᠳᠡᠭᠡᠨ᠃ ᠬᠠᠷᠢᠨ ᠨᠠᠷᠠ ᠰᠠᠯᠬᠢᠨ ᠳᠤ ᠶᠠᠪᠤᠵᠤ᠂ ᠰᠢᠨ᠎ᠠ ᠰᠤᠷᠭᠤᠭ ᠰᠦ ᠴᠠᠭᠠᠨ ᠢᠳᠡᠭᠡ ᠢᠳᠡᠵᠦ᠂ ᠬᠤᠳᠠ ᠶᠢᠨ ᠱᠤᠤᠭᠢᠶᠠᠨ᠂ ᠤᠳᠤᠭ᠎ᠠ ᠳᠤᠭᠤᠰᠤ᠂ ᠵᠤᠬᠢᠶᠠᠮᠠᠯ ᠭᠡᠷᠡᠯ ᠤᠨ ᠬᠢᠯᠠᠰᠤᠯ ᠠᠴᠠ ᠵᠠᠶᠢᠯᠠᠵᠤ ᠪᠡᠶ᠎ᠡ ᠰᠡᠳᠭᠢᠯ ᠢᠶᠠᠨ ᠠᠮᠠᠷᠠᠭᠠᠶ᠎ᠠ ᠭᠡᠰᠡᠨ ᠬᠦᠮᠦᠨ ᠴᠦᠭᠡᠨ᠃
ᠳᠡᠭᠡᠬᠦ ᠳᠡᠭᠡᠨ ᠬᠤᠳᠠ ᠶᠢᠨ ᠦᠢᠮᠡᠭᠡᠨ ᠠᠴᠠ ᠵᠠᠶᠢᠯᠠᠵᠤ᠂ ᠬᠤᠯᠠ ᠭᠠᠵᠠᠷ ᠮᠠᠰᠢᠨ ᠲᠠᠢ ᠵᠢᠳᠭᠦᠵᠦ᠂ ᠬᠠᠮᠢᠭ᠎ᠠ ᠨᠢᠭᠡ ᠭᠠᠵᠠᠷ ᠬᠦᠷᠦᠭᠡᠳ᠂ ᠭᠠᠷ ᠤᠳᠠᠰᠤ ᠪᠠᠨ — ᠨᠠᠭᠠᠳᠤ ᠵᠠᠬ᠎ᠠ ᠨᠢ ᠰᠦᠯᠵᠢᠶ᠎ᠠ ᠳᠤ ᠨᠡᠪᠳᠡᠷᠡᠵᠦ ᠳᠡᠶᠢᠯᠬᠦ ᠦᠭᠡᠢ ᠪᠠᠶᠢᠳᠠᠯ ᠳᠤ ᠤᠷᠤᠭᠠᠳ ᠳᠠᠪᠤ ᠳᠤᠯᠤᠭᠠᠨ ᠬᠤᠨᠤᠬ ᠪᠡᠶ᠎ᠡ ᠰᠡᠳᠭᠢᠯ ᠢᠶᠠᠨ ᠠᠷᠢᠭᠤᠰᠬᠠᠬᠤ ᠬᠦᠰᠡᠯ ᠲᠠᠢ ᠬᠦᠮᠦᠨ ᠤᠯᠠᠰᠢᠷᠠᠵᠤ ᠪᠠᠶᠢᠨ᠎ᠠ᠂ ᠡᠨᠡ ᠨᠢ ᠮᠦᠨ ᠨᠡᠩ ᠤᠯᠠᠨ ᠬᠦᠮᠦᠨ ᠤ ᠬᠦᠭᠡᠭᠡᠴᠡᠯᠳᠦᠯ ᠪᠤᠯᠬᠤ ᠪᠠᠶᠢᠬᠤ ᠭᠡᠵᠦ ᠮᠠᠭᠠᠳᠯᠠᠯ ᠦᠭᠴᠦ ᠪᠤᠯᠤᠨ᠎ᠠ᠃ ᠳᠡᠶᠢᠮᠦ ᠠᠴᠠ᠂ ᠵᠠᠯᠠᠶᠢᠳ ᠨᠤᠳᠤᠭ ᠳᠡᠳᠦᠢ ᠦᠭᠡᠢ ᠪᠦᠬᠦ᠋ᠢᠯᠡ ᠮᠤᠩᠭᠤᠯ ᠨᠤᠳᠤᠭ ᠮᠠᠨᠢ ᠪᠡᠶ᠎ᠡ ᠰᠡᠳᠭᠢᠯ ᠤᠨ ᠠᠷᠢᠭᠤᠰᠬᠠᠯ ᠤᠨ ᠳᠠᠬᠰᠢᠨ ᠤᠷᠤᠨ ᠪᠤᠯᠬᠤ ᠴᠠᠭ ᠢᠷᠡᠨ᠎ᠠ ᠭᠡᠵᠦ ᠢᠳᠡᠭᠡᠵᠦ ᠪᠠᠶᠢᠨ᠎ᠠ᠃ ᠵᠣᠬᠢᠶᠠᠭᠴᠢ᠄ ᠲᠦᠮᠡᠨᠳᠠᠯᠠᠢ