-
2144382
ᠮᠣᠩᠭᠤᠯ ᠠᠳᠤᠭᠤᠨ ᠤ ᠪᠡᠶ᠎ᠡ ᠭᠠᠯᠪᠢᠷ
2019-07-14 14:12
442
0
ᠮᠣᠩᠭᠤᠯ ᠠᠳᠤᠭᠤᠨ ᠤ ᠪᠡᠶ᠎ᠡ ᠭᠠᠯᠪᠢᠷ ᠂ ᠲᠡᠷᠡᠴᠢᠯᠡᠨ ᠶᠠᠰᠦ ᠴᠢᠨᠠᠷ ᠨᠢ ᠮᠣᠩᠭᠤᠯ ᠣᠷᠤᠨ ᠤ ᠠᠳᠠᠯᠢ ᠪᠣᠰᠦ ᠭᠠᠵᠠᠷ ᠤᠨ ᠣᠷᠴᠢᠨ ᠠᠬᠤᠢ ᠳ᠋ᠤ ᠰᠢᠯᠳᠠᠭᠠᠯᠠᠭᠳᠠᠵᠦ ᠬᠣᠭᠤᠷᠤᠨᠳᠤ ᠪᠠᠨ ᠪᠠᠭ᠎ᠠ ᠵᠦᠷᠢᠶ᠎ᠠ ᠲᠠᠢ ᠪᠠᠶᠢᠳᠠᠭ ᠃ ᠮᠣᠩᠭᠤᠯ ᠠᠳᠤᠭᠤᠨ ᠤ ᠪᠡᠶ᠎ᠡ ᠨᠢ ᠪᠠᠭᠠᠪᠳᠤᠷ ᠪᠤᠯᠪᠠᠴᠦ ᠴᠤᠭᠴᠠ ᠨᠢ ᠬᠦᠳᠡᠷᠯᠢᠭ ᠂ ᠲᠣᠯᠤᠭᠠᠢ ᠨᠢ ᠬᠦᠨᠳᠦ ᠪᠦᠭᠡᠳ ᠲᠤᠮᠤ ᠂ ᠮᠠᠩᠨᠠᠢ ᠨᠢ ᠦᠷᠭᠡᠨ ᠂ ᠨᠢᠳᠦᠨ ᠤ ᠤᠬᠤᠷᠬᠠᠢ ᠨᠢ ᠳᠦᠭᠦᠷᠡᠩ ᠂ ᠬᠠᠮᠠᠷ ᠨᠢ ᠰᠢᠯᠤᠭᠤᠨ ᠪᠦᠭᠡᠳ ᠨᠦᠬᠡ ᠨᠢ ᠲᠣᠮᠣ ᠂ ᠴᠢᠬᠢ ᠨᠢ ᠣᠬᠤᠷ ᠰᠢᠭ᠋ ᠂ ᠬᠦᠵᠦᠭᠦᠦ ᠨᠢ ᠪᠣᠭᠤᠨᠢ ᠪᠦᠭᠡᠳ ᠵᠤᠵᠠᠭᠠᠯᠢᠭ ᠂ ᠵᠤ᠋ ᠨᠢᠷᠤᠭᠤ ᠨᠢ ᠰᠢᠯᠤᠭᠤᠨ ᠤᠷᠳᠤᠯᠵᠢᠨ ᠪᠦᠭᠡᠳ ᠦᠷᠭᠡᠨ ᠂ ᠬᠤᠨᠳᠤᠯᠠᠢ ᠤᠬᠤᠷ ᠪᠦᠭᠡᠳ ᠵᠢᠭᠠᠬᠠᠨ ᠲᠠᠰᠢᠭᠤ ᠂ ᠳᠠᠯᠤ ᠨᠢ ᠣᠬᠤᠷ ᠪᠦᠭᠡᠳ ᠪᠣᠰᠤᠭᠠᠯᠵᠢᠨ ᠦᠷᠭᠡᠪᠳᠤᠷ ᠂ ᠴᠡᠭᠡᠵᠢᠨ ᠤ ᠪᠣᠶᠢᠵᠢᠯᠳᠠ ᠨᠢ ᠰᠠᠶᠢᠨ ᠂ ᠬᠡᠪᠡᠯᠢ ᠨᠢ ᠲᠣᠮᠤ ᠂ ᠳᠦᠷᠪᠡᠨ ᠮᠦᠴᠢ ᠨᠢ ᠰᠢᠷᠪᠤᠰᠤᠯᠢᠭ᠌ ᠂ ᠭᠢᠰᠬᠢᠯᠳᠠ ᠨᠢ ᠬᠦᠴᠦ ᠲᠣᠷᠪᠢᠳᠠᠢ ᠂ ᠲᠤᠭᠤᠷᠠᠢ ᠨᠢ ᠬᠠᠳᠠᠭᠤ ᠪᠡᠬᠢ ᠂ ᠠᠷᠠᠰᠦ ᠨᠢ ᠵᠤᠵᠠᠭᠠᠨ ᠂ ᠦᠰᠦ ᠨᠢ ᠨᠢᠭᠳᠠ ᠂ ᠳᠡᠯ ᠰᠡᠭᠦᠯ ᠰᠠᠭᠯᠠᠭ᠎ᠠ ᠶ᠋ᠢᠨ ᠦᠰᠦ ᠨᠢ ᠤᠷᠳᠤ ᠪᠦᠭᠡᠳ ᠵᠤᠵᠠᠭᠠᠨ ᠂ ᠪᠡᠶ᠎ᠡ ᠭᠠᠯᠪᠢᠷ ᠨᠢ ᠴᠡᠪᠡᠷᠬᠡᠨ ᠂ ᠤᠨᠤᠯᠭ᠎ᠠ ᠡᠳ᠋ᠯᠡᠭᠡ ᠳ᠋ᠤ ᠲᠡᠰᠪᠦᠷᠢ ᠳᠠᠭᠠᠭᠠᠴᠠᠳᠠᠢ ᠂ ᠮᠣᠩᠭᠤᠯ ᠤᠨ ᠦᠨᠳᠦᠷᠯᠢᠭ ᠤᠨ ᠪᠠᠶᠢᠭᠠᠯᠢ ᠣᠷᠴᠢᠨ ᠳ᠋ᠤ ᠵᠣᠬᠢᠴᠠᠭᠰᠠᠨ ᠪᠠᠶᠢᠳᠠᠭ ᠃ ᠮᠣᠩᠭᠤᠯ ᠠᠳᠤᠭᠤᠨ ᠤ ᠦᠩᠭᠡ ᠵᠢᠰᠤᠮ ᠤᠯᠠᠭᠠᠨ ᠬᠡᠭᠡᠷ ᠂ ᠬᠠᠷ᠎ᠠ ᠬᠡᠭᠡᠷ ᠵᠣᠩᠬᠢᠯᠠᠬᠤ ᠪᠠᠶᠢᠷᠢ ᠶ᠋ᠢ ᠡᠵᠡᠯᠡᠨ᠎ᠡ ᠃ ᠬᠦᠷᠡᠩ ᠂ ᠬᠠᠷ᠎ᠠ ᠵᠢᠰᠤᠮ ᠳᠡᠳ᠋ᠯᠡᠵᠦ ᠂ ᠬᠤᠸᠠ ᠬᠣᠩᠭᠤᠷ ᠂ ᠪᠣᠷᠤ ᠠᠯᠠᠭ ᠮᠡᠳᠦ ᠶ᠋ᠢᠨ ᠣᠯᠠᠨ ᠠᠷᠪᠢᠨ ᠵᠢᠰᠤᠮ ᠪᠠᠶᠢᠳᠠᠭ ᠃ ᠦᠵᠦᠮᠤᠴᠢᠨ ᠨᠤᠳᠤᠭ ᠲᠤ ᠪᠣᠯ ᠴᠠᠭᠠᠨ ᠰᠠᠷᠠᠯ ᠂ ᠪᠣᠷᠤ ᠵᠢᠰᠤᠮ ᠤᠨ ᠠᠳᠤᠭᠤ ᠭᠤᠤᠯᠯᠠᠵᠦ ᠂ ᠪᠣᠰᠤᠳ ᠭᠠᠵᠠᠷ ᠲᠤ ᠪᠠᠷᠠᠭᠠᠨ ᠵᠢᠰᠤᠮ ᠤᠨ ᠠᠳᠤᠭᠤ ᠵᠣᠩᠭᠢᠯᠠᠳᠠᠭ ᠃
ᠮᠣᠩᠭᠤᠯ ᠠᠳᠤᠭᠤᠨ ᠤ ᠪᠡᠶ᠎ᠡ ᠶ᠋ᠢᠨ ᠬᠡᠮᠵᠢᠶ᠎ᠡ ᠶ᠋ᠢ ᠨᠤᠳᠤᠭ ᠤᠨ ᠤᠳᠤᠮ ᠤᠨ ᠨᠢᠭᠡᠨ ᠪᠤᠯᠬᠤ ᠦᠵᠤᠮᠤᠴᠢᠨ ᠠᠳᠤᠭᠤ ᠪᠡᠷ ᠵᠢᠱᠢᠶᠡᠯᠡᠪᠡᠯ ᠠᠵᠢᠷᠭ᠎ᠠ ᠶ᠋ᠢᠨ ᠪᠡᠶ᠎ᠡ ᠶ᠋ᠢᠨ ᠦᠨᠳᠦᠷ ᠨᠢ4.08 ᠲᠣᠬᠤᠢ ︵134.8 ᠰᠡᠨᠲ᠋ᠢᠮᠸᠲ᠋ᠷ ︶ ᠂ ᠪᠡᠶ᠎ᠡ ᠶ᠋ᠢᠨ ᠤᠷᠳᠤ ᠨᠢ 4.33 ᠲᠤᠬᠤᠢ ᠂ ᠴᠡᠭᠡᠵᠢᠨ ᠪᠦᠰᠡᠯᠡᠭᠦᠷ ᠨᠢ 5.2 ᠲᠤᠬᠤᠢ ᠪᠠᠶᠢᠳᠠᠭ ᠃ ᠭᠡᠭᠦᠦ ᠶ᠋ᠢᠨ ᠪᠡᠶ᠎ᠡ ᠶ᠋ᠢᠨ ᠦᠨᠳᠦᠷ ᠨᠢ 3.91 ᠲᠣᠬᠤᠢ ᠂ ᠪᠡᠶ᠎ᠡ ᠶ᠋ᠢᠨ ᠤᠷᠳᠤ ᠨᠢ4.13 ᠲᠣᠬᠤᠢ ᠂ ᠴᠡᠭᠡᠵᠢᠨ ᠪᠦᠰᠡᠯᠡᠭᠦᠷ ᠨᠢ 4.97 ᠲᠣᠬᠤᠢ ᠪᠣᠢ ᠃