ᠵᠠᠷᠤᠳ ᠮᠤᠩᠭᠤᠯᠴᠤᠳ ᠤᠨ ᠤᠯᠠᠮᠵᠢᠯᠠᠯᠳᠤ ᠵᠠᠰᠠᠯ ᠵᠢᠮᠰᠡᠭ ᠤᠨ ᠡᠳ᠋ ᠲᠤ ᠪᠦᠰᠡᠬᠦ᠋ᠢᠴᠦᠳ ᠤᠨ ᠲᠤᠯᠤᠭᠠᠢ ᠶᠢᠨ ᠵᠠᠰᠠᠯ ᠪᠤᠯᠬᠤ ︽ᠲᠠᠪᠤᠨ ᠬᠠᠳᠬᠤᠭᠤᠷ︾᠂ ᠲᠤᠯᠤᠭᠠᠢ ᠶᠢᠨ ᠠᠯᠴᠢᠭᠤᠷ᠂ ᠡᠭᠡᠮᠦᠭ ᠰᠦᠢᠭᠡ ᠠᠴᠠ ᠭᠠᠳᠠᠨ᠎ᠠ ᠬᠠᠪᠳᠠᠭ᠎ᠠ᠂ ᠵᠡᠬᠦᠪᠴᠢ᠂ ᠪᠠᠭᠤᠤ᠂ᠪᠦᠭᠡᠵᠢ ᠵᠢᠴᠢ ᠡᠷᠡᠭᠳᠡᠶᠢᠴᠦᠳ ᠤᠨ ᠡᠳ᠋ᠯᠡᠳᠡᠭ ᠲᠠᠮᠠᠬᠢᠨ ᠤᠭᠤᠳᠠ᠂ ᠬᠦᠬᠦᠷ᠂ ᠬᠦᠬᠦᠷ ᠤᠨ ᠲᠠᠯᠢᠩ᠂ ᠪᠦᠬᠡᠵᠢ᠂ ᠭᠡᠳᠡ᠂ ᠮᠤᠩᠭᠤᠯ ᠬᠢᠳᠤᠭ᠎ᠠ᠂ ᠲᠠᠮᠠᠬᠢᠨ ᠭᠠᠩᠰᠠ ᠭᠡᠬᠦ ᠮᠡᠳᠦᠰ ᠢ ᠪᠠᠭᠳᠠᠭᠠᠨ᠎ᠠ᠃
ᠲᠠᠮᠠᠬᠢᠨ ᠤᠭᠤᠳᠠ᠃ ᠲᠠᠮᠠᠬᠢᠨ ᠤᠭᠤᠳᠠ ᠶᠢ ᠵᠠᠷᠤᠳ ᠨᠤᠳᠤᠭ ᠤᠨ ᠮᠤᠩᠭᠤᠯᠴᠤᠳ ᠪᠠᠰᠠ ᠰᠢᠭᠤᠳᠠᠢ ᠪᠤᠶᠤ ᠲᠠᠮᠠᠬᠢᠨ ᠰᠢᠭᠤᠳᠠᠢᠭᠡᠳᠡᠭ᠃ ᠦᠩᠭᠡᠷᠡᠭᠰᠡᠨ ᠳᠤ᠂ ᠵᠢᠱᠢᠶᠡᠯᠡᠪᠡᠯ ᠲᠡᠭᠡᠷ᠎ᠡ ᠵᠠᠭᠤᠨ ᠤ ᠲᠠᠪᠢᠭᠠᠳ ᠤᠨ ᠠᠴᠠ ᠲᠠᠯᠠᠭᠠᠳ ᠤᠨ ᠤ ᠰᠡᠬᠦᠯᠴᠢ ᠶᠢᠨ ᠦᠶ᠎ᠡ ᠪᠤᠯᠳᠠᠯ᠎ᠠ ᠲᠠᠮᠠᠬᠢᠨ ᠤᠭᠤᠳᠠ ᠨᠢ ᠲᠠᠮᠠᠬᠢ ᠲᠠᠳᠠᠳᠠᠭ ᠡᠷᠡᠭᠳᠡᠢ ᠬᠦᠮᠦᠨ ᠤ ᠴᠢᠬᠤᠯᠠ ᠨᠢᠭᠡ ᠡᠳ᠋ᠯᠡᠯ ᠭᠡᠷᠡᠭᠯᠡᠯ ᠪᠤᠯᠬᠤ ᠪᠦᠭᠡᠳ ᠮᠠᠰᠢ ᠴᠢᠬᠤᠯᠠ ᠵᠠᠰᠠᠯ ᠴᠢᠮᠡᠭᠯᠡᠯ ᠤᠨ ᠵᠦᠢᠯ ᠪᠤᠯᠵᠤ ᠪᠠᠶᠢᠪᠠ᠃ ᠵᠠᠷᠤᠳᠴᠤᠳ ᠲᠠᠮᠠᠬᠢᠨ ᠤᠭᠤᠳᠠ ᠶᠢ ᠬᠠᠷ᠎ᠠ᠂ ᠤᠯᠠᠭᠠᠨ᠂ ᠨᠤᠭᠤᠭᠠᠨ᠂ ᠬᠦᠭᠡ᠂ ᠴᠡᠩᠭᠡᠷ᠂ ᠶᠠᠭᠠᠨ᠂ ᠬᠤᠨᠳᠠᠨ ᠵᠡᠷᠭᠡ ᠦᠩᠭᠡ ᠦᠩᠭᠡ ᠶᠢᠨ ᠦᠭᠡᠳᠡᠩ ᠲᠤᠷᠭ᠎ᠠ ᠪᠠᠷ ᠪᠦᠷ ᠬᠢᠳᠡᠭ ᠪᠤᠯᠪᠠᠴᠤ ᠬᠠᠷ᠎ᠠ ᠦᠩᠭᠡ ᠪᠠᠷ ᠬᠢᠳᠡᠭ ᠲᠤᠬᠢᠶᠠᠯᠳᠤᠮᠵᠢ ᠬᠠᠮᠤᠭ ᠤᠨ ᠤᠯᠠᠨ᠃ ᠲᠠᠮᠠᠬᠢᠨ ᠤᠭᠤᠳᠠ ᠨᠢ ᠡᠩ ᠤᠨ ᠪᠠᠶᠢᠳᠠᠯ ᠳᠤ ᠭᠤᠤᠯ ᠪᠡᠶ᠎ᠡ᠂ ᠢᠷᠤᠭᠠᠷ ᠤᠨ ᠭᠡᠰᠡᠭ ᠪᠤᠯᠤᠨ ᠫᠢᠶᠤᠤᠳᠠᠢ ᠵᠡᠷᠭᠡ ᠠᠴᠠ ᠪᠦᠳᠦᠨ᠎ᠡ᠃ ᠭᠡᠬᠦ ᠳᠡᠭᠡᠨ ᠭᠤᠤᠯ ᠪᠡᠶ᠎ᠡ ᠪᠠ ᠢᠷᠤᠭᠠᠷ ᠤᠨ ᠭᠡᠰᠡᠭ ᠵᠢᠴᠢ ᠫᠢᠶᠤᠤᠳᠠᠢ ᠶᠢᠨ ᠦᠩᠭᠡ ᠨᠢ ᠪᠦᠷ ᠤᠨᠳᠤᠤ ᠤᠨᠳᠤᠤ ᠪᠠᠶᠢᠳᠠᠭ᠃ ᠵᠠᠷᠤᠳ ᠮᠤᠩᠭᠤᠯᠴᠤᠳ ᠲᠠᠮᠠᠬᠢᠨ ᠤᠭᠤᠳᠠ ᠶᠢ ᠲᠡᠭᠡᠭᠰᠢ ᠬᠠᠨᠳᠤᠭᠰᠠᠨ ᠠᠮᠠᠰᠠᠷ ᠲᠠᠢ ᠪᠡᠯᠭᠡᠳᠦ ᠡᠳ᠋ ᠭᠡᠵᠦ ᠦᠵᠡᠳᠡᠭ ᠪᠠᠶᠢᠵᠤ ᠵᠦᠪᠭᠡᠨ ᠵᠠᠰᠠᠯ ᠵᠢᠮᠰᠡᠭ ᠪᠤᠯᠤᠨ ᠲᠠᠮᠠᠬᠢᠯᠠᠬᠤ ᠳᠤ ᠭᠡᠷᠡᠭᠯᠡᠭᠡᠳ ᠵᠤᠭᠰᠤᠭᠰᠠᠨ ᠪᠢᠰᠢ᠂ ᠲᠠᠮᠠᠬᠢᠨ ᠤᠭᠤᠳᠠ ᠨᠢ ᠮᠠᠰᠢ ᠬᠦᠨᠳᠦ ᠴᠢᠬᠤᠯᠠ ᠪᠡᠯᠡᠭ ᠰᠠᠯᠳᠠ ᠪᠤᠶᠤ ᠭᠡᠦᠭᠡᠨᠴᠤᠳ ᠤᠨ ᠬᠠᠶᠢᠷ᠎ᠠ ᠰᠡᠳᠬᠢᠯ ᠢᠶᠠᠨ ᠢᠯᠡᠳᠭᠡᠬᠦ ᠲᠦᠯᠦᠭᠡᠨ ᠤ ᠡᠳ᠋ ᠪᠤᠯᠵᠤ ᠪᠠᠶᠢᠪᠠ᠃ ᠵᠠᠷᠤᠳ ᠡᠷᠡᠭᠳᠡᠶᠢᠴᠦᠳ ᠲᠠᠮᠠᠬᠢᠨ ᠤᠭᠤᠳᠠ ᠪᠠᠨ ᠪᠠᠷᠠᠭᠤᠨ ᠲᠠᠯ᠎ᠠ ᠶᠢᠨ ᠲᠠᠰᠢᠶ᠎ᠠ ᠲᠠᠭᠠᠷᠠᠭᠤᠯᠵᠤ ᠠᠷᠤ ᠪᠦᠰᠨ ᠠᠴᠠ ᠪᠠᠨ ᠵᠡᠬᠦᠳᠡᠭ ᠵᠠᠩᠰᠢᠯ ᠲᠠᠢ᠃
︽ᠲᠠᠪᠤᠨ ᠬᠠᠳᠬᠤᠭᠤᠷ︾ᠤᠨ ᠦᠨᠳᠦᠰᠦᠨ ᠪᠦᠳᠦᠴᠡ᠃ ᠵᠠᠷᠤᠳ ᠮᠤᠩᠭᠤᠯ ᠪᠦᠰᠡᠬᠦ᠋ᠢᠴᠦᠳ ᠤᠨ ᠲᠤᠯᠤᠭᠠᠢ ᠶᠢᠨ ᠵᠠᠰᠠᠯ ︽ᠲᠠᠪᠤᠨ ᠬᠠᠳᠬᠤᠭᠤᠷ︾ᠨᠢ ᠶᠡᠷᠦᠩᠭᠡᠢ ᠳᠡᠭᠡᠨ ᠨᠢᠭᠡ ᠠᠷᠠᠯ ᠤᠨ ᠬᠠᠳᠬᠤᠭᠤᠷ᠂ ᠬᠤᠶᠠᠷ ᠰᠢᠭᠠᠮᠠᠯ ᠬᠠᠳᠬᠤᠭᠤᠷ᠂ ᠬᠤᠶᠠᠷ ᠦᠰᠦᠨ ᠲᠦᠩᠰᠡ᠂ ᠬᠤᠶᠠᠷ ᠲᠤᠯᠤᠭᠤᠷ᠂ ᠬᠤᠶᠠᠷ ᠬᠠᠪᠠᠭᠠ ᠬᠠᠳᠬᠤᠭᠤᠷ ︵ᠪᠠᠰᠠ ᠰᠢᠪᠡᠭᠡ ᠬᠠᠳᠬᠤᠭᠤᠷ ᠭᠡᠳᠡᠭ︶᠂ ᠨᠢᠭᠡ ᠬᠤᠤᠰ ᠮᠦᠩᠬᠦᠨ ᠡᠰᠢ ᠲᠠᠢ ᠱᠢᠷᠤᠨ ᠤᠨᠵᠢᠯᠠᠭ᠎ᠠ ᠪᠤᠯᠤᠨ ᠨᠢᠭᠡ ᠠᠴᠠ ᠬᠤᠶᠠᠷ ᠱᠢᠷᠤᠨ ᠲᠠᠳᠠᠭᠤᠷ ᠵᠡᠷᠭᠡ ᠪᠠᠷ ᠪᠦᠷᠢᠯᠳᠦᠳᠡᠭ᠃ ᠵᠠᠷᠤᠳ ᠮᠤᠩᠭᠤᠯ ᠪᠦᠰᠡᠬᠦ᠋ᠢᠴᠦᠳ ᠤᠨ ᠤᠯᠠᠮᠵᠢᠯᠠᠯᠳᠤ ᠲᠤᠯᠤᠭᠠᠢ ᠶᠢᠨ ᠵᠠᠰᠠᠯ — ︽ᠲᠠᠪᠤᠨ ᠬᠠᠳᠬᠤᠭᠤᠷ︾ᠢ ᠭᠡᠦᠭᠡᠨ ᠬᠦᠮᠦᠨ ᠵᠡᠬᠦᠳᠡᠭ ᠦᠭᠡᠢ᠃ ᠬᠠᠳᠬᠤᠬᠤᠷ ᠤᠨ ᠲᠤᠳᠤᠷ᠎ᠠ ᠠᠷᠠᠯ ᠤᠨ ᠬᠠᠳᠬᠤᠬᠤᠷ ᠨᠢ ᠬᠠᠮᠤᠭ ᠤᠨ ᠲᠤᠮᠤ᠃ ᠦᠰᠦᠨ ᠲᠦᠩᠰᠡ ᠶᠢᠨ ᠭᠤᠤᠯ ᠪᠡᠶ᠎ᠡ ᠶᠢ ᠮᠦᠩᠬᠦ ᠪᠠᠷ ᠬᠢᠵᠦ ᠭᠠᠳᠠᠭᠤᠷ ᠨᠢ ᠵᠢᠵᠢᠭ ᠵᠢᠵᠢᠭ ᠱᠢᠷᠤᠨ ᠭᠡᠯᠭᠢᠶ᠎ᠡ ᠪᠠᠷ ᠨᠢᠭᠳᠠ ᠰᠠᠶᠢᠬᠠᠨ ᠤᠷᠢᠶᠠᠭᠰᠠᠨ ᠪᠠᠶᠢᠨ᠎ᠠ᠃ ᠱᠢᠷᠤᠨ ᠭᠡᠯᠬᠢᠶ᠎ᠡ ᠶᠢᠨ ᠬᠤᠶᠠᠷ ᠭᠦᠪᠡᠭᠡ ᠳᠤ ᠮᠦᠩᠬᠦᠨ ᠬᠠᠰᠢᠯᠭ᠎ᠠ ᠲᠠᠢ᠃ ᠤᠨᠵᠢᠯᠠᠭ᠎ᠠ ᠶᠢᠨ ᠡᠰᠢ ᠶᠢᠨ ᠠᠳᠬᠤᠬᠤᠷ ᠤᠨ ᠭᠡᠰᠡᠭ ᠢ ᠮᠠᠨᠤᠬᠤ ᠪᠠᠷ ᠴᠡᠴᠡᠭ ᠤᠨ ᠲᠡᠯᠪᠢ ᠮᠡᠳᠦ ᠶᠠᠩᠵᠤᠯᠠᠨ ᠵᠤᠬᠢᠶᠠᠳᠠᠭ᠃ ᠠᠷᠠᠯ ᠤᠨ ᠬᠠᠳᠬᠤᠭᠤᠷ᠂ ᠰᠢᠭᠠᠮᠠᠯ ᠬᠠᠳᠬᠤᠭᠤᠷ᠂ ᠲᠤᠯᠤᠭᠤᠷ᠂ ᠬᠠᠪᠠᠭᠠ ᠬᠠᠳᠬᠤᠭᠤᠷ᠂ ᠦᠰᠦᠨ ᠲᠦᠩᠰᠡ ᠶᠢᠨ ᠭᠤᠤᠯ ᠪᠡᠶ᠎ᠡ ᠬᠢᠭᠡᠳ ᠤᠨᠵᠢᠯᠠᠭ᠎ᠠ ᠶᠢᠨ ᠡᠰᠢ ᠶᠢ ᠴᠦᠮ ᠴᠤᠯᠤ ᠮᠦᠩᠬᠦ ᠪᠠᠷ ᠬᠢᠳᠡᠭ ᠪᠠᠶᠢᠨ᠎ᠠ᠃ ᠲᠤᠯᠤᠭᠠᠢ ᠶᠢᠨ ᠠᠯᠴᠢᠭᠤᠷ᠃ ᠲᠤᠯᠤᠭᠠᠢ ᠶᠢᠨ ᠠᠯᠴᠢᠭᠤᠷ ᠪᠤᠯ ᠵᠠᠷᠤᠳ ᠮᠤᠩᠭᠤᠯ ᠪᠦᠰᠡᠬᠦ᠋ᠢᠴᠦᠳ ᠤᠨ ᠤᠯᠠᠮᠵᠢᠯᠠᠯᠳᠤ ᠵᠠᠰᠠᠯ ᠤᠨ ᠡᠳ᠋ ᠤᠨ ᠨᠢᠭᠡ ᠶᠤᠮ᠃ ᠤᠤᠯ ᠨᠢ ᠵᠠᠷᠤᠳ ᠮᠤᠩᠭᠤᠯ ᠪᠦᠰᠡᠬᠦ᠋ᠢᠴᠦᠳ ᠬᠦᠮᠦᠨ ᠤ ᠡᠮᠦᠨ᠎ᠡ ᠭᠠᠷᠬᠤ ᠳᠤ ᠲᠤᠯᠤᠭᠠᠢ ᠨᠢᠴᠦᠬᠦᠨ ᠪᠠᠶᠢᠬᠤ ᠶᠢ ᠴᠡᠭᠡᠷᠯᠡᠳᠡᠭ ᠪᠠᠶᠢᠭᠰᠠᠨ ᠪᠦᠭᠡᠳ ᠭᠡᠷ ᠲᠡᠭᠡᠨ ᠢᠷᠡᠬᠦ ᠭᠡᠶᠢᠴᠢᠨ ᠵᠤᠴᠢᠨ ᠢᠶᠠᠨ ᠤᠭᠳᠤᠬᠤ ᠳᠠᠭᠠᠨ ᠲᠤᠯᠤᠭᠠᠢ ᠨᠢᠴᠦᠬᠦᠨ ᠭᠠᠷᠳᠠᠭ ᠦᠭᠡᠢ ᠪᠠᠶᠢᠭᠰᠠᠨ ᠭᠡᠳᠡᠭ᠃ ᠤᠳᠤ ᠴᠤ ᠭᠡᠰᠡᠨ ᠨᠡᠯᠢᠶᠡᠳ ᠲᠤᠭᠠᠨ ᠤ ᠵᠠᠷᠤᠳ ᠮᠤᠩᠭᠤᠯ ᠪᠦᠰᠡᠬᠦ᠋ᠢᠴᠦᠳ ᠲᠤᠷᠭᠠᠨ ᠠᠯᠴᠢᠭᠤᠷ ᠢᠶᠠᠨ ᠵᠡᠬᠦᠵᠦ ᠪᠠᠶᠢᠳᠠᠭ᠃ ᠤᠤᠯ ᠨᠢ ᠬᠤᠷᠢᠮ ᠨᠠᠶᠢᠷ ᠲᠤ ᠤᠷᠤᠯᠴᠠᠬᠤ ᠪᠤᠶᠤ ᠬᠤᠪᠴᠠᠰᠤ ᠵᠠᠰᠠᠯ ᠤᠨ ᠦᠵᠡᠬᠦᠯᠦᠯᠭᠡ ᠳᠤ ᠲᠤᠷᠭᠠᠨ ᠠᠯᠴᠢᠭᠤᠷ ᠤᠨ ᠢᠶᠠᠨ ᠲᠡᠭᠡᠬᠦᠷ ᠨᠢᠭᠡ ᠪᠤᠶᠤ ᠬᠤᠶᠠᠷ ᠲᠠᠳᠠᠭᠤᠷ ᠲᠠᠳᠠᠳᠠᠭ ᠨᠢ ᠤᠯᠠᠨ ᠪᠠᠶᠢᠯ᠎ᠠ ᠭᠡᠳᠡᠭ᠃ ᠵᠡᠬᠦᠪᠴᠢ᠃ ᠵᠡᠬᠦᠪᠴᠢ ᠪᠤᠯ ᠵᠠᠷᠤᠳ ᠮᠤᠩᠭᠤᠯ ᠪᠦᠰᠡᠬᠦ᠋ᠢᠴᠦᠳ ᠤᠨ ᠤᠯᠠᠮᠵᠢᠯᠠᠯᠳᠤ ᠵᠠᠰᠠᠯ ᠤᠨ ᠡᠳ᠋ ᠪᠤᠯᠬᠤ ᠮᠦᠷᠳᠡᠭᠡᠨ ᠤᠯᠠᠮᠵᠢᠯᠠᠯᠳᠤ ᠭᠠᠷ ᠦᠵᠦᠬᠦᠷ ᠤᠨ ᠭᠡᠷᠡᠭᠯᠡᠭᠡᠨ ᠤ ᠴᠢᠬᠤᠯᠠ ᠡᠳ᠋ᠯᠡᠯ ᠪᠤᠯᠵᠤ ᠪᠠᠶᠢᠵᠠᠢ᠃ ᠵᠡᠬᠦᠪᠴᠢ ᠶᠢ ᠵᠡᠬᠦᠦ ᠪᠠᠨ ᠬᠢᠵᠦ ᠬᠠᠳᠠᠭᠠᠯᠠᠬᠤ ᠳᠤ ᠭᠡᠷᠡᠭᠯᠡᠳᠡᠭ᠃ ᠲᠡᠷᠡ ᠨᠢ ᠤᠷᠳᠤ ᠲᠦᠷᠪᠡᠯᠵᠢᠨ᠂ ᠲᠦᠷᠪᠡᠯᠵᠢᠨ᠂ ᠵᠤᠤᠪᠠᠩ ᠬᠡᠯᠪᠡᠷᠢᠳᠦ᠂ ᠬᠤᠯᠤ ᠭᠡᠯᠪᠡᠷᠢᠳᠦ᠂ ᠲᠤᠭᠤᠷᠢᠭ ᠁ ᠵᠡᠷᠭᠡ ᠤᠯᠠᠨ ᠶᠠᠩᠵᠤ ᠶᠢᠨ ᠭᠡᠯᠪᠡᠷᠢ ᠵᠠᠭᠪᠤᠷ ᠲᠠᠢ᠃ ᠵᠡᠬᠦᠪᠴᠢ ᠶᠢ ᠭᠤᠤᠯᠳᠠᠭᠤ ᠬᠤᠷᠴᠠ ᠰᠠᠶᠢᠬᠠᠨ ᠦᠩᠭᠡᠳᠦ ᠲᠤᠷᠭ᠎ᠠ ᠲᠤᠷᠳᠤᠩ ᠪᠤᠶᠤ ᠦᠭᠡᠳᠡᠩ ᠢᠶᠠᠷ ᠭᠠᠳᠠᠷᠯᠠᠵᠤ᠂ ᠭᠠᠳᠠᠷ ᠲᠠᠯ᠎ᠠ ᠳᠤᠨᠢ ᠴᠡᠴᠡᠭ ᠨᠠᠪᠴᠢ ᠵᠢᠴᠢ ᠪᠤᠰᠤᠳ ᠠᠮᠢᠳᠠᠨ ᠤᠷᠭᠤᠮᠠᠯ᠂ ᠰᠢᠪᠠᠭᠤ᠂ ᠵᠢᠭᠠᠰᠤ᠂ ᠡᠷᠪᠡᠬᠡᠢ᠂ ᠦᠯᠵᠡᠢ ᠵᠠᠩᠬᠢᠶ᠎ᠡ᠂ ᠦᠯᠵᠡᠢ ᠪᠡᠯᠭᠡᠳᠦ ᠦᠭᠡ ᠮᠡᠳᠦ ᠶᠢᠨ ᠤᠷᠠᠨ ᠰᠠᠶᠢᠬᠠᠨ ᠬᠡ ᠤᠭᠠᠯᠵᠠ ᠶᠢ ᠬᠠᠳᠬᠤᠮᠠᠯ᠂ ᠨᠠᠭᠠᠮᠠᠯ᠂ ᠤᠷᠢᠶᠠᠮᠠᠯ᠂ ᠰᠡᠶᠢᠯᠦᠮᠡᠯ ᠵᠡᠷᠭᠡ ᠭᠠᠷ ᠤᠷᠠᠯᠠᠯ ᠢᠶᠠᠷ ᠮᠠᠰᠢ ᠭᠤᠶᠤ ᠤᠷᠠᠯᠠᠨ ᠴᠢᠮᠡᠨ᠎ᠡ᠃ ᠵᠡᠬᠦᠪᠴᠢ ᠶᠢᠨ ᠲᠤᠳᠤᠷ᠎ᠠ ᠨᠢᠮᠭᠡᠨ ᠬᠦᠪᠦᠩ ᠵᠤᠯᠤᠵᠤ ᠬᠡᠯᠡ ᠬᠢᠳᠡᠭ ᠪᠠᠶᠢᠵᠤ᠂ ᠦᠨᠦ ᠭᠡᠯᠡ ᠲᠡᠭᠡᠷ᠎ᠡ ᠨᠢ ᠵᠡᠬᠦᠦ ᠪᠠᠨ ᠬᠠᠳᠬᠤᠵᠤ ᠲᠡᠭᠡᠷ᠎ᠡ ᠲᠠᠯ᠎ᠠ ᠶᠢᠨ ᠤᠭᠤᠰᠤᠷ ᠠᠴᠠ ᠨᠢ ᠲᠡᠭᠡᠭᠰᠢ ᠴᠢᠩᠭᠠᠭᠠᠪᠠᠯ ᠵᠡᠬᠦᠦ ᠪᠠᠨ ᠵᠡᠬᠦᠪᠴᠢ ᠶᠢᠨ ᠲᠤᠳᠤᠷ᠎ᠠ ᠨᠢᠭᠤᠵᠤ ᠬᠠᠳᠠᠭᠠᠯᠠᠴᠢᠬᠠᠳᠠᠭ᠃ ᠬᠠᠪᠳᠠᠭ᠎ᠠ᠃ ᠬᠠᠪᠳᠠᠭ᠎ᠠ ᠪᠤᠯ ᠵᠠᠷᠤᠳ ᠮᠤᠩᠭᠤᠯᠴᠤᠳ ᠤᠨ ᠪᠠᠰᠠ ᠨᠢᠭᠡᠨ ᠤᠯᠠᠮᠵᠢᠯᠠᠯᠳᠤ ᠵᠠᠰᠠᠯ ᠵᠢᠮᠰᠡᠭ ᠤᠨ ᠵᠦᠢᠯ ᠪᠤᠯᠤᠨ᠎ᠠ᠃ ᠲᠡᠬᠦᠨ ᠤ ᠭᠡᠯᠪᠡᠷᠢ ᠲᠦᠷᠰᠦ ᠨᠢ ᠮᠦᠨ ᠵᠡᠬᠦᠪᠴᠢ ᠲᠠᠢ ᠤᠶᠢᠷᠠᠯᠴᠠᠭ᠎ᠠ ᠪᠠᠷ ᠤᠷᠳᠤ ᠲᠦᠷᠪᠡᠯᠵᠢᠨ᠂ ᠲᠤᠭᠤᠷᠢᠭ᠂ ᠲᠡᠭᠰᠢ ᠲᠦᠷᠪᠡᠯᠵᠢᠨ᠂ ᠵᠤᠤᠪᠠᠩ ᠬᠡᠯᠪᠡᠷᠢᠳᠦ᠂ ᠬᠤᠯᠤ ᠭᠡᠯᠪᠡᠷᠢᠳᠦ᠂ ᠡᠷᠪᠡᠬᠡᠢ ᠭᠡᠯᠪᠡᠷᠢᠳᠦ᠂ ᠵᠢᠷᠭᠤᠭᠠᠨ ᠲᠠᠯ᠎ᠠ ᠲᠠᠢ ᠬᠠᠪᠳᠠᠭ᠎ᠠ᠂ ᠨᠠᠢᠮᠠᠨ ᠲᠠᠯ᠎ᠠ ᠲᠠᠢ ᠬᠠᠪᠳᠠᠭ᠎ᠠ᠂ ᠵᠢᠷᠦᠭᠡᠨ ᠭᠡᠯᠪᠡᠷᠢᠳᠦ ᠁ ᠪᠦᠷ ᠪᠠᠶᠢᠳᠠᠭ᠃ ᠵᠢᠷᠦᠬᠡᠨ ᠭᠡᠯᠪᠡᠷᠢᠳᠦ ᠬᠠᠪᠳᠠᠭ᠎ᠠ ᠶᠢ ᠪᠠᠰᠠ ᠵᠢᠷᠦᠭᠡᠨ ᠬᠠᠪᠳᠠᠭ᠎ᠠ ᠭᠡᠵᠦ ᠲᠤᠰᠬᠠᠢ ᠨᠡᠷᠡᠯᠡᠳᠡᠭ᠃ ᠬᠠᠪᠳᠠᠭ᠎ᠠ ᠲᠡᠭᠡᠷ᠎ᠡ ᠮᠦᠨ ᠴᠡᠴᠡᠭ ᠨᠠᠪᠴᠢ᠂ ᠰᠢᠪᠠᠭᠤ᠂ ᠵᠢᠭᠠᠰᠤ᠂ ᠡᠷᠪᠡᠭᠡᠢ᠂ ᠮᠡᠳᠦ ᠶᠢᠨ ᠤᠷᠭᠤᠮᠠᠯ ᠠᠮᠢᠳᠠᠨ ᠤ ᠬᠡ ᠤᠭᠠᠯᠵᠠ ᠶᠢ ᠨᠠᠭᠠᠮᠠᠯ᠂ ᠬᠠᠳᠬᠤᠮᠠᠯ᠂ ᠤᠷᠢᠶᠠᠮᠠᠯ᠂ ᠰᠡᠶᠢᠯᠦᠮᠡᠯ ᠵᠡᠷᠭᠡ ᠤᠷᠠᠯᠠᠯ ᠢᠶᠠᠷ ᠭᠤᠴᠤ ᠨᠠᠷᠢᠯᠢᠭ ᠤᠷᠠᠯᠠᠨ ᠤᠶᠤᠳᠠᠭ ᠪᠤᠶᠤ ᠦᠯᠵᠡᠢ ᠵᠠᠩᠬᠢᠶ᠎ᠡ ᠤᠶᠤᠬᠤ ᠠᠴᠠ ᠭᠠᠳᠠᠨ᠎ᠠ ︽ᠵᠤᠯ ᠵᠢᠷᠭᠠᠯ︾᠂ ︽ᠦᠨᠢᠷ ᠪᠠᠶᠠᠯᠢᠭ︾᠂ ︽ᠦᠨᠢᠷ ᠵᠢᠷᠭᠠᠯ︾᠂ ︽ᠬᠡᠢ ᠮᠤᠷᠢ︾᠂ ︽ᠭᠡᠰᠢᠭ ᠪᠤᠶᠠᠨ︾᠂ ︽ᠬᠤᠷᠤᠢ ᠬᠤᠷᠤᠢ︾ ᠁ ᠮᠡᠳᠦ ᠶᠢᠨ ᠦᠯᠵᠡᠢ ᠪᠡᠯᠭᠡᠳᠦ ᠦᠰᠦᠭ ᠢ ᠨᠠᠭᠠᠬᠤ᠂ ᠬᠠᠳᠬᠤᠬᠤ᠂ ᠤᠷᠢᠶᠠᠬᠤ ᠪᠤᠶᠤ ᠰᠡᠶᠢᠯᠳᠡᠭ᠃
ᠬᠦᠬᠦᠷ ᠪᠤᠯᠤᠨ ᠬᠦᠬᠦᠷ ᠤᠨ ᠲᠠᠯᠢᠩ᠃ ᠬᠦᠬᠦᠷ ᠪᠤᠯ ᠬᠠᠮᠠᠷ ᠲᠠᠮᠠᠬᠢ ᠬᠢᠬᠦ ᠰᠠᠪᠠ ᠪᠤᠯᠤᠨ᠎ᠠ᠃ ᠵᠠᠷᠤᠳ ᠨᠤᠳᠤᠭ ᠲᠡᠷᠳᠡᠨ ᠳᠡᠭᠡᠨ ᠡᠭᠡᠯ ᠠᠷᠠᠳ ᠤᠨ ᠵᠠᠷᠤᠬᠤ ᠡᠩ ᠤᠨ ᠬᠦᠬᠦᠷ ᠢ ᠮᠠᠨᠤᠬᠤ᠂ ᠴᠢᠯᠠᠭᠤ ᠪᠤᠶᠤ ᠱᠠᠭᠠᠵᠠᠩ ᠮᠡᠳᠦ ᠶᠢᠨ ᠬᠢᠮᠳᠠ ᠬᠢᠯᠪᠡᠷ ᠡᠳ᠋ ᠢᠶᠠᠷ ᠬᠢᠳᠡᠭ ᠨᠢ ᠤᠯᠠᠨ ᠪᠠᠶᠢᠪᠠ᠃ ᠶᠡᠭᠡᠰ ᠨᠤᠶᠠᠳ ᠪᠤᠯᠤᠨ ᠪᠠᠶᠠᠳ ᠢᠵᠠᠭᠤᠷᠳᠠᠳ ᠪᠤᠯ ᠬᠠᠰ ᠢᠶᠠᠷ ᠬᠢᠭᠰᠡᠨ ᠬᠠᠰ ᠬᠦᠬᠦᠷᠪᠤᠶᠤ ᠠᠮᠠᠰᠠᠷ ᠲᠡᠭᠡᠷ᠎ᠡ ᠨᠢ ᠡᠷᠳᠡᠨᠢ ᠶᠢᠨ ᠴᠢᠯᠠᠭᠤ᠂ ᠱᠢᠷᠤ ᠰᠢᠬᠢᠳᠭᠡᠭᠰᠡᠨ ᠬᠦᠬᠦᠷ ᠴᠤ ᠵᠠᠷᠤᠳᠠᠭ ᠪᠠᠶᠢᠭᠰᠠᠨ ᠭᠡᠳᠡᠭ᠃ ᠤᠳᠤ ᠵᠠᠷᠤᠳ ᠮᠤᠩᠭᠤᠯᠴᠤᠳ ᠤᠨ ᠲᠤᠳᠤᠷ᠎ᠠ ᠬᠠᠮᠠᠷ ᠲᠠᠮᠠᠬᠢ ᠲᠠᠳᠠᠳᠠᠭ ᠬᠦᠮᠦᠨ ᠪᠠᠷᠤᠭ ᠦᠭᠡᠢ ᠪᠤᠯᠵᠠᠢ᠃ ᠲᠡᠶᠢᠮᠦ ᠠᠴᠠ ᠤᠳᠤ ᠬᠦᠬᠦᠷ ᠰᠤᠯᠢᠯᠴᠠᠬᠤ ᠮᠡᠳᠦ ᠶᠢᠨ ᠬᠦᠨᠳᠦᠳᠭᠡᠵᠦ ᠮᠡᠨᠳᠤᠴᠢᠯᠡᠬᠦ ᠮᠤᠩᠭᠤᠯ ᠤᠨ ᠰᠠᠶᠢᠬᠠᠨ ᠵᠠᠩ ᠦᠢᠯᠡ ᠴᠤ ᠬᠡᠭᠡᠭᠳᠡᠨ ᠤᠷᠬᠢᠭᠳᠠᠵᠠᠢ᠃ ᠬᠦᠬᠦᠷ ᠨᠢ ᠡᠶᠢᠨᠬᠦ ᠬᠦᠮᠦᠰ ᠤᠨ ᠲᠤᠮᠳᠠ ᠲᠡᠳᠦ᠋ᠢᠯᠡ ᠬᠠᠷᠠᠭᠳᠠᠬᠤ ᠦᠭᠡᠢ ᠪᠤᠯᠤᠭᠰᠠᠨ ᠪᠤᠯᠪᠠᠴᠤ ᠬᠦᠬᠦᠷ ᠤᠨ ᠤᠭᠤᠳᠠ ᠪᠤᠯᠬᠤ ᠲᠠᠯᠢᠩ ᠨᠢ ᠬᠠᠷᠢᠨ ᠵᠠᠷᠤᠳ ᠨᠤᠳᠤᠭ ᠲᠤ ᠤᠯᠠᠨ ᠬᠠᠷᠠᠭᠳᠠᠨ᠎ᠠ᠃ ᠵᠠᠷᠤᠳ ᠮᠤᠩᠭᠤᠯ ᠤᠶᠤᠳᠠᠯᠴᠢᠳ ᠬᠦᠬᠦᠷ ᠤᠨ ᠲᠠᠯᠢᠩ ᠢ ᠪᠠᠷᠤᠭ ᠨᠢᠭᠡ ᠲᠦᠭᠡ ᠦᠷᠭᠡᠨ ᠢᠶᠠᠷ ᠭᠤᠷᠪᠠ ᠠᠴᠠ ᠲᠦᠷᠪᠡᠨ ᠲᠦᠭᠡ ᠤᠷᠳᠤ ᠤᠷᠠᠯᠠᠨ ᠵᠤᠬᠢᠶᠠᠳᠠᠭ᠃ ᠦᠩᠭᠡᠷᠡᠭᠰᠡᠨ ᠳᠤ ᠵᠠᠷᠤᠳ ᠮᠤᠩᠭᠤᠯᠴᠤᠳ ᠬᠦᠬᠦᠷ ᠤᠨ ᠲᠠᠯᠢᠩ ᠢ ᠲᠦᠭᠡᠮᠡᠯ ᠭᠡᠷᠡᠭᠯᠡᠵᠦ ᠪᠠᠶᠢᠭᠰᠠᠨ ᠦᠶ᠎ᠡ ᠳᠤ᠂ ᠲᠠᠯᠢᠩ ᠵᠤᠬᠢᠶᠠᠬᠤ ᠳᠤ ᠪᠦᠰ᠂ ᠲᠤᠷᠭ᠎ᠠ ᠲᠤᠷᠳᠤᠩ᠂ ᠬᠢᠯᠢᠩ ᠵᠡᠷᠭᠡ ᠠᠳᠠᠯᠢ ᠪᠤᠰᠤ ᠮᠠᠲ᠋ᠧᠷᠢᠶᠠᠯ ᠢ ᠭᠡᠷᠡᠭᠯᠡᠳᠡᠭ ᠪᠠᠶᠢᠭᠰᠠᠨ ᠪᠦᠭᠡᠳ ᠲᠠᠯᠢᠩ ᠢᠶᠠᠨ ᠡᠩ ᠤᠨ ᠭᠡᠷᠡᠭᠯᠡᠭᠡᠨ ᠤ ᠲᠠᠯᠢᠩ ᠪᠤᠯᠤᠨ ᠵᠠᠰᠠᠯ ᠴᠢᠮᠡᠭᠯᠡᠯ ᠤᠨ ᠲᠠᠯᠢᠩ ᠭᠡᠵᠦ ᠬᠤᠶᠠᠷ ᠵᠦᠢᠯ ᠳᠤ ᠬᠤᠪᠢᠶᠠᠳᠠᠭ ᠪᠠᠶᠢᠭᠰᠠᠨ ᠭᠡᠳᠡᠭ᠃ ᠨᠡ᠊·ᠬᠡᠬᠡᠨᠰᠠᠷᠠ