-
146698
ᠪᠠᠭᠰᠢ ᠮᠢᠨᠢ
2016-09-10 21:55
711
0
ᠪᠠᠭᠰᠢ ᠮᠢᠨᠢ
ᠳᠠᠭᠤᠴᠢᠨ ᠴᠠᠭᠠᠨᠬᠦᠦ
ᠰᠡᠳᠬᠢᠯ ᠢᠶᠡᠷ ᠤᠪᠤᠭᠠᠯᠠᠭᠰᠠᠨ ᠨᠡᠷ᠎ᠡ ᠪᠢᠯᠡ
ᠵᠢᠳᠬᠦᠯ ᠢᠶᠡᠷ ᠲᠠᠮᠠᠭᠠᠯᠠᠭᠰᠠᠨ ᠮᠦᠷ ᠪᠢᠯᠡ
ᠡᠭᠦᠰᠭᠡᠯ ᠤᠭᠤᠷᠤᠭᠰᠠᠨ ᠡᠬᠡ ᠪᠢᠯᠡ
ᠬᠡᠶᠢᠰᠦᠬᠦᠯᠵᠦ ᠬᠤᠷᠢᠭᠰᠠᠨ ᠡᠴᠢᠭᠡ ᠪᠢᠯᠡ
ᠠ ᠠ ᠪᠠᠭᠰᠢ ᠮᠢᠨᠢ
ᠬᠡᠶᠢᠰᠦᠬᠦᠯᠵᠦ ᠬᠤᠷᠢᠭᠰᠠᠨ ᠡᠴᠢᠭᠡ ᠪᠢᠯᠡ
ᠤᠬᠠᠭ᠎ᠠ ᠣᠷᠣᠭᠣᠯᠣᠭᠰᠠᠨ ᠡᠮᠴᠢ ᠪᠢᠯᠡ
ᠵᠢᠯᠣᠭᠣ ᠵᠢᠭᠠᠭᠰᠠᠨ ᠵᠠᠮᠴᠢ ᠪᠢᠯᠡ
ᠰᠣᠷᠣᠭᠰᠠᠨ ᠨᠣᠮ ᠤᠨ ᠡᠵᠡᠨ ᠪᠢᠯᠡ
ᠭᠠᠷᠣᠭᠰᠠᠨ ᠵᠠᠮ ᠤᠨ ᠣᠳᠣᠨ ᠪᠢᠯᠡ
ᠠ ᠠ ᠪᠠᠭᠰᠢ ᠮᠢᠨᠢ
ᠭᠠᠷᠣᠭᠰᠠᠨ ᠵᠠᠮ ᠤᠨ ᠣᠳᠣᠨ ᠪᠢᠯᠡ
ᠬᠠᠯᠠᠮᠵᠢ ᠶᠢᠨ ᠠᠴᠢᠲᠠᠢ ᠬᠦᠮᠦᠨ ᠪᠢᠯᠡ
ᠦᠯᠡᠮᠵᠢ ᠶᠢᠨ ᠡᠷᠴᠢᠮᠲᠡᠢ ᠬᠦᠴᠦᠨ ᠪᠢᠯᠡ
ᠳᠤᠭᠤᠯᠭᠠᠬᠤ ᠰᠠᠶᠢᠬᠠᠨ ᠠᠯᠳᠠᠷ ᠪᠢᠯᠡ
ᠳᠠᠭᠤᠷᠢᠰᠬᠠᠬᠤ ᠭᠠᠶᠢᠬᠠᠮ᠎ᠠ ᠦᠯᠢᠭᠡᠷ ᠪᠢᠯᠡ
ᠠ ᠠ ᠪᠠᠭᠰᠢ ᠮᠢᠨᠢ
ᠳᠠᠭᠤᠷᠢᠰᠬᠠᠬᠤ ᠰᠠᠶᠢᠬᠠᠨ ᠦᠯᠢᠭᠡᠷ ᠪᠢᠯᠡ
2016 9 10