 

     

2018-06-25 15:54
  224
  0
   ᠸᠢᠲ᠋ᠠᠮᠢᠨ A  ᠹᠢᠽᠢᠦᠯᠤᠬᠢ ᠶᠢᠨ ᠴᠢᠳᠠᠪᠬᠢ᠄ ᠬᠠᠷᠠᠭ᠎ᠠ ᠶᠢ ᠪᠠᠳᠤᠯᠠᠨ᠎ᠠ  ᠦᠩᠭᠡᠨ ᠬᠦᠷᠦᠰᠦ ᠶᠢᠨ ᠬᠡᠪ ᠤᠨ ᠪᠤᠶᠢᠵᠢᠯᠳᠠ ᠪᠠ ᠵᠠᠳᠠᠷᠠᠯ ᠢ ᠪᠠᠳᠤᠯᠠᠨ᠎ᠠ  ᠠᠷᠤᠭ ᠶᠠᠰᠤᠨ ᠤ ᠪᠤᠶᠢᠵᠢᠯᠳᠠ ᠶᠢ ᠠᠬᠢᠭᠤᠯᠤᠨ᠎ᠠ  ᠦᠮᠡᠨ ᠢ ᠰᠡᠷᠭᠡᠶᠢᠯᠡᠬᠦ ᠦᠢᠯᠡᠳᠦᠯ ᠲᠠᠢ᠃ ᠳᠤᠳᠠᠭᠳᠠᠭᠰᠠᠨ ᠡᠪᠡᠳᠴᠢᠨ ᠤ ᠢᠯᠡᠷᠡᠯ᠄ ᠰᠦᠨᠢ ᠶᠠᠭᠤᠮ᠎ᠠ ᠦᠵᠡᠬᠦ ᠨᠢ ᠮᠠᠭᠤᠳᠠᠨ᠎ᠠ  ᠭᠡᠳᠡᠰᠦᠨ ᠤ ᠬᠠᠯᠳᠠᠪᠤᠷᠢᠯᠠᠯ ᠳᠤ ᠠᠮᠠᠷᠬᠠᠨ ᠨᠡᠷᠪᠡᠭᠳᠡᠬᠦ ᠪᠠᠶᠢᠳᠠᠯ ᠭᠠᠷᠤᠨ᠎ᠠ  ᠠᠷᠠᠰᠤ ᠬᠠᠭᠤᠷᠠᠶᠢᠰᠢᠵᠤ ᠰᠢᠷᠦᠭᠦᠨ ᠪᠤᠯᠤᠨ᠎ᠠ᠂ ᠠᠷᠠᠰᠤᠨ ᠳᠤ ᠳᠤᠯᠪᠤ ᠭᠠᠷᠤᠨ᠎ᠠ᠃ ᠢᠳᠡᠭᠡᠨ ᠤ ᠭᠤᠤᠯ ᠢᠷᠡᠯᠳᠡ᠄ ᠠᠮᠢᠳᠠᠨ ᠤ ᠡᠯᠢᠭᠡ᠂ ᠤᠭᠤᠭᠠᠨ ᠦᠩᠭᠡᠳᠦ ᠢᠳᠡᠰᠢᠨ ᠨᠤᠭᠤᠭ᠎ᠠ᠂ ᠬᠤᠯᠤᠤᠪᠠᠩ᠂ ᠳᠦᠪᠡᠳ ᠬᠠᠰᠢ᠂ ᠤᠯᠠᠭᠠᠨ ᠭᠤᠤᠯ ᠲᠠᠢ ᠴᠠᠭᠠᠨ ᠰᠢᠬᠢᠷ ᠳᠦᠮᠦᠰᠦ᠂ ᠡᠷᠳᠡᠨᠢ ᠰᠢᠰᠢ᠂ ᠵᠦᠷᠵᠢ ᠵᠡᠷᠭᠡ᠃ 
    ᠸᠢᠲ᠋ᠠᠮᠢᠨ C  ᠹᠢᠽᠢᠤᠯᠤᠭᠢ ᠶᠢᠨ ᠴᠢᠳᠠᠪᠬᠢ᠄ ᠴᠢᠯᠦᠭᠡᠳᠦ ᠪᠦᠯᠦᠭ ᠢ ᠡᠰᠡᠷᠭᠦᠴᠡᠵᠦ᠂ ᠦᠮᠡᠨ ᠢ ᠰᠡᠷᠭᠡᠶᠢᠯᠡᠬᠦ ᠳᠤ ᠳᠤᠰᠠ ᠲᠠᠢ  ᠰᠦᠰᠦᠨ ᠤ ᠭᠤᠨᠠᠨ ᠠᠯᠺᠤᠤᠯ ᠢ ᠪᠠᠭᠤᠷᠠᠭᠤᠯᠵᠤ᠂ ᠪᠡᠶ᠎ᠡ ᠶᠢᠨ ᠦᠯᠦ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠦᠨ᠂ ᠴᠢᠰᠦ ᠦᠵᠢᠷᠡᠬᠦ ᠡᠪᠡᠳᠴᠢᠨ ᠢ ᠬᠤᠷᠢᠬᠯᠠᠳᠠᠭ᠃ ᠳᠤᠳᠠᠭᠳᠠᠭᠰᠠᠨ ᠡᠪᠡᠳᠴᠢᠨ ᠤ ᠢᠯᠡᠷᠡᠯ᠄ ᠰᠢᠳᠦᠨ ᠤ ᠪᠤᠶᠢᠯᠠ ᠠᠴᠠ ᠴᠢᠰᠦ ᠭᠠᠷᠤᠨ᠎ᠠ᠂ ᠰᠢᠳᠦ ᠤᠨᠠᠨ᠎ᠠ  ᠬᠢᠯᠭᠠᠰᠤᠨ ᠰᠤᠳᠠᠯ ᠬᠡᠪᠡᠷᠡᠭ ᠪᠤᠯᠵᠤ ᠰᠢᠷᠬ᠎ᠠ ᠡᠳᠡᠭᠡᠬᠦ ᠨᠢ ᠤᠳᠠᠭᠠᠨ᠂ ᠠᠷᠠᠰᠤᠨ ᠳᠤᠤᠷ᠎ᠠ ᠴᠢᠰᠦ ᠭᠠᠷᠬᠤ ᠵᠡᠷᠭᠡ᠃ ᠢᠳᠡᠭᠡᠨ ᠤ ᠭᠤᠤᠯ ᠢᠷᠡᠯᠳᠡ᠄ ᠵᠢᠮᠢᠰ ︵ᠤᠨᠴᠠᠭᠠᠢᠢᠯᠠᠨ ᠵᠦᠷᠵᠢᠯᠢᠭ ᠤᠨ ᠳᠦᠷᠦᠯ ᠤᠨ ᠵᠢᠮᠢᠰ︶᠂ ᠨᠤᠭᠤᠭᠠᠨ ᠦᠩᠭᠡᠳᠦ ᠢᠳᠡᠰᠢᠨ ᠨᠤᠭᠤᠭ᠎ᠠ᠂ ᠳᠦᠪᠡᠳ ᠬᠠᠰᠢ᠂ ᠳᠦᠮᠦᠰᠦ ᠵᠡᠷᠭᠡ᠃
    ᠸᠢᠲ᠋ᠠᠮᠢᠨ D  ᠹᠢᠽᠢᠤᠯᠤᠭᠢ ᠶᠢᠨ ᠴᠢᠳᠠᠪᠬᠢ᠄ ᠺᠠᠯᠼ ᠤᠨ ᠮᠤᠯᠧᠺᠦ᠋ᠯ ᠤᠨ ᠵᠦᠭᠡᠭᠡᠪᠦᠷᠢᠯᠡᠯᠳᠡ ᠳᠤ ᠳᠤᠰᠠᠯᠠᠵᠤ᠂ ᠬᠡᠦᠬᠡᠳ ᠤᠨ ᠰᠢᠳᠦ ᠪᠠ ᠠᠷᠤᠭ ᠶᠠᠰᠤᠨ ᠤ ᠪᠤᠶᠢᠵᠢᠯᠳᠠ ᠳᠤ ᠠᠰᠢᠬᠳᠠᠢ ᠪᠠᠶᠢᠳᠠᠭ  ᠨᠠᠰᠤᠨ ᠳᠤ ᠬᠦᠷᠦᠭᠰᠡᠳ ᠤᠨ ᠠᠷᠤᠭ ᠶᠠᠰᠤᠨ ᠤ ᠺᠠᠯᠼ ᠢ ᠨᠦᠬᠦᠪᠦᠷᠢᠯᠡᠵᠦ᠂ ᠶᠡᠰᠦ ᠭᠡᠪᠡᠷᠡᠭᠰᠢᠬᠦ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ᠃ ᠳᠤᠳᠠᠭᠳᠠᠭᠰᠠᠨ ᠡᠪᠡᠳᠴᠢᠨ ᠤ ᠢᠯᠡᠷᠡᠯ᠄ ᠬᠡᠦᠬᠡᠳ ᠤᠨ ᠶᠠᠰᠤ ᠵᠦᠭᠡᠯᠡᠷᠡᠬᠦ ᠡᠪᠡᠳᠴᠢᠨ᠂ ᠢᠳᠡᠭᠡᠨ ᠤ ᠳᠤᠷᠠᠰᠢᠯ ᠮᠠᠭᠤᠳᠠᠬᠤ  ᠰᠠᠭᠤᠯᠭᠠᠬᠤ ᠵᠡᠷᠭᠡ᠃ ᠢᠳᠡᠭᠡᠨ ᠤ ᠭᠤᠤᠯ ᠢᠷᠡᠯᠳᠡ᠄ ᠵᠢᠭᠠᠰᠤᠨ ᠤ ᠡᠯᠢᠭᠡᠨ ᠳᠤᠰᠤ᠂ ᠴᠠᠭᠠᠨ ᠢᠳᠡᠭᠡᠨ᠂ ᠦᠨᠳᠡᠭᠡ ᠵᠡᠷᠭᠡ᠃
    ᠸᠢᠲ᠋ᠠᠮᠢᠨ E  ᠹᠢᠽᠢᠤᠯᠤᠭᠢ ᠶᠢᠨ ᠴᠢᠳᠠᠪᠬᠢ᠄ ᠢᠰᠦᠯᠳᠦᠬᠦ ᠶᠢ ᠡᠰᠡᠷᠭᠦᠴᠡᠭᠴᠢ ᠡᠳ᠋ ᠪᠠᠶᠢᠵᠤ᠂ ᠦᠮᠡᠨ ᠢ ᠰᠡᠷᠭᠡᠶᠢᠯᠡᠬᠦ ᠦᠢᠯᠡᠳᠦᠯ ᠲᠠᠢ  ᠦᠷᠡᠵᠢᠯ ᠤᠨ ᠴᠢᠳᠠᠪᠬᠢ ᠶᠢ ᠳᠡᠳᠭᠦᠳᠡᠭ᠃ ᠳᠤᠳᠠᠭᠳᠠᠭᠰᠠᠨ ᠡᠪᠡᠳᠴᠢᠨ ᠤ ᠢᠯᠡᠷᠡᠯ᠄ ᠴᠢᠰᠦᠨ ᠤ ᠤᠯᠠᠭᠠᠨ ᠴᠤᠭᠴᠠ ᠡᠪᠳᠡᠭᠳᠡᠬᠦ᠂ ᠮᠡᠳᠡᠷᠡᠯ ᠬᠤᠬᠢᠷᠠᠯ ᠳᠤ ᠤᠴᠠᠷᠠᠬᠤ᠂ ᠰᠢᠮ᠎ᠡ ᠳᠡᠵᠢᠭᠡᠯ ᠤᠨ ᠴᠢᠨᠠᠷᠳᠠᠢ ᠪᠤᠯᠴᠢᠩ ᠠᠪᠴᠢᠬᠤ᠂ ᠵᠢᠷᠮᠦᠰᠦᠯᠡᠬᠦ ᠦᠭᠡᠢ᠂ ᠰᠠᠷ᠎ᠠ ᠶᠢᠨ ᠭᠭᠢᠷ ᠳᠡᠭᠰᠢ ᠦᠭᠡᠢ᠂ ᠬᠡᠦᠬᠡᠨ ᠭᠡᠪᠳᠡᠰᠢ ᠶᠢᠨ ᠴᠢᠳᠠᠪᠬᠢ ᠳᠤᠷᠦ᠋ᠢᠳᠠᠬᠤ ᠵᠡᠷᠭᠡ᠃ ᠢᠳᠡᠭᠡᠨ ᠤ ᠭᠤᠤᠯ ᠢᠷᠡᠯᠳᠡ᠄ ᠤᠷᠭᠤᠮᠠᠯ ᠤᠨ ᠳᠤᠰᠤ᠂ ᠬᠦᠨ ᠨᠤᠭᠤᠭᠠᠨ ᠦᠩᠭᠡᠳᠡᠢ ᠢᠳᠡᠰᠢᠨ ᠨᠤᠭᠤᠭ᠎ᠠ᠂ ᠦᠨᠢᠶᠡᠨ ᠰᠦ᠂ ᠦᠨᠳᠡᠭᠡ᠂ ᠡᠯᠢᠭᠡ᠂ ᠪᠤᠭᠤᠳᠠᠢ᠂ ᠵᠢᠮᠢᠰ ᠤᠨ ᠴᠦᠮ᠎ᠠ᠃
     ᠸᠢᠲ᠋ᠠᠮᠢᠨ B  ᠹᠢᠽᠢᠤᠯᠤᠭᠢ ᠶᠢᠨ ᠴᠢᠳᠠᠪᠬᠢ᠄ ᠨᠡᠭᠦᠷᠡᠰᠦ ᠤᠰᠤᠨ ᠤ ᠨᠢᠭᠡᠳᠪᠦᠷᠢ ᠪᠠ ᠦᠭᠡᠬᠦ ᠶᠢᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠵᠤ᠂ ᠡᠨᠧᠷᠭᠢ ᠶᠢᠨ ᠰᠢᠨ᠎ᠠ ᠬᠠᠭᠤᠴᠢᠨ ᠤ ᠰᠤᠯᠢᠯᠴᠠᠭᠠᠨ ᠳᠤ ᠨᠦᠬᠦᠪᠦᠷᠢ ᠢᠰᠭᠡᠭᠦᠷ ᠤᠨ ᠦᠢᠯᠡᠳᠦᠯ ᠦᠵᠡᠭᠦᠯᠳᠡᠭ᠂ ᠸᠢᠲ᠋ᠠᠮᠢᠨ B1 ᠪᠠᠶᠢᠬᠤ ᠦᠭᠡᠢ ᠪᠤᠯ ᠡᠨᠧᠷᠭᠢ ᠪᠠᠶᠢᠬᠤ ᠦᠭᠡᠢ  ᠮᠡᠳᠡᠷᠡᠯ ᠤᠨ ᠨᠡᠭᠡᠳᠡᠰᠦ ᠳᠤ ᠭᠡᠷᠡᠭᠰᠡᠭᠦ ᠡᠨᠧᠷᠭᠢ ᠶᠢ ᠬᠠᠩᠭᠠᠵᠤ᠂ ᠮᠡᠳᠡᠷᠡᠯ ᠤᠨ ᠨᠡᠭᠡᠳᠡᠰᠦ ᠶᠢᠨ ᠠᠪᠴᠢᠬᠤ ᠪᠠ ᠳᠤᠷᠦ᠋ᠢᠳᠠᠬᠤ ᠠᠴᠠ ᠰᠡᠷᠭᠡᠶᠢᠯᠡᠳᠡᠭ  ᠬᠦᠯ ᠤᠨ ᠪᠠᠮ ᠡᠪᠡᠳᠴᠢᠨ ᠢ ᠰᠡᠷᠭᠡᠶᠢᠯᠡᠨ ᠵᠠᠰᠠᠬᠤ ᠦᠢᠯᠡᠳᠦᠯ ᠲᠠᠢ  ᠬᠦᠮᠦᠨ ᠤ ᠬᠡᠪ ᠤᠨ ᠢᠳᠡᠭᠡᠨ ᠤ ᠳᠤᠷᠠᠰᠢᠯ᠂ ᠪᠤᠯᠴᠢᠩ ᠤᠨ ᠬᠠᠷᠢᠮᠠᠬᠠᠢ ᠴᠢᠨᠠᠷ ᠢ ᠪᠠᠳᠤᠯᠠᠬᠤ ᠪᠠ ᠡᠷᠡᠭᠦᠯ ᠤᠷᠮ᠎ᠠ ᠰᠡᠳᠭᠢᠯᠭᠡ ᠶᠢ ᠳᠡᠳᠭᠦᠬᠦ ᠵᠡᠷᠭᠡ ᠦᠢᠯᠡᠳᠦᠯ ᠲᠠᠢ᠃ ᠳᠤᠳᠠᠭᠳᠠᠭᠰᠠᠨ ᠡᠪᠡᠳᠴᠢᠨ ᠤ ᠢᠯᠡᠷᠡᠯ᠄ ᠢᠳᠡᠭᠡᠨ ᠤ ᠳᠤᠷᠠᠰᠢᠯ ᠮᠠᠭᠤᠳᠠᠨ᠎ᠠ᠂ ᠴᠡᠭᠡᠵᠢᠯᠡᠬᠦ ᠴᠢᠳᠠᠪᠤᠷᠢ ᠮᠠᠭᠤᠳᠠᠨ᠎ᠠ᠂ ᠠᠭᠤᠷ ᠤᠴᠠᠭᠠᠷ ᠶᠡᠬᠡᠳᠡᠢ ᠪᠤᠯᠤᠨ᠎ᠠ᠂ ᠠᠮᠠᠷᠬᠠᠨ ᠶᠠᠳᠠᠷᠠᠨ᠎ᠠ᠂ ᠳᠤᠩᠭᠢᠶ᠎ᠠ ᠪᠢᠳᠠᠭᠤ ᠪᠠᠶᠢᠳᠠᠯ ᠭᠠᠷᠤᠨ᠎ᠠ᠂ ᠶᠡᠬᠡᠪᠡᠷ ᠳᠤᠳᠠᠭᠳᠠᠪᠠᠯ ᠪᠦᠭᠡᠯᠵᠢᠨ᠎ᠠ᠂ ᠰᠠᠭᠤᠯᠭᠠᠨ᠎ᠠ᠂ ᠪᠤᠶᠢᠵᠢᠯᠳᠠ ᠤᠳᠠᠭᠠᠰᠢᠷᠠᠨ᠎ᠠ᠂ ᠳᠤᠷᠠᠬᠤ ᠪᠤᠶᠤ ᠪᠡᠶ᠎ᠡ ᠶᠢᠨ ᠬᠦᠨᠳᠦ ᠪᠠᠭᠤᠷᠠᠨ᠎ᠠ᠂ ᠬᠤᠭᠤᠯᠠᠢ ᠰᠦᠭᠡᠩᠬᠢᠷᠡᠨ᠎ᠠ᠃ ᠢᠳᠡᠭᠡᠨ ᠤ ᠭᠤᠤᠯ ᠢᠷᠡᠯᠳᠡ᠄ ᠨᠠᠷᠠᠨ ᠬᠤᠸᠠᠷ ᠤᠨ ᠦᠷ᠎ᠡ᠂ ᠪᠤᠭᠤᠳᠠᠢ ᠶᠢᠨ ᠭᠤᠯᠢᠷ᠂ ᠨᠤᠬᠠᠢ ᠶᠢᠨ ᠬᠤᠰᠢᠭᠤ᠂ ᠠᠯᠠᠰᠢ ᠠᠮᠤ᠂ ᠰᠢᠨ᠎ᠡ ᠰᠤᠷᠭᠤᠭ ᠢᠳᠡᠰᠢᠨ ᠨᠤᠭᠤᠭ᠎ᠠ᠂ ᠬᠠᠷ᠎ᠠ ᠮᠢᠬ᠎ᠠ ᠪᠠ ᠠᠮᠢᠳᠠᠨ ᠤ ᠡᠯᠢᠭᠡ᠂ ᠳᠠᠬᠢᠶᠠᠨ ᠦᠨᠳᠡᠭᠡ᠂ ᠪᠤᠷᠴᠠᠭ ᠤᠨ ᠢᠳᠡᠭᠡᠨ ᠵᠡᠷᠭᠡ᠃
     ᠸᠢᠲ᠋ᠠᠮᠢᠨ B2  ᠹᠢᠽᠢᠤᠯᠤᠭᠢ ᠶᠢᠨ ᠴᠢᠳᠠᠪᠬᠢ᠄ ᠬᠠᠷᠠᠭ᠎ᠠ ᠶᠢ ᠪᠠᠳᠤᠯᠠᠵᠤ᠂ ᠴᠠᠭᠠᠨ ᠬᠠᠷᠠᠩ ᠡᠪᠡᠳᠴᠢᠨ ᠢ ᠰᠡᠷᠭᠡᠶᠢᠯᠡᠨ᠎ᠠ  ᠠᠮᠠᠨ ᠬᠦᠨᠳᠡᠢ ᠵᠢᠴᠢ ᠰᠢᠩᠭᠡᠭᠡᠯᠳᠡ ᠶᠢᠨ ᠵᠠᠮ ᠤᠨ ᠰᠠᠯᠢᠰᠤᠳᠤ ᠪᠦᠷᠭᠦᠪᠴᠢ ᠶᠢᠨ ᠡᠷᠡᠭᠦᠯ ᠮᠡᠨᠳᠦ ᠶᠢ ᠪᠠᠳᠤᠯᠠᠨ᠎ᠠ  ᠨᠡᠭᠦᠷᠡᠰᠦ ᠤᠰᠤᠨ ᠤ ᠨᠢᠭᠡᠳᠪᠦᠷᠢ᠂ ᠦᠭᠡᠬᠦ᠂ ᠤᠭᠤᠷᠠᠭ ᠤᠨ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠬᠢᠭᠤᠯᠬᠤ ᠶᠢᠨ ᠬᠠᠮᠳᠤ ᠡᠰᠡᠷᠭᠦᠴᠡᠭᠴᠢ ᠪᠡᠶ᠎ᠡ ᠵᠢᠴᠢ ᠴᠢᠰᠦᠨ ᠤ ᠤᠯᠠᠭᠠᠨ ᠴᠤᠭᠴᠠ ᠪᠦᠷᠢᠯᠳᠦᠬᠦ ᠳᠤ ᠠᠰᠢᠬᠳᠠᠢ ᠪᠠᠶᠢᠵᠤ᠂ ᠡᠰ ᠤᠨ ᠠᠮᠢᠰᠬᠤᠬᠤ ᠶᠢ ᠪᠠᠳᠤᠯᠠᠳᠠᠭ᠃ ᠳᠤᠳᠠᠭᠳᠠᠭᠰᠠᠨ ᠡᠪᠡᠳᠴᠢᠨ ᠤ ᠢᠯᠡᠷᠡᠯ᠄ ᠵᠠᠪᠠᠵᠢ ᠬᠠᠭᠠᠷᠠᠬᠤ᠂ ᠰᠢᠷᠬᠠᠯᠠᠬᠤ᠂ ᠠᠮᠠᠨ ᠬᠦᠨᠳᠡᠢ ᠶᠢᠨ ᠰᠠᠯᠢᠰᠤᠳᠤ ᠪᠦᠷᠭᠦᠪᠴᠢ ᠦᠷᠪᠢᠰᠬᠦ᠂ ᠨᠢᠳᠤ ᠠᠮᠠᠷᠬᠠᠨ ᠶᠠᠳᠠᠷᠠᠬᠤ᠃ ᠢᠳᠡᠭᠡᠨ ᠤ ᠭᠤᠤᠯ ᠢᠷᠡᠯᠳᠡ᠄ ᠠᠮᠢᠳᠠᠨ ᠤ ᠡᠯᠢᠭᠡ᠂ ᠬᠠᠷ᠎ᠠ ᠮᠢᠬ᠎ᠠ᠂ ᠬᠦᠷᠦᠩᠭᠡᠨᠴᠢᠷ᠂ ᠰᠢᠷ᠎ᠡ ᠪᠤᠷᠴᠠᠭ᠂ ᠪᠤᠳᠠᠭᠠᠨ ᠤ ᠠᠭᠠᠭ᠂ ᠨᠤᠭᠤᠭᠠᠨ ᠨᠠᠪᠴᠢᠳᠤ ᠢᠳᠡᠰᠢᠨ ᠨᠤᠭᠤᠭ᠎ᠠ ᠵᠡᠷᠭᠡ᠃
      ᠸᠢᠲ᠋ᠠᠮᠢᠨ B3  ᠹᠢᠽᠢᠤᠯᠤᠭᠢ ᠶᠢᠨ ᠴᠢᠳᠠᠪᠬᠢ᠄ ᠠᠷᠠᠰᠤᠨ ᠤ ᠡᠷᠡᠭᠦᠯ ᠮᠡᠨᠳᠦ ᠶᠢ ᠪᠠᠳᠤᠯᠠᠵᠤ᠂ ᠴᠢᠰᠦᠨ ᠤ ᠡᠷᠭᠢᠯᠳᠡ ᠶᠢ ᠠᠬᠢᠭᠤᠯᠤᠨ᠎ᠠ  ᠮᠡᠳᠡᠷᠡᠯ ᠤᠨ ᠰᠢᠰᠲ᠋ᠧᠮ ᠤᠨ ᠬᠡᠪ ᠤᠨ ᠠᠵᠢᠯᠯᠠᠭ᠎ᠠ ᠶᠢ ᠪᠠᠳᠤᠯᠠᠬᠤ ᠳᠤ ᠠᠰᠢᠬᠳᠠᠢ ᠦᠢᠯᠡᠳᠦᠯ ᠦᠵᠡᠭᠦᠯᠳᠡᠭ  ᠰᠢᠩᠭᠡᠭᠡᠯᠳᠡ ᠶᠢᠨ ᠰᠢᠰᠲ᠋ᠧᠮ ᠢ ᠴᠢᠬᠢᠷᠠᠭᠵᠢᠭᠤᠯᠵᠤ᠂ ᠠᠷᠠᠰᠤᠨ ᠤ ᠡᠷᠡᠭᠦᠯ ᠴᠢᠬᠢᠷᠠᠭ᠂ ᠭᠤᠸᠠᠵᠢᠯ ᠳᠤ ᠠᠰᠢᠬᠳᠠᠢ  ᠳᠠᠯ᠎ᠠ ᠳᠤᠯᠤᠭᠠᠢ ᠡᠪᠡᠳᠬᠦ᠂ ᠴᠢᠰᠦᠨ ᠳᠠᠷᠤᠯᠳᠠ ᠦᠨᠳᠦᠷ ᠡᠪᠡᠳᠴᠢᠨ᠂ ᠰᠠᠭᠤᠯᠭᠠᠬᠤ ᠵᠡᠷᠭᠡ ᠡᠪᠡᠳᠴᠢᠨ ᠢ ᠨᠠᠮᠳᠠᠭᠤᠯᠬᠤ ᠦᠢᠯᠡᠳᠦᠯ ᠲᠠᠢ  ᠠᠮᠠᠷᠠᠤ ᠶᠢ ᠵᠠᠰᠠᠵᠤ᠂ ᠠᠮᠠᠨ ᠤ ᠦᠮᠡᠭᠡᠢ ᠶᠢ ᠠᠷᠢᠯᠭᠠᠨ᠂ ᠰᠦᠰᠦᠨ ᠤ ᠭᠤᠨᠠᠨ ᠠᠯᠺᠤᠤᠯ ᠤᠨ ᠳᠦᠪᠰᠢᠨ ᠢ ᠪᠠᠭᠤᠷᠠᠭᠤᠯᠳᠠᠭ᠃ ᠳᠤᠳᠠᠭᠳᠠᠭᠰᠠᠨ ᠡᠪᠡᠳᠴᠢᠨ ᠤ ᠢᠯᠡᠷᠡᠯ᠄ ᠳᠤᠯᠤᠭᠠᠢ ᠡᠪᠡᠳᠦᠨ᠎ᠠ᠂ ᠶᠠᠳᠠᠷᠠᠨ᠎ᠠ᠂ ᠪᠦᠭᠡᠯᠵᠢᠵᠤ ᠤᠬᠰᠢᠭᠤᠯᠤᠨ᠎ᠠ᠂ ᠪᠤᠯᠴᠢᠩ ᠱᠠᠷᠭᠢᠷᠠᠵᠤ ᠡᠪᠡᠳᠦᠨ᠎ᠠ᠃ ᠢᠳᠡᠭᠡᠨ ᠤ ᠭᠤᠤᠯ ᠢᠷᠡᠯᠳᠡ᠄ ᠨᠤᠭᠤᠭᠠᠨ ᠨᠠᠪᠴᠢᠳᠤ ᠢᠳᠡᠰᠢᠨ ᠨᠤᠭᠤᠭ᠎ᠠ᠂ ᠪᠦᠭᠡᠷ᠎ᠡ᠂ ᠡᠯᠢᠭᠡ᠂ ᠦᠨᠳᠡᠭᠡ ᠵᠡᠷᠭᠡ᠃
     ᠸᠢᠲ᠋ᠠᠮᠢᠨ B5  ᠹᠢᠽᠢᠤᠯᠤᠭᠢ ᠶᠢᠨ ᠴᠢᠳᠠᠪᠬᠢ᠄ ᠡᠰᠡᠷᠭᠦᠴᠡᠭᠴᠢ ᠪᠡᠶ᠎ᠡ ᠶᠢ ᠪᠦᠲᠦᠭᠡᠵᠦ᠂ ᠦᠯᠦ ᠬᠠᠯᠳᠠᠭᠠᠬᠤ ᠴᠢᠳᠠᠪᠤᠷᠢ ᠶᠢ ᠰᠠᠶᠢᠵᠢᠷᠠᠭᠤᠯᠤᠨ᠂ ᠰᠢᠬᠢᠷ ᠤᠨ ᠵᠦᠢᠯ᠂ ᠦᠭᠡᠬᠦ ᠵᠢᠴᠢ ᠤᠭᠤᠷᠠᠭ ᠤᠨ ᠡᠨᠧᠷᠭᠢ ᠦᠢᠯᠡᠳᠪᠦᠷᠢᠯᠡᠬᠦ ᠳᠤ ᠳᠤᠰᠠᠯᠠᠨ᠎ᠠ  ᠰᠢᠷᠬ᠎ᠠ ᠶᠢᠨ ᠡᠳᠡᠭᠡᠷᠡᠯᠳᠡ ᠶᠢ ᠳᠦᠷᠭᠡᠳᠭᠡᠵᠦ᠂ ᠬᠦᠮᠦᠨ ᠤ ᠪᠡᠶ᠎ᠡ ᠶᠢᠨ ᠡᠰᠡᠷᠭᠦᠴᠡᠭᠴᠢ ᠴᠤᠭᠴᠠ ᠶᠢ ᠪᠤᠢ ᠪᠤᠯᠭᠠᠨ ᠪᠠᠺᠲ᠋ᠧᠷᠢ ᠶᠢᠨ ᠬᠠᠯᠳᠠᠪᠤᠷᠢᠯᠠᠯ ᠢ ᠰᠡᠷᠭᠡᠶᠢᠯᠡᠨ᠎ᠠ  ᠮᠡᠰᠡ ᠵᠠᠰᠠᠯ ᠤᠨ ᠳᠠᠷᠠᠭ᠎ᠠ ᠰᠠᠯᠭᠠᠨᠠᠬᠤ ᠶᠢ ᠵᠠᠰᠠᠵᠤ᠂ ᠶᠠᠳᠠᠷᠠᠯ ᠢ ᠰᠡᠷᠭᠡᠶᠢᠯᠡᠨ᠎ᠠ᠃ ᠳᠤᠳᠠᠭᠳᠠᠭᠰᠠᠨ ᠡᠪᠡᠳᠴᠢᠨ ᠤ ᠢᠯᠡᠷᠡᠯ᠄ ᠠᠮᠠᠷᠠᠤ᠂ ᠴᠡᠭᠡᠵᠢᠯᠡᠬᠦ ᠴᠢᠳᠠᠪᠤᠷᠢ ᠳᠤᠷᠦ᠋ᠢᠳᠠᠬᠤ᠂ ᠨᠦᠢᠷ ᠬᠤᠯᠵᠢᠬᠤ᠂ ᠰᠠᠭᠤᠯᠭᠠᠬᠤ᠂ ᠶᠠᠳᠠᠷᠠᠬᠤ᠂ ᠴᠢᠰᠦᠨ ᠤ ᠰᠢᠬᠢᠷ ᠳᠤᠤᠷ᠎ᠠ ᠪᠤᠯᠬᠤ ᠵᠡᠷᠭᠡ᠃ ᠢᠳᠡᠭᠡᠨ ᠤ ᠭᠤᠤᠯ ᠢᠷᠡᠯᠳᠡ᠄ ᠠᠯᠠᠰᠢ ᠠᠮᠤ᠂ ᠡᠯᠢᠭᠡ᠂ ᠦᠨᠳᠡᠭᠡ᠂ ᠮᠢᠬ᠎ᠠ ᠵᠡᠷᠭᠡ᠃ 
     ᠸᠢᠲ᠋ᠠᠮᠢᠨ B6  ᠹᠢᠽᠢᠤᠯᠤᠭᠢ ᠶᠢᠨ ᠴᠢᠳᠠᠪᠬᠢ᠄ ᠪᠡᠶ᠎ᠡ ᠵᠢᠴᠢ ᠤᠶᠤᠨ ᠮᠡᠳᠡᠷᠡᠯ ᠤᠨ ᠰᠢᠰᠲ᠋ᠧᠮ ᠤᠨ ᠬᠡᠪ ᠤᠨ ᠠᠵᠢᠯᠯᠠᠭ᠎ᠠ ᠶᠢ ᠪᠠᠳᠤᠯᠠᠵᠤ᠂ ᠪᠡᠶ᠎ᠡ ᠳᠠᠬᠢ ᠨᠠᠲᠷᠢ᠂ ᠺᠠᠯᠢ ᠶᠢ ᠳᠡᠩᠴᠡᠭᠦᠷᠢ ᠲᠠᠢ ᠪᠠᠶᠢᠯᠭᠠᠨ᠂ ᠴᠢᠰᠦᠨ ᠤ ᠤᠯᠠᠭᠠᠨ ᠴᠤᠭᠴᠠ ᠶᠢ ᠪᠦᠲᠦᠭᠡᠨ᠎ᠠ  ᠪᠡᠶ᠎ᠡ ᠶᠢᠨ ᠰᠢᠩᠭᠡᠨ ᠢ ᠵᠤᠬᠢᠴᠠᠭᠤᠯᠤᠨ᠂ ᠮᠡᠳᠡᠷᠡᠯ ᠪᠠ ᠠᠷᠤᠭ ᠶᠠᠰᠤ ᠪᠤᠯᠴᠢᠩ ᠤᠨ ᠰᠢᠰᠲ᠋ᠧᠮ ᠤᠨ ᠬᠡᠪ ᠤᠨ ᠴᠢᠳᠠᠪᠬᠢ ᠶᠢ ᠠᠬᠢᠭᠤᠯᠤᠨ᠎ᠠ᠃ ᠰᠢᠭᠡᠰᠦ ᠶᠢ ᠰᠠᠶᠢᠵᠢᠷᠠᠭᠤᠯᠬᠤ ᠡᠳ᠋ ᠪᠤᠯᠤᠨ᠎ᠠ᠃ ᠳᠤᠳᠠᠭᠳᠠᠭᠰᠠᠨ ᠡᠪᠡᠳᠴᠢᠨ ᠤ ᠢᠯᠡᠷᠡᠯ᠄ ᠴᠢᠰᠦ ᠳᠤᠳᠠᠬᠤ᠂ ᠰᠢᠷᠪᠤᠰᠦ ᠳᠠᠳᠠᠬᠤ᠂ ᠳᠤᠯᠤᠭᠠᠢ ᠡᠪᠡᠳᠬᠦ᠂ ᠪᠦᠭᠡᠯᠵᠢᠵᠦ ᠤᠬᠰᠢᠭᠤᠯᠬᠤ᠂ ᠶᠠᠷ᠎ᠠ ᠭᠠᠷᠬᠤ᠃ ᠢᠳᠡᠭᠡᠨ ᠤ ᠭᠤᠤᠯ ᠢᠷᠡᠯᠳᠡ᠄ ᠬᠠᠷ᠎ᠠ ᠮᠢᠬ᠎ᠠ᠂ ᠵᠢᠮᠢᠰ ᠤᠨ ᠴᠦᠮ᠎ᠠ᠂ ᠠᠯᠠᠰᠢ ᠠᠮᠤ᠂ ᠨᠤᠭᠤᠭᠠᠨ ᠨᠠᠪᠴᠢᠳᠤ ᠢᠳᠡᠰᠢᠨ ᠨᠤᠭᠤᠭ᠎ᠠ᠂ ᠪᠠᠨᠠᠨᠠ ᠵᠡᠷᠭᠡ᠃
     ᠸᠢᠲ᠋ᠠᠮᠢᠨ B11  ᠨᠠᠪᠴᠢᠨ ᠬᠦᠴᠢᠯ   ᠹᠢᠽᠢᠤᠯᠤᠭᠢ ᠶᠢᠨ ᠴᠢᠳᠠᠪᠬᠢ᠄ ᠴᠢᠰᠦᠨ ᠤ ᠤᠯᠠᠭᠠᠨ ᠴᠤᠭᠴᠠ ᠪᠠ ᠴᠠᠭᠠᠨ ᠴᠤᠭᠴᠠ ᠶᠢ ᠪᠦᠲᠦᠭᠡᠵᠦ᠂ ᠦᠯᠦ ᠬᠠᠯᠳᠠᠭᠠᠬᠤ ᠴᠢᠳᠠᠪᠤᠷᠢ ᠶᠢ ᠰᠠᠶᠢᠵᠢᠷᠠᠭᠤᠯᠳᠠᠭ᠃ ᠳᠤᠳᠠᠭᠳᠠᠭᠰᠠᠨ ᠡᠪᠡᠳᠴᠢᠨ ᠤ ᠢᠯᠡᠷᠡᠯ᠄ ᠬᠡᠯᠡ ᠤᠯᠠᠶᠢᠵᠤ ᠬᠠᠪᠤᠳᠬᠤ᠂ ᠴᠢᠰᠦ ᠳᠤᠳᠠᠬᠤ᠂ ᠰᠢᠩᠭᠡᠭᠡᠯᠳᠡ ᠮᠠᠭᠤᠳᠠᠬᠤ᠂ ᠶᠠᠳᠠᠷᠠᠬᠤ᠂ ᠦᠰᠦ ᠴᠠᠶᠢᠬᠤ᠂ ᠴᠡᠭᠡᠵᠢᠯᠡᠬᠦ ᠴᠢᠳᠠᠪᠤᠷᠢ ᠳᠤᠷᠦ᠋ᠢᠳᠠᠬᠤ᠃ ᠢᠳᠡᠭᠡᠨ ᠤ ᠭᠤᠤᠯ ᠢᠷᠡᠯᠳᠡ᠄ ᠢᠳᠡᠰᠢᠨ ᠨᠤᠭᠤᠭ᠎ᠠ᠂ ᠮᠢᠬ᠎ᠠ᠂ ᠬᠦᠷᠦᠩᠭᠡᠨᠴᠢᠷ ᠵᠡᠷᠭᠡ᠃
     ᠸᠢᠲ᠋ᠠᠮᠢᠨ B12  ᠹᠢᠽᠢᠤᠯᠤᠭᠢ ᠶᠢᠨ ᠴᠢᠳᠠᠪᠬᠢ᠄ ᠪᠡᠶ᠎ᠡ ᠶᠢᠨ ᠴᠢᠰᠦᠨ ᠤ ᠤᠯᠠᠭᠠᠨ ᠴᠤᠭᠴᠠ ᠶᠢ ᠪᠦᠳᠦᠭᠡᠬᠦ ᠪᠠ ᠰᠢᠨᠡᠴᠢᠯᠠᠵᠤ᠂ ᠴᠢᠰᠦ ᠳᠤᠳᠠᠬᠤ ᠡᠪᠡᠳᠴᠢᠨ ᠢ ᠰᠡᠷᠭᠡᠶᠢᠯᠡᠨ᠎ᠠ  ᠬᠡᠦᠬᠡᠳ ᠤᠨ ᠪᠤᠶᠢᠵᠢᠯᠳᠠ ᠳᠤ ᠳᠤᠰᠠᠳᠠᠢ  ᠮᠡᠳᠡᠷᠡᠯ ᠤᠨ ᠰᠢᠰᠲ᠋ᠧᠮ ᠤᠨ ᠡᠷᠡᠭᠦᠯ ᠮᠡᠨᠳᠦ ᠶᠢ ᠪᠠᠳᠤᠯᠠᠵᠤ᠂ ᠬᠠᠷᠰᠢᠮᠠᠳᠠᠭᠠᠢ ᠡᠪᠡᠳᠴᠢᠨ ᠤ ᠢᠯᠡᠷᠡᠯ ᠢ ᠨᠠᠮᠳᠠᠭᠤᠯᠬᠤ ᠪᠤᠶᠤ ᠠᠷᠢᠯᠭᠠᠵᠤ᠂ ᠴᠡᠭᠡᠵᠢᠯᠡᠬᠦ ᠴᠢᠳᠠᠪᠤᠷᠢ ᠪᠠ ᠪᠡᠶ᠎ᠡ ᠶᠢᠨ ᠳᠡᠩᠴᠡᠭᠦᠷᠢ ᠪᠠᠨ ᠤᠯᠬᠤ ᠴᠢᠳᠠᠪᠤᠷᠢ ᠶᠢ ᠰᠠᠶᠢᠵᠢᠷᠠᠭᠤᠯᠤᠨ᠎ᠠ᠃ ᠳᠤᠳᠠᠭᠳᠠᠭᠰᠠᠨ ᠡᠪᠡᠳᠴᠢᠨ ᠤ ᠢᠯᠡᠷᠡᠯ᠄ ᠶᠠᠳᠠᠷᠠᠨ᠎ᠠ᠂ ᠭᠠᠩᠰᠠᠷᠠᠨ᠎ᠠ᠂ ᠴᠡᠭᠡᠵᠢᠯᠡᠬᠦ ᠴᠢᠳᠠᠪᠤᠷᠢ ᠳᠤᠷᠦ᠋ᠢᠳᠠᠨ᠎ᠠ᠂ ᠬᠤᠤᠷᠠᠳᠤ ᠴᠢᠨᠠᠷᠳᠠᠢ ᠴᠢᠰᠦ ᠳᠤᠳᠠᠬᠤ ᠡᠪᠡᠳᠴᠢᠨ ᠪᠤᠯᠤᠨ᠎ᠠ᠃ ᠢᠳᠡᠭᠡᠨ ᠤ ᠭᠤᠤᠯ ᠢᠷᠡᠯᠳᠡ᠄ ᠡᠯᠢᠭᠡ᠂ ᠮᠢᠬ᠎ᠠ᠂ ᠦᠨᠳᠡᠭᠡ᠂ ᠵᠢᠭᠠᠰᠤ᠂ ᠰᠦ ᠵᠡᠷᠭᠡ᠃
     ᠸᠢᠲ᠋ᠠᠮᠢᠨ B13  ᠹᠢᠽᠢᠤᠯᠤᠭᠢ ᠶᠢᠨ ᠴᠢᠳᠠᠪᠬᠢ᠄ ᠸᠢᠲ᠋ᠠᠮᠢᠨ B᠎ ᠶᠢᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠵᠤ᠂ ᠸᠢᠲ᠋ᠠᠮᠢᠨ B12 ᠪᠠ ᠨᠠᠪᠴᠢᠨ ᠬᠦᠴᠢᠯ ᠲᠠᠢ ᠴᠤᠭ ᠰᠢᠨ᠎ᠠ ᠬᠠᠭᠤᠴᠢᠨ ᠤ ᠰᠤᠯᠢᠯᠴᠠᠭ᠎ᠠ ᠬᠢᠵᠦ᠂ ᠡᠰ ᠤᠨ ᠰᠡᠷᠭᠦᠯᠳᠡ ᠪᠠ ᠨᠦᠬᠦᠨ ᠰᠡᠯᠪᠢᠯᠳᠡ ᠳᠤ ᠳᠤᠰᠠ ᠪᠤᠯᠳᠠᠭ᠃
     ᠸᠢᠲ᠋ᠠᠮᠢᠨ B15  ᠹᠢᠽᠢᠤᠯᠤᠭᠢ ᠶᠢᠨ ᠴᠢᠳᠠᠪᠬᠢ᠄ ᠪᠡᠶ᠎ᠡ ᠶᠢᠨ ᠡᠷᠭᠡᠳᠡᠨ ᠨᠡᠭᠡᠳᠡᠰᠦ ᠳᠤ᠂ ᠤᠨᠴᠠᠭᠠᠢᠢᠯᠠᠨ ᠵᠢᠷᠦᠭᠡ ᠪᠠ ᠪᠤᠰᠤᠳ ᠪᠤᠯᠴᠢᠩ ᠳᠤ ᠬᠦᠴᠢᠯᠳᠦ᠋ᠷᠦᠭᠴᠢ ᠳᠤᠳᠠᠭᠳᠠᠭᠰᠠᠨ ᠪᠠᠶᠢᠳᠠᠯ ᠢ ᠠᠷᠢᠯᠭᠠᠨ᠎ᠠ᠃ ᠤᠭᠤᠷᠠᠭ ᠤᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠵᠤ᠂ ᠪᠤᠯᠴᠢᠷᠬᠠᠢ ᠶᠢᠨ ᠮᠡᠳᠡᠷᠡᠯ ᠤᠨ ᠰᠢᠰᠲ᠋ᠧᠮ ᠤᠨ ᠠᠵᠢᠯᠯᠠᠭ᠎ᠠ ᠳᠤ ᠰᠡᠳᠡᠯᠳᠡ ᠦᠭᠳᠡᠭ᠃
     ᠸᠢᠲ᠋ᠠᠮᠢᠨ B17  ᠹᠢᠽᠢᠤᠯᠤᠭᠢ ᠶᠢᠨ ᠴᠢᠳᠠᠪᠬᠢ᠄ ᠦᠮᠡᠨ ᠢ ᠰᠡᠷᠭᠡᠶᠢᠯᠡᠨ ᠵᠠᠰᠠᠬᠤ ᠦᠢᠯᠡᠳᠦᠯ ᠲᠠᠢ᠃ ᠤᠴᠢᠷ ᠨᠢ ᠸᠢᠲ᠋ᠠᠮᠢᠨ B17᠎ ᠳᠤ ︽ ᠼᠢᠶᠡᠨ︾᠎ ᠤ ᠮᠤᠯᠧᠺᠦ᠋ᠯ ᠠᠭᠤᠯᠤᠭᠳᠠᠳᠠᠭ᠂ ᠡᠩ ᠤᠨ ᠡᠰ ᠨᠢ ᠸᠢᠲ᠋ᠠᠮᠢᠨ B17᠎ ᠶᠢ ᠰᠢᠩᠭᠡᠭᠡᠨ ᠠᠪᠬᠤ ᠳᠠᠭᠠᠨ ︽ᠼᠢᠶᠡᠨ︾᠎ ᠤ ᠬᠤᠤᠷ᠎ᠠ ᠶᠢ ᠵᠠᠳᠠᠷᠠᠭᠤᠯᠤᠭᠠᠳ ᠰᠢᠭᠡᠰᠦ ᠪᠠᠷ ᠭᠠᠳᠠᠭᠰᠢᠯᠠᠭᠤᠯᠳᠠᠭ᠂ ᠭᠡᠪᠡᠴᠦ ᠦᠮᠡᠨ ᠤ ᠡᠰ ᠨᠢ ︽ᠼᠢᠶᠡᠨ︾᠎ ᠤ ᠬᠤᠤᠷ᠎ᠠ ᠶᠢ ᠵᠠᠳᠠᠷᠠᠭᠤᠯᠵᠤ ᠳᠡᠶᠢᠯᠳᠡᠭ ᠦᠭᠡᠢ ᠪᠤᠯᠬᠤᠷ ᠳᠡᠭᠦᠨ ᠳᠤ ᠬᠤᠤᠷᠯᠠᠬᠳᠠᠳᠠᠭ᠃   
     
     