- •
86054
ᠶᠠᠭᠠᠬᠢᠵᠤ ᠣᠷᠣᠵᠤ ᠢᠷᠡᠭᠰᠡᠨ ᠢ ᠮᠡᠳᠡᠨ᠎ᠡ ᠦᠦ︖
2018-10-08 09:19
375
0
ᠶᠠᠭᠠᠬᠢᠵᠤ ᠣᠷᠣᠵᠤ ᠢᠷᠡᠭᠰᠡᠨ ᠢ ᠮᠡᠳᠡᠨ᠎ᠡ ᠦᠦ︖
ᠨᠢᠭᠡᠨ ᠡᠳᠦᠷ ᠬᠦᠦ ᠨᠢ ᠤᠬᠢᠯᠠᠭᠰᠠᠭᠠᠷ ᠭᠡᠷ ᠲᠡᠬᠡᠨ ᠬᠠᠷᠢᠵᠤ ᠢᠷᠡᠪᠡ᠃
ᠠᠪᠤ᠄ ︽ ᠶᠠᠭᠤᠨ ᠳᠤ ᠤᠬᠢᠯᠠᠵᠤ ᠪᠠᠶᠢᠭ᠎ᠠ ᠪᠣᠢ︖︾
ᠬᠦᠦ᠄ ︽ ᠥᠨᠥᠳᠥᠷ ᠦᠨ ᠲᠡᠦᠬᠡ ᠶᠢᠨ ᠬᠢᠴᠢᠶᠡᠯ ᠳᠡᠭᠡᠷ᠎ᠡ ᠪᠠᠭᠰᠢ ᠨᠠᠳᠠ ᠠᠴᠠ ᠨᠠᠢᠮᠠᠨ ᠤᠯᠤᠰ ᠤᠨ ᠬᠣᠯᠪᠣᠭᠠᠲᠤ ᠴᠡᠷᠢᠭ ᠶᠠᠭᠠᠬᠢᠵᠤ ᠳᠤᠮᠳᠠᠳᠤ ᠤᠯᠤᠰ ᠲᠤ ᠣᠷᠣᠵᠤ ᠢᠷᠡᠭᠰᠡᠨ ᠢ ᠮᠡᠳᠡᠨ᠎ᠡ ᠦᠦ︖ ᠭᠡᠵᠦ ᠠᠰᠠᠭᠤᠪᠠ᠃ ᠪᠢ ᠪᠢ ᠳᠠᠭᠠᠭᠤᠯᠵᠤ ᠠᠪᠴᠢᠷᠠᠭᠰᠠᠨ ᠦᠭᠡᠢ ᠭᠡᠵᠦ ᠬᠠᠷᠢᠭᠤᠯᠬᠤ ᠳᠤ ᠪᠠᠭᠰᠢ ᠨᠠᠮ᠎ᠠ ᠶᠢ ᠰᠦᠷᠡᠬᠡᠢ ᠵᠢᠮᠡᠯᠡᠪᠡ᠃︾
ᠠᠪᠤ ᠨᠢ ᠲᠡᠦᠬᠡ ᠶᠢᠨ ᠬᠢᠴᠢᠶᠡᠯ ᠦᠨ ᠪᠠᠭᠰᠢ ᠳᠤ ᠨᠢ᠄ ︽ ᠪᠠᠭᠰᠢ ᠡ᠂ ᠲᠠ ᠮᠢᠨᠤ ᠬᠦᠦ ᠶᠢ ᠬᠢᠯᠢᠰ ᠢᠶᠡᠷ ᠵᠢᠮᠡᠯᠡᠵᠡᠢ᠃ ᠮᠢᠨᠤ ᠬᠦᠦ ᠬᠡᠳᠦᠶᠢᠪᠡᠷ ᠠᠯᠢᠶᠠᠷᠬᠠᠭ ᠪᠣᠯᠪᠠᠴᠤ ᠨᠠᠢᠮᠠᠨ ᠤᠯᠤᠰ ᠤᠨ ᠬᠣᠯᠪᠣᠭᠠᠲᠤ ᠴᠡᠷᠢᠭ ᠢ ᠳᠠᠭᠠᠭᠤᠯᠵᠤ ᠠᠪᠴᠢᠷᠠᠭᠰᠠᠨ ᠦᠭᠡᠢ ᠭᠡᠳᠡᠭ ᠢ ᠲᠠᠨ ᠳᠤ ᠯᠠᠪᠲᠠᠢ ᠪᠠᠲᠤᠯᠠᠵᠤ ᠴᠢᠳᠠᠨ᠎ᠠ︾ ᠭᠡᠵᠦ ᠤᠲᠠᠰᠤ ᠶᠠᠪᠤᠭᠤᠯᠪᠠ᠃