

ᠰᠢ ᠶᠢᠨ ᠫᠢᠩ1 ᠤᠨ ᠶᠠᠷᠢᠶ᠎ᠠ

2019-09-24 14:47
  555
  0
  ᠨᠠᠮ ᠤᠨ ᠲᠦᠪ ᠬᠤᠷᠢᠶᠡᠨ ᠤ ᠶᠡᠷᠤᠩᠬᠡᠢ ᠱᠦᠵᠢ᠂ ᠤᠯᠤᠰ ᠤᠨ ᠲᠡᠷᠢᠬᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠬᠦᠯᠡᠭᠴᠢ ᠰᠢ ᠶᠢᠨ ᠫᠢᠩ ᠤᠢᠢᠷ᠎ᠠ ᠶᠢᠨ ᠡᠳᠤᠷ ᠮᠠᠨ ᠤ ᠤᠯᠤᠰ ᠤᠨ ᠤᠷᠤᠯᠴᠠᠬᠴᠢ 45 ᠳ᠋ᠤᠭᠠᠷ ᠬᠤᠭᠤᠴᠠᠭᠠᠨ ᠤ ᠲᠡᠯᠡᠬᠡᠢ ᠶᠢᠨ ᠤᠷ᠎ᠠ ᠴᠢᠳᠠᠪᠤᠷᠢ ᠶᠢᠨ ᠤᠷᠤᠯᠳᠤᠭᠠᠨ ᠳᠤ ᠰᠢᠯᠢᠳᠡᠭ ᠬᠢᠷᠢ ᠪᠦᠳᠦᠮᠵᠢ ᠤᠯᠤᠬᠰᠠᠠ ᠳᠤ ᠴᠢᠬᠤᠯᠠ ᠵᠢᠭᠠᠪᠤᠷᠢ ᠦᠭᠴᠦ᠂ ᠮᠠᠨ ᠤ ᠤᠯᠤᠰ ᠤᠨ ᠤᠷᠤᠯᠳᠤᠭᠠᠨ ᠳᠤ ᠤᠷᠤᠯᠴᠠᠭᠰᠠᠳ ᠪᠤᠯᠤᠨ ᠤᠷ᠎ᠠ ᠴᠢᠳᠠᠪᠤᠷᠢ ᠲᠠᠢ ᠴᠢᠳᠠᠪᠤᠷᠢᠳᠡᠨ ᠬᠦᠮᠥᠵᠢᠬᠦᠯᠬᠦ ᠠᠵᠢᠯ ᠬᠢᠵᠥ ᠪᠠᠶᠢᠭ᠎ᠠ ᠨᠦᠬᠦᠳ ᠲᠤ ᠬᠠᠯᠠᠭᠤᠨ ᠪᠠᠶᠠᠷ ᠬᠦᠷᠬᠡᠪᠡ᠃
  ᠰᠢ ᠶᠢᠨ ᠫᠢᠩ᠂ ᠬᠦᠳᠡᠯᠮᠤᠷᠢᠴᠢᠳ ᠤᠨ ᠬᠡᠪ ᠪᠤᠯᠪᠠᠰᠤᠷᠠᠯ ᠨᠢ ᠨᠢᠬᠡ ᠤᠯᠤᠰ᠂ ᠨᠢᠬᠡ ᠦᠨᠳᠦᠰᠦᠳᠡᠨ ᠤ ᠬᠦᠭᠵᠢᠯᠳᠡ ᠳᠤ ᠲᠦᠢᠯ ᠤᠨ ᠴᠢᠬᠤᠯᠠ ᠪᠠᠶᠢᠭ᠎ᠠ ᠶᠤᠮ᠃ ᠮᠡᠷᠬᠡᠵᠢᠯ ᠤᠨ ᠠᠵᠢᠯᠴᠢᠨ ᠤ ᠡᠩᠨᠡᠭᠡ ᠪᠤᠯ ᠲᠤᠮᠳᠠᠳᠤ ᠤᠯᠤᠰ ᠤᠨ ᠦᠢᠯᠡᠳᠬᠦᠢ᠂ ᠲᠤᠮᠳᠠᠳᠤ ᠤᠯᠤᠰ ᠤᠨ ᠡᠭᠦᠳᠦᠨ ᠪᠦᠳᠦᠭᠡᠬᠦᠢ ᠶᠢ ᠲᠤᠯᠭᠠᠭᠤᠷᠢᠯᠠᠬᠤ ᠴᠢᠬᠤᠯᠠ ᠰᠠᠭᠤᠷᠢ ᠮᠥᠨ᠂ ᠠᠵᠥ ᠠᠬᠤᠢ ᠶᠢᠨ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠬᠤ ᠳᠤ ᠴᠢᠬᠤᠯᠠ ᠦᠢᠯᠡᠳᠦᠯ ᠦᠵᠡᠬᠦᠯᠵᠥ ᠪᠠᠶᠢᠨ᠎ᠠ᠃ ᠤᠷ᠎ᠠ ᠴᠢᠳᠠᠪᠤᠷᠢ ᠲᠠᠢ ᠴᠢᠳᠠᠪᠤᠷᠢᠳᠡᠨ ᠢ ᠬᠦᠮᠤᠵᠢᠬᠦᠯᠬᠦ᠂ ᠬᠡᠷᠡᠭᠯᠡᠬᠦ᠂ ᠦᠨᠡᠯᠡᠬᠦ᠂ ᠤᠷᠮᠠᠰᠢᠭᠤᠯᠬᠤ ᠲᠦᠷᠢᠮ ᠢ ᠲᠡᠬᠦᠯᠳᠡᠷᠵᠢᠬᠦᠯᠵᠥ᠂ ᠮᠡᠷᠬᠡᠵᠢᠯ ᠤᠨ ᠠᠵᠢᠯᠴᠢᠨ ᠤ ᠬᠦᠮᠥᠵᠢᠯ ᠢ ᠶᠡᠭᠡ ᠪᠠᠷ ᠬᠦᠭᠵᠢᠬᠦᠯᠵᠥ᠂ ᠠᠵᠢᠯ ᠮᠡᠷᠬᠡᠵᠢᠯ ᠤᠨ ᠤᠷ᠎ᠡ ᠴᠢᠳᠠᠪᠤᠷᠢ ᠶᠢᠨ ᠪᠤᠯᠪᠠᠰᠤᠷᠠᠯ ᠢ ᠶᠡᠭᠡ ᠬᠡᠪᠴᠢᠶ᠎ᠡ ᠪᠠᠷ ᠦᠷᠨᠢᠬᠦᠯᠵᠥ᠂ ᠦᠯᠡᠮᠵᠢᠬᠡᠨ ᠦᠨᠳᠤᠷ ᠬᠡᠪ ᠪᠤᠯᠪᠠᠰᠤᠷᠠᠯ ᠲᠠᠢ ᠬᠦᠳᠡᠯᠮᠤᠷᠢᠴᠢᠨ ᠪᠤᠯᠤᠨ ᠤᠷ᠎ᠠ ᠮᠡᠷᠬᠡᠵᠢᠯ ᠤᠷ᠎ᠡ ᠴᠢᠳᠠᠪᠤᠷᠢ ᠲᠠᠢ ᠴᠢᠳᠠᠪᠤᠷᠢᠳᠡᠨ ᠢ ᠲᠦᠷᠬᠡᠨ ᠬᠦᠮᠥᠵᠢᠬᠦᠯᠬᠦ ᠬᠡᠷᠡᠭᠳᠡᠢ᠃ ᠪᠦᠬᠦ ᠨᠡᠶᠢᠬᠡᠮ ᠳᠤ ᠨᠢᠬᠳᠠ ᠠᠴᠠ ᠨᠢᠬᠳᠠ ᠪᠠᠶᠢᠬᠤ ᠤᠷᠠᠨ ᠲᠠᠷᠬᠠᠨ ᠤ ᠵᠤᠷᠢᠬ ᠰᠠᠨᠠᠭ᠎ᠠ ᠶᠢ ᠪᠠᠳᠠᠷᠠᠭᠤᠯᠵᠥ᠂ ᠦᠷᠬᠡᠨ ᠤᠯᠠᠨ ᠵᠠᠯᠠᠭᠤᠴᠤᠳ ᠤᠨ ᠤᠷ᠎ᠡ ᠴᠢᠳᠠᠪᠤᠷᠢ ᠲᠠᠢ ᠴᠢᠳᠠᠪᠤᠷᠢᠳᠡᠨ ᠪᠤᠯᠵᠥ᠂ ᠤᠷ᠎ᠠ ᠴᠢᠳᠠᠪᠤᠷᠢ ᠪᠠᠷ ᠤᠯᠤᠰ ᠲᠠᠭᠠᠨ ᠠᠴᠢ ᠬᠠᠷᠢᠭᠤᠯᠬᠤ ᠶᠢ ᠤᠷᠮᠠᠰᠢᠭᠤᠯᠬᠤ ᠬᠡᠷᠡᠭᠳᠡᠢ ᠬᠡᠵᠥ ᠴᠢᠬᠤᠯᠠᠴᠢᠯᠠᠪᠠ᠃
  ᠰᠢ ᠶᠢᠨ ᠫᠢᠩ᠂ ᠮᠠᠨ ᠤ ᠤᠯᠤᠰ 2021 ᠤᠨ ᠤ ᠱᠠᠩᠬᠠᠢ ᠶᠢᠨ 46 ᠳ᠋ᠤᠭᠠᠷ ᠬᠤᠭᠤᠴᠠᠭᠠᠨ ᠤ ᠲᠡᠯᠡᠬᠡᠢ ᠶᠢᠨ ᠤᠷ᠎ᠠ ᠴᠢᠳᠠᠪᠤᠷᠢ ᠶᠢᠨ ᠤᠷᠤᠯᠳᠤᠭᠠᠨ ᠢ ᠡᠷᠬᠢᠯᠡᠨ᠎ᠡ᠃ ᠡᠯ᠎ᠡ ᠵᠦᠢᠯ ᠤᠨ ᠪᠡᠯᠡᠳᠬᠡᠯ ᠠᠵᠢᠯ ᠪᠤᠯᠤᠨ ᠵᠤᠬᠢᠶᠠᠨ ᠪᠠᠶᠢᠭᠤᠯᠬᠤ ᠠᠵᠢᠯ ᠢ ᠰᠠᠶᠢᠳᠤᠷ ᠬᠢᠵᠥ᠂ ᠡᠯ᠎ᠡ ᠤᠯᠤᠰ ᠯᠤᠭ᠎ᠠ ᠶᠢᠨ ᠤᠷ᠎ᠡ ᠴᠢᠳᠠᠪᠤᠷᠢ ᠶᠢᠨ ᠬᠦᠷᠢᠶᠡᠨ ᠳᠠᠬᠢ ᠰᠤᠯᠢᠯᠴᠠᠭ᠎ᠠ ᠲᠤᠯᠢᠯᠠᠯ ᠢᠶᠠᠨ ᠴᠢᠩᠭᠠᠳᠬᠠᠵᠥ᠂ ᠮᠠᠨ ᠤ ᠤᠯᠤᠰ ᠤᠨ ᠠᠵᠢᠯ ᠮᠡᠷᠬᠡᠵᠢᠯ ᠤᠨ ᠤᠷ᠎ᠡ ᠴᠢᠳᠠᠪᠤᠷᠢ ᠶᠢᠨ ᠪᠤᠯᠪᠠᠰᠤᠷᠠᠯ ᠤᠨ ᠠᠮᠵᠢᠯᠳᠠ ᠪᠦᠳᠦᠮᠵᠢ ᠪᠤᠯᠤᠨ ᠬᠢᠷᠢ ᠲᠦᠪᠰᠢᠨ ᠢ ᠢᠯᠡᠷᠡᠭᠦᠯᠵᠤ᠂ ᠨᠢᠬᠡ ᠬᠤᠭᠤᠴᠠᠭᠠᠨ ᠤ ᠰᠢᠨ᠎ᠡ ᠰᠠᠨᠠᠭ᠎ᠠ ᠠᠬᠤᠢ ᠲᠠᠢ᠂ ᠦᠷᠬᠡᠨ ᠲᠡᠯᠬᠡᠷ ᠨᠦᠯᠥᠬᠡ ᠲᠠᠢ ᠲᠡᠯᠡᠬᠡᠢ ᠶᠢᠨ ᠤᠷ᠎ᠡ ᠴᠢᠳᠠᠪᠤᠷᠢ ᠶᠢᠨ ᠤᠷᠤᠯᠳᠤᠭᠠᠨ ᠢ ᠡᠷᠬᠢᠯᠡᠬᠦ ᠪᠠᠷ ᠴᠢᠷᠮᠠᠶᠢᠬᠤ ᠬᠡᠷᠡᠭᠳᠡᠢ ᠬᠡᠵᠥ ᠵᠢᠭᠠᠵᠥ ᠭᠠᠷᠭᠠᠪᠠ᠃
  ᠨᠠᠮ ᠤᠨ ᠲᠦᠪ ᠬᠤᠷᠢᠶᠠᠨ ᠤ ᠤᠯᠤᠰ ᠲᠦᠷᠦ ᠶᠢᠨ ᠲᠤᠪᠴᠢᠶᠠᠨ ᠤ ᠪᠠᠶᠢᠩᠭᠤ ᠶᠢᠨ ᠬᠡᠰᠢᠬᠦᠨ᠂ ᠲᠦᠷᠦ ᠶᠢᠨ ᠶᠠᠪᠤᠳᠠᠯ ᠤᠨ ᠬᠤᠷᠢᠶᠡᠨ ᠤ ᠶᠡᠷᠤᠩᠬᠡᠢ ᠰᠠᠶᠢᠳ ᠯᠢ ᠺᠧ ᠴᠢᠶᠠᠩ ᠴᠤᠬᠤᠯᠠᠪᠤᠷᠢ ᠦᠭᠴᠦ᠂ ᠤᠷ᠎ᠡ ᠴᠢᠳᠠᠪᠤᠷᠢ ᠲᠠᠢ ᠴᠢᠳᠠᠪᠤᠷᠢᠳᠡᠨ ᠪᠤᠯ ᠤᠯᠤᠰ ᠤᠨ ᠬᠤᠪᠤᠷ ᠨᠠᠨᠳᠢᠨ ᠡᠬᠢ ᠪᠠᠶᠠᠯᠢᠭ ᠮᠥᠨ᠂ ᠠᠵᠥ ᠦᠢᠯᠡᠰ ᠤᠨ ᠲᠡᠰ ᠲᠡᠪᠰᠢᠯᠳᠠ ᠶᠢ ᠠᠬᠢᠭᠤᠯᠬᠤ᠂ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠬᠤ ᠴᠢᠬᠤᠯᠠ ᠲᠤᠯᠭᠠᠭᠤᠷᠢᠯᠠᠯ ᠮᠥᠨ᠃ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠬᠤ ᠶᠢ ᠪᠠᠷᠢᠮᠳᠠᠯᠠᠵᠥ᠂ ᠨᠠᠮ ᠤᠨ ᠲᠦᠪ ᠬᠤᠷᠢᠶ᠎ᠡ᠂ ᠲᠦᠷᠦ ᠶᠢᠨ ᠶᠠᠪᠤᠳᠠᠯ ᠤᠨ ᠬᠤᠷᠢᠶᠡᠨ ᠤ ᠰᠢᠢᠳᠪᠤᠷᠢᠳᠤ ᠪᠤᠳᠤᠯᠭ᠎ᠠ ᠪᠠᠶᠢᠷᠢᠯᠠᠭᠤᠯᠤᠯᠳᠠ ᠶᠢ ᠲᠤᠭᠤᠰᠢᠯᠠᠭᠤᠯᠵᠥ᠂ ᠤᠷ᠎ᠠ ᠴᠢᠳᠠᠪᠤᠷᠢ ᠲᠠᠢ ᠴᠢᠳᠠᠪᠤᠷᠢᠳᠡᠨ ᠢ ᠬᠦᠮᠥᠵᠢᠬᠦᠯᠬᠦ ᠶᠢ ᠤᠯᠠᠮ ᠴᠢᠬᠤᠯᠠᠴᠢᠯᠠᠵᠥ᠂ ᠠᠵᠢᠯ ᠮᠡᠷᠬᠡᠵᠢᠯ ᠤᠨ ᠤᠷ᠎ᠡ ᠴᠢᠳᠠᠪᠤᠷᠢ ᠶᠢ ᠲᠡᠭᠡᠭᠰᠢᠯᠡᠬᠦᠯᠬᠦ ᠠᠵᠢᠯᠯᠠᠭᠠᠨ ᠢ ᠰᠠᠶᠢᠲᠤᠷ ᠬᠦᠢᠴᠡᠳᠬᠡᠵᠦ᠂ ᠬᠡᠷᠡᠭᠴᠡᠭᠡ ᠪᠠᠨ ᠦᠨᠳᠦᠰᠦᠯᠡᠵᠦ ᠪᠠᠶᠢᠭᠠᠳ ᠤᠳᠤ ᠦᠶ᠎ᠡ ᠶᠢᠨ ᠠᠵᠢᠯ ᠮᠡᠷᠬᠡᠵᠢᠯ ᠤᠨ ᠰᠤᠷᠭᠠᠨ ᠬᠦᠮᠥᠵᠢᠯ ᠢ ᠬᠦᠭᠵᠢᠬᠦᠯᠵᠥ᠂ ᠮᠡᠷᠬᠡᠵᠢᠯ ᠤᠨ ᠠᠵᠢᠯᠴᠢᠨ ᠤ ᠲᠡᠬᠡᠳᠤ ᠰᠤᠷᠭᠠᠭᠤᠯᠢ ᠶᠢ ᠰᠠᠶᠢᠳᠤᠷ ᠡᠷᠬᠢᠯᠡᠵᠥ᠂ ᠮᠡᠷᠬᠡᠵᠢᠯ ᠤᠨ ᠠᠵᠢᠯᠴᠢᠨ ᠤ ᠠᠵᠢᠯ ᠮᠡᠷᠬᠡᠵᠢᠯ ᠤᠨ ᠬᠦᠭᠵᠢᠯᠳᠡ ᠶᠢᠨ ᠲᠤᠭᠳᠠᠴᠠ ᠪᠤᠯᠤᠨ ᠲᠦᠷᠦ ᠶᠢᠨ ᠪᠤᠳᠤᠯᠭ᠎ᠠ ᠶᠢ   ᠪᠦᠷᠢᠨᠰᠢᠬᠦᠯᠵᠥ᠂ ᠨᠡᠶᠢᠬᠡᠮ ᠳᠤ ᠬᠡᠷᠡᠭᠴᠡᠭᠡ ᠲᠠᠢ ᠨᠡᠩ ᠤᠯᠠᠨ ᠤᠷ᠎ᠠ ᠴᠢᠳᠠᠪᠤᠷᠢ ᠲᠠᠢ ᠴᠢᠳᠠᠪᠤᠷᠢᠳᠡᠨ᠂ ᠶᠡᠭᠡ ᠤᠯᠤᠰ ᠤᠨ ᠤᠷᠠᠨ ᠲᠠᠷᠬᠠᠨ ᠲᠠᠰᠤᠷᠠᠯᠳᠡ ᠦᠬᠡᠢ ᠴᠤᠯᠭᠤᠷᠠᠨ ᠭᠠᠷᠬᠤ ᠪᠤᠯᠭᠠᠵᠥ᠂ ᠤᠯᠠᠨ ᠢᠶᠠᠷ ᠢᠶᠠᠨ ᠦᠢᠯᠡᠰ ᠪᠤᠰᠬᠠᠬᠤ᠂ ᠨᠡᠶᠢᠳᠡ ᠪᠠᠷ ᠢᠶᠠᠨ ᠰᠢᠨ᠎ᠡ ᠶᠢ ᠡᠬᠦᠳᠬᠦ ᠳᠤ ᠲᠦᠰᠢᠭᠯᠡᠨ᠂ ᠰᠢᠨ᠎ᠡ ᠬᠦᠳᠡᠯᠬᠡᠬᠦ ᠡᠨᠧᠷᠬᠢ ᠶᠢᠨ ᠦᠰᠦᠨ ᠪᠤᠵᠠᠭᠠᠢᠢᠷᠠᠬᠤ ᠪᠠ ᠠᠵᠢᠯ ᠤᠯᠭᠤᠯᠳᠠ ᠶᠢ ᠨᠡᠮᠡᠭᠳᠡᠬᠦᠯᠬᠦ ᠶᠢ ᠠᠬᠢᠭᠤᠯᠬᠤ ᠬᠡᠷᠡᠭᠳᠡᠢ᠃ ᠡᠬᠦᠨ ᠤ ᠵᠡᠷᠬᠡ ᠪᠠᠷ᠂ ᠤᠷ᠎ᠡ ᠴᠢᠳᠠᠪᠤᠷᠢ ᠶᠢᠨ ᠬᠦᠷᠢᠶᠡᠨ ᠳᠠᠬᠢ ᠤᠯᠠᠨ ᠤᠯᠤᠰ ᠤᠨ ᠬᠠᠮᠳᠤᠷᠠᠯᠴᠠᠭ᠎ᠠ ᠶᠢ ᠴᠢᠩᠭᠠᠳᠬᠠᠵᠥ᠂ 46 ᠳ᠋ᠤᠭᠠᠷ ᠬᠤᠭᠤᠴᠠᠭᠠᠨ ᠤ ᠲᠡᠯᠡᠬᠡᠢ ᠶᠢᠨ ᠤᠷ᠎ᠠ ᠴᠢᠳᠠᠪᠤᠷᠢ ᠶᠢᠨ ᠤᠷᠤᠯᠳᠤᠭᠠᠨ ᠤ ᠪᠡᠯᠡᠳᠬᠡᠯ ᠠᠵᠢᠯ ᠢ ᠰᠠᠶᠢᠳᠤᠷ ᠬᠢᠵᠥ᠂ ᠦᠷᠬᠡᠨ ᠤᠯᠠᠨ ᠵᠠᠯᠠᠭᠤᠴᠤᠳ ᠤᠨ ᠤᠷ᠎ᠡ ᠴᠢᠳᠠᠪᠤᠷᠢ ᠰᠤᠷᠴᠦ᠂ ᠡᠬᠡ ᠤᠯᠤᠰ ᠲᠠᠭᠠᠨ ᠠᠴᠢ ᠬᠠᠷᠢᠭᠤᠯᠬᠤ ᠬᠦᠨ ᠵᠤᠵᠠᠭᠠᠨ ᠠᠭᠤᠷ ᠠᠮᠢᠰᠬᠤᠯ ᠢ ᠪᠤᠢ ᠪᠤᠯᠭᠠᠬᠤ ᠶᠢ ᠠᠬᠢᠭᠤᠯᠬᠤ ᠬᠡᠷᠡᠭᠳᠡᠢ ᠬᠡᠵᠥ ᠵᠢᠭᠠᠵᠥ ᠭᠠᠷᠭᠠᠪᠠ᠃
  45 ᠳ᠋ᠤᠭᠠᠷ ᠬᠤᠭᠤᠴᠠᠭᠠᠨ ᠤ ᠲᠡᠯᠡᠬᠡᠢ ᠶᠢᠨ ᠤᠷ᠎ᠡ ᠴᠢᠳᠠᠪᠤᠷᠢ ᠶᠢᠨ ᠤᠷᠤᠯᠳᠤᠭᠠᠨ ᠳᠤ ᠤᠷᠤᠯᠴᠠᠭᠰᠠᠠ ᠳ᠋ᠦᠩᠨᠡᠯᠳᠡ ᠶᠢᠨ ᠶᠡᠭᠡ ᠬᠤᠷᠡᠯ 23 ᠤ ᠡᠳᠤᠷ ᠪᠡᠭᠡᠵᠢᠩ ᠳᠤ ᠬᠤᠷᠡᠯᠳᠤᠪᠠ᠃ ᠨᠠᠮ ᠤᠨ ᠲᠦᠪ ᠬᠤᠷᠢᠶᠡᠨ ᠤ ᠤᠯᠤᠰ ᠲᠦᠷᠦ ᠶᠢᠨ ᠲᠤᠪᠴᠢᠶᠠᠨ ᠤ ᠬᠡᠰᠢᠬᠦᠨ᠂ ᠲᠦᠷᠦ ᠶᠢᠨ ᠶᠠᠪᠤᠳᠠᠯ ᠤᠨ ᠬᠤᠷᠢᠶᠡᠨ ᠤ ᠲᠡᠳ᠋ ᠶᠡᠷᠤᠩᠬᠡᠢ ᠰᠠᠶᠢᠳ ᠬᠤ᠋ ᠴᠦᠨ ᠬᠤᠸᠠ ᠬᠤᠷᠡᠯ ᠲᠡᠭᠡᠷ᠎ᠡ ᠰᠢ ᠶᠢᠨ ᠫᠢᠩ ᠤᠨ ᠴᠢᠬᠤᠯᠠ ᠵᠢᠭᠠᠪᠤᠷᠢ ᠪᠤᠯᠤᠨ ᠯᠢ ᠺᠧ ᠴᠢᠶᠠᠩ ᠤᠨ ᠴᠤᠬᠤᠯᠠᠪᠤᠷᠢ ᠶᠢ ᠤᠩᠰᠢᠨ ᠨᠡᠶᠢᠳᠡᠯᠡᠭᠰᠡᠡ ᠪᠦᠬᠡᠳ ᠪᠠᠶᠠᠷ ᠤᠨ ᠦᠬᠡ ᠬᠡᠯᠡᠪᠡ᠃ ᠲᠡᠷᠡ ᠪᠠᠶᠠᠷ ᠤᠨ ᠦᠬᠡ ᠳᠡᠭᠡᠨ᠂ ᠤᠷ᠎ᠡ ᠴᠢᠳᠠᠪᠤᠷᠢ ᠲᠠᠢ ᠴᠢᠳᠠᠪᠤᠷᠢᠳᠡᠨ ᠪᠤᠯ ᠮᠠᠨ ᠤ ᠤᠯᠤᠰ ᠤᠨ ᠴᠢᠳᠠᠪᠤᠷᠢᠳᠡᠨ ᠤ ᠡᠩᠨᠡᠭᠡ ᠶᠢᠨ ᠴᠢᠬᠤᠯᠠ ᠪᠦᠷᠢᠯᠳᠦᠬᠦᠨ ᠬᠡᠰᠡᠭ ᠮᠥᠨ᠂ ᠨᠡᠩ ᠬᠦᠴᠦᠳᠠᠢ ᠠᠷᠭ᠎ᠠ ᠬᠡᠮᠵᠢᠶ᠎ᠡ ᠠᠪᠴᠦ ᠪᠠᠶᠢᠭᠠᠳ ᠦᠷᠬᠡᠨ ᠤᠯᠠᠨ ᠤᠷ᠎ᠡ ᠴᠢᠳᠠᠪᠤᠷᠢ ᠲᠠᠢ ᠬᠦᠳᠡᠯᠮᠤᠷᠢᠴᠢᠳ ᠤᠨ ᠦᠰᠦᠨ ᠪᠤᠶᠢᠵᠢᠵᠥ ᠴᠢᠳᠠᠪᠤᠷᠢᠳᠡᠨ ᠪᠤᠯᠬᠤ ᠳᠤ ᠨᠦᠬᠦᠴᠡᠯ ᠪᠦᠷᠢᠯᠳᠦᠬᠦᠯᠵᠥ ᠦᠭᠬᠦ ᠬᠡᠷᠡᠭᠳᠡᠢ᠃ ᠠᠵᠢᠯ ᠮᠡᠷᠬᠡᠵᠢᠯ ᠤᠨ ᠤᠷ᠎ᠡ ᠴᠢᠳᠠᠪᠤᠷᠢ ᠶᠢᠨ ᠪᠤᠯᠪᠠᠰᠤᠷᠠᠯ ᠢ ᠶᠡᠭᠡ ᠬᠡᠪᠴᠢᠶ᠎ᠡ ᠪᠠᠷ ᠦᠷᠨᠢᠬᠦᠯᠵᠥ᠂ ᠬᠦᠮᠥᠵᠢᠬᠦᠯᠬᠦ᠂ ᠬᠡᠷᠡᠭᠯᠡᠬᠦ᠂ ᠦᠨᠡᠯᠡᠬᠦ᠂ ᠤᠷᠮᠠᠰᠢᠭᠤᠯᠬᠤ ᠲᠤᠭᠳᠠᠴᠠ ᠶᠢ ᠲᠡᠬᠦᠯᠳᠡᠷᠵᠢᠬᠦᠯᠵᠥ᠂ ᠱᠠᠩᠬᠠᠢ ᠳᠤ ᠡᠷᠬᠢᠯᠡᠬᠦ 46 ᠳ᠋ᠤᠭᠠᠷ ᠬᠤᠭᠤᠴᠠᠭᠠᠨ ᠤ ᠲᠡᠯᠡᠬᠡᠢ ᠶᠢᠨ ᠤᠷ᠎ᠡ ᠴᠢᠳᠠᠪᠤᠷᠢ ᠶᠢᠨ ᠤᠷᠤᠯᠳᠤᠭᠠᠨ ᠢ ᠪᠦᠬᠦ ᠬᠦᠴᠦ ᠪᠠᠷ ᠢᠶᠠᠨ ᠰᠠᠶᠢᠳᠤᠷ ᠡᠷᠬᠢᠯᠡᠬᠦ ᠬᠡᠷᠡᠭᠳᠡᠢ᠃ ᠤᠷᠤᠯᠳᠤᠭᠠᠨ ᠳᠤ ᠤᠷᠤᠯᠴᠠᠭᠴᠢ ᠤᠭ ᠰᠠᠨᠠᠭ᠎ᠠ ᠪᠠᠨ ᠪᠠᠳᠤ ᠰᠠᠬᠢᠵᠥ᠂ ᠤᠷ᠎ᠡ ᠴᠢᠳᠠᠪᠤᠷᠢ ᠲᠠᠢ ᠴᠢᠳᠠᠪᠤᠷᠢᠳᠡᠨ ᠪᠤᠯᠬᠤ᠂ ᠤᠷ᠎ᠠ ᠴᠢᠳᠠᠪᠤᠷᠢ ᠪᠠᠷ ᠤᠯᠤᠰ ᠲᠠᠭᠠᠨ ᠠᠴᠢ ᠬᠠᠷᠢᠭᠤᠯᠬᠤ ᠵᠠᠮ ᠲᠡᠭᠡᠷ᠎ᠡ ᠨᠡᠩ ᠶᠡᠭᠡ ᠠᠮᠵᠢᠯᠳᠠ ᠤᠯᠵᠥ᠂ ᠨᠡᠩ ᠶᠡᠭᠡ ᠬᠤᠪᠢ ᠨᠡᠮᠡᠷᠢ ᠦᠵᠡᠬᠦᠯᠬᠦ ᠶᠢ ᠬᠦᠰᠡᠵᠥ ᠪᠠᠶᠢᠨ᠎ᠠ ᠬᠡᠵᠥ ᠵᠢᠭᠠᠵᠥ   ᠭᠠᠷᠭᠠᠪᠠ᠃
  ᠲᠡᠯᠡᠬᠡᠢ ᠶᠢᠨ ᠤᠷ᠎ᠡ ᠴᠢᠳᠠᠪᠤᠷᠢ ᠶᠢᠨ ᠤᠷᠤᠯᠳᠤᠭᠠᠨ ᠢ ᠬᠤᠶᠠᠷ ᠵᠢᠯ ᠳᠤ ᠨᠢᠬᠡ ᠬᠤᠭᠤᠴᠠᠭ᠎ᠠ ᠡᠷᠬᠢᠯᠡᠵᠥ᠂ ︽ᠲᠡᠯᠡᠬᠡᠢ ᠶᠢᠨ ᠤᠷ᠎ᠡ ᠴᠢᠳᠠᠪᠤᠷᠢ ᠶᠢᠨ ᠤᠯᠢᠮᠫᠢᠺ︾ ᠬᠡᠮᠡᠭᠳᠡᠪᠡ᠃ ᠡᠨᠡ ᠵᠢᠯ ᠤᠨ 8 ᠰᠠᠷ᠎ᠠ ᠳᠤ᠂ ᠤᠷᠤᠰ ᠤᠨ ᠺᠠᠽᠠᠨ ᠳᠤ ᠶᠠᠪᠤᠭᠳᠠᠭᠰᠠᠠ 45 ᠳ᠋ᠤᠭᠠᠷ ᠬᠤᠭᠤᠴᠠᠭᠠᠨ ᠤ ᠲᠡᠯᠡᠬᠡᠢ ᠶᠢᠨ ᠤᠷ᠎ᠡ ᠴᠢᠳᠠᠪᠤᠷᠢ ᠶᠢᠨ ᠤᠷᠤᠯᠳᠤᠭᠠᠨ ᠳᠤ᠂ ᠮᠠᠨ ᠤ ᠤᠯᠤᠰ ᠤᠨ ᠤᠷᠤᠯᠴᠠᠬᠴᠢ ᠨᠡᠶᠢᠳᠡ 16 ᠠᠯᠳᠠᠨ ᠮᠧᠳᠠᠯ᠂ 14 ᠮᠥᠩᠬᠦᠨ ᠮᠧᠳᠠᠯ᠂ 5 ᠬᠦᠷᠡᠯ ᠮᠧᠳᠠᠯ ᠪᠤᠯᠤᠨ 17 ᠰᠢᠯᠢᠳᠡᠭ ᠬᠢᠷᠢ ᠪᠦᠳᠦᠮᠵᠢ ᠶᠢᠨ ᠱᠠᠩᠨᠠᠯ ᠲᠤᠰᠴᠤ᠂ ᠠᠯᠳᠠᠨ ᠮᠧᠳᠠᠯ ᠤᠨ ᠲᠤᠭ᠎ᠠ᠂ ᠱᠠᠩᠨᠠᠯ ᠤᠨ ᠮᠧᠳᠠᠯ ᠤᠨ ᠲᠤᠭ᠎ᠠ᠂ ᠨᠢᠬᠡᠴᠢ ᠶᠢᠨ ᠶᠡᠷᠤᠩᠬᠡᠢ ᠬᠤᠪᠢ ᠪᠠᠷ ᠢᠶᠠᠨ ᠨᠢᠬᠡᠳᠤᠭᠡᠷ ᠲᠤ ᠤᠷᠤᠭᠰᠠᠠ ᠪᠠᠶᠢᠨ᠎ᠠ᠃ 46 ᠳ᠋ᠤᠭᠠᠷ ᠬᠤᠭᠤᠴᠠᠭᠠᠨ ᠤ ᠲᠡᠯᠡᠬᠡᠢ ᠶᠢᠨ ᠤᠷ᠎ᠡ ᠴᠢᠳᠠᠪᠤᠷᠢ ᠶᠢᠨ ᠤᠷᠤᠯᠳᠤᠭᠠᠨ 2021 ᠤᠨ ᠤ 9 ᠰᠠᠷ᠎ᠠ ᠳᠤ ᠱᠠᠩᠬᠠᠢ ᠳᠤ ᠶᠠᠪᠤᠭᠳᠠᠨ᠎ᠠ᠃



  
     
     