-
3934
ᠬᠤᠨᠢᠨ ᠤ ᠪᠤᠷᠥᠯᠠᠩ
2018-04-27 11:12
696
0
ᠨᠠᠭᠠᠳᠥᠨᠮ ᠤᠨ ᠬᠦᠷᠢᠶᠡᠨ ᠳᠤ ᠬᠥᠯ ᠭᠢᠰᠭᠢᠭᠡ ᠦᠭᠡᠢ
ᠨᠠᠢᠷ ᠤᠨ ᠲᠤᠭᠤᠰᠤᠨ ᠳᠤ ᠠᠮᠢᠰᠭᠤᠭᠠ ᠲᠠᠲᠠᠭᠠ ᠦᠭᠡᠢ
ᠨᠠᠮᠤᠷ ᠬᠠᠪᠥᠷ ᠭᠡᠵᠦ ᠬᠠᠶᠠᠭᠠᠨ` ᠬᠤᠯᠳᠠᠭᠠ ᠦᠭᠡᠢ
ᠨᠠᠷᠠ ᠰᠠᠯᠬᠢᠨ ᠳᠤ ᠭᠠᠵᠠᠷᠠᠵᠥ ᠶᠠᠪᠥᠭᠠ ᠦᠭᠡᠢ
ᠬᠤᠷᠢᠨᠮ ᠬᠥᠷ ᠲᠤ ᠤᠨᠤᠬᠤ ᠬᠦᠮᠦᠨ ᠦᠭᠡᠢ
ᠬᠤᠨᠢᠨ ᠪᠡᠯᠴᠢᠭᠡᠷ ᠲᠤ ᠪᠠᠨ ᠬᠤᠷᠭᠤᠳᠠᠵᠤ ᠰᠤᠷᠤᠨᠰᠠᠨ
ᠬᠤᠨᠢᠨ ᠤ ᠪᠤᠷᠤᠯᠠᠩ ᠳᠦ ᠪᠡᠨ ᠪᠢ ᠬᠠᠢᠷᠠᠲᠠᠢ
ᠨᠢᠭᠡ ᠨᠠᠰᠤ ᠪᠠᠷ ᠢᠶᠠᠨ ᠶᠠᠪᠠᠭᠠᠨ ᠭᠦᠶᠦᠯᠡ ᠭᠡᠵᠦ
ᠨᠢᠭᠡᠳᠦᠯ ᠵᠦᠪᠰᠬᠢᠶᠡᠷᠡᠯ ᠲᠠᠢ ᠠᠪᠥ ᠶᠢᠨ ᠤᠨᠤᠭᠠᠷᠢ
ᠨᠢᠮᠬᠡᠨ ᠲᠠᠷᠭᠤ ᠲᠠᠢ ᠪᠥᠷᠥᠯᠠᠩ ᠱᠢᠲᠦᠯᠡᠩ ᠢ
ᠨᠡᠢᠲᠡ ᠶᠢᠨ ᠪᠥᠶᠠᠨ ᠪᠠᠷ ᠮᠠᠨ ᠤ ᠬᠢ ᠡᠳᠡᠯᠡᠨᠰᠡᠨ ᠶᠤᠮ
ᠡᠮᠡᠭᠡᠯ ᠲᠠᠭᠠᠭᠠᠮᠠᠷ ᠦᠭᠡᠢ ᠬᠦᠭᠡᠷᠡᠬᠦᠢ ᠶᠤᠮ ᠳ᠋ᠠ ᠭᠡᠵᠦ
ᠡᠴᠢᠭᠡ ᠮᠢᠨᠢ ᠲᠡᠭᠦᠨ ᠢᠥᠨᠤᠯ ᠦᠭᠡᠢ ᠦᠯᠡᠳᠡᠵᠦ
ᠡᠷᠭᠢᠬᠦ ᠶᠢᠨ ᠬᠠᠪᠥᠷ ᠲᠤ ᠨᠢ ᠰᠥᠶᠥᠭᠠᠯᠠᠩ ᠪᠤᠯᠠᠬᠤ ᠪᠠᠷ
ᠡᠷᠡ ᠶᠢ ᠨᠢ ᠬᠠᠨᠢᠰᠠᠵᠤ ᠰᠥᠷᠭᠠᠨᠰᠠᠨ ᠯᠡ ᠶᠥᠨᠰᠠᠨ
ᠠᠷᠪᠢᠨ ᠬᠥᠪᠬᠡᠨ ᠲᠠᠢ ᠮᠠᠨ ᠤ ᠬᠢᠨ ᠳᠤ ᠬᠡᠯᠡᠪᠡᠯ
ᠠᠯᠢ ᠨᠢ ᠴᠦ ᠭᠡᠰᠡᠨ ᠤᠨᠤᠬᠤ ᠶᠢ ᠳᠥᠷᠠᠯᠠᠨᠠ
ᠠᠪᠥ ᠠᠴᠠ ᠳᠠᠯᠳᠠᠭᠥᠷ ᠬᠤᠨᠢᠨ ᠤ ᠪᠥᠷᠤᠯᠢᠨ ᠢ
ᠠᠬᠠ ᠠᠴᠠ ᠲᠦᠷᠦᠭᠦᠳᠡᠢ ᠲᠦᠷᠦᠭᠡᠯᠡᠵᠦ ᠭᠤᠷᠢᠯᠠᠨᠠ
ᠬᠤᠨᠢᠨ ᠤ ᠲᠦᠷᠦᠭᠡᠴᠢ ᠨᠢ ᠦᠵᠡᠨᠳᠡᠬᠦ ᠪᠡᠨ ᠪᠠᠢᠯᠡ
ᠬᠤᠢᠨᠠ ᠠᠴᠠ ᠨᠢ ᠮᠠᠥᠷᠳᠠᠬᠦᠥ ᠠᠪᠥ ᠡ ᠭᠡᠵᠦ
ᠬᠤᠷᠤᠬᠠᠲᠠᠢ ᠨᠢ ᠠᠷᠭᠠ ᠦᠭᠡᠢ ᠠᠬᠠ ᠳᠡᠭᠦᠦ ᠬᠡᠳᠦ
ᠬᠤᠷᠢᠶᠠᠨ ᠰᠬᠢᠪᠡᠭᠡ ᠵᠦᠩ ᠨᠢᠳᠦ ᠭᠦᠶᠤᠯᠭᠡᠨᠡ
ᠠᠯᠬᠤᠬᠤ ᠬᠥᠯ ᠨᠢ ᠲᠠᠨᠪᠠᠷᠠᠨᠰᠠᠨ ᠲᠠᠮᠰᠬᠤᠨ ᠤᠳ
ᠠᠮᠢᠲᠠᠨ ᠤ ᠦᠡᠢᠯᠡ ᠶᠢ ᠪᠠᠷᠠᠬᠤ ᠨᠢ ᠭᠡᠵᠦ
ᠠᠪᠥ ᠵᠦᠨᠳᠡᠭᠡᠨ ᠠᠭᠤᠷᠯᠠᠳᠠᠩ ᠪᠠᠢᠯᠠ ᠴᠦ
ᠠᠯᠢ ᠬᠡᠳᠦᠢᠨ ᠯᠡ ᠴᠤᠨᠬᠢᠭᠤᠯᠴᠢᠬᠠᠨᠰᠠᠨ ᠪᠠᠢᠳᠠᠭ
ᠪᠤᠳᠤᠪᠠᠯ ᠪᠠᠰᠠ ᠬᠦᠭᠡᠷᠦᠬᠦᠢ ᠴᠦ ᠶᠤᠮ
ᠪᠤᠷᠤᠯᠠᠩ ᠪᠢᠳᠡᠨ ᠳᠤ ᠭᠤᠨᠳᠠᠭᠠ ᠦᠭᠡᠢ
ᠪᠤᠯᠵᠠᠢ ᠳ᠋ᠠ ᠬᠦᠭᠡᠷᠦᠬᠦᠢ ᠬᠡᠦᠬᠡᠨ ᠶᠤᠮ ᠴᠢᠨᠢ ᠳ᠋ᠠ ᠭᠡᠬᠦ ᠰᠢᠩ
ᠪᠥᠰᠤᠭᠠ ᠳᠠᠪᠠᠮᠠᠨᠴᠠ ᠬᠦᠬᠦᠳᠦᠨᠡᠨ ᠳᠠᠭᠤᠳᠠᠳᠠᠩ ᠰᠠᠨ
ᠠᠯᠤᠰ ᠲᠤ ᠶᠠᠪᠤᠭᠠ ᠦᠭᠡᠢ᠌᠌᠌᠌ ᠠᠭᠳᠠᠭᠤᠨ᠌ ᠳᠤ ᠨᠡᠢᠯᠡᠭᠡ ᠦᠭᠡᠢ
ᠠᠪᠤ ᠶᠢᠨ ᠪᠤᠷᠤᠯᠠ ᠲᠤ ᠪᠠᠨ ᠪᠢ ᠬᠠᠢᠷᠠᠲᠠᠢ
ᠠᠷᠠᠳ ᠤᠨ ᠬᠤᠨᠢᠴᠢᠨ ᠤ ᠬᠦᠯᠢ ᠢ ᠠᠮᠠᠭᠠᠷᠠᠨᠰᠠᠨ
ᠠᠨᠬᠬᠠᠨ ᠤ ᠬᠢᠨᠢ ᠤᠨᠤᠭᠠᠷᠢ ᠲᠡᠷᠡ ᠯᠡ ᠪᠢᠨᠰᠠᠨ ᠶᠤᠮ᠌᠂᠂