 

ᠦᠨᠳᠦᠷ ᠨᠠᠰᠤᠲᠠᠳ ᠤᠨ ᠤᠷᠳᠤ ᠨᠠᠰᠤᠯᠠᠬᠰᠠᠨ ᠦᠨᠡᠨ ︽ᠵᠤᠷ︾

2019-10-24 19:29
  212
  0
  ᠬᠠᠭᠤᠴᠢ ᠦᠬᠡᠨ ᠳᠤ ︽ᠲᠤᠭᠠᠯᠠᠵᠦ ᠳᠠᠯᠪᠢᠭᠰᠠᠨ ᠨᠠᠰᠤ᠂ ᠲᠦᠭᠡᠯᠡᠵᠦ ᠳᠠᠯᠪᠢᠭᠰᠠᠨ ᠪᠡᠶ᠎ᠠ︾ ᠭᠡᠳᠡᠭ ᠴᠤ ᠤᠷᠳᠤ ᠨᠠᠰᠤᠯᠠᠵᠦ ᠤᠳᠠᠭᠠᠨ ᠵᠢᠷᠭᠠᠬᠤ ᠶᠢ ᠶᠢᠷᠲᠢᠨᠴᠤ ᠶᠢᠨ ᠬᠦᠮᠦᠨ ᠬᠡᠨ ᠦᠯᠦ ᠬᠦᠰᠡᠨᠡᠮ᠃ ᠬᠡᠪᠡᠴᠤ ᠪᠤᠳᠤᠯ ᠢᠶᠠᠷ ᠪᠤᠯᠳᠠᠭ ᠦᠭᠡᠢ ᠬᠤᠷᠸ᠎ᠠ ᠶᠢᠨ ᠵᠢᠮ᠎ᠡ ᠪᠠᠷ ᠤᠯᠠᠨ ᠰᠠᠶᠢᠬᠠᠨ ᠬᠦᠮᠦᠰ ᠬᠤᠶᠢᠨ᠎ᠠ ᠬᠤᠶᠢᠨ᠎ᠠ ᠠᠴᠠ ᠪᠠᠨ ᠬᠠᠯᠢᠨ ᠤᠳᠴᠤ᠂ ᠴᠦᠬᠡᠬᠡᠨ ᠬᠡᠳᠦᠨ ᠬᠦᠮᠦᠨ ᠯᠠ ᠦᠨᠳᠦᠷ ᠨᠠᠰᠤᠨ ᠤ ᠬᠤᠳᠤᠭ ᠵᠤᠭᠤᠭᠯᠠᠳᠠᠭ ᠢ ᠶᠠᠭᠠᠬᠢᠶ᠎ᠠ ᠬᠡᠬᠦ ᠪᠤᠢ᠃ 
  ᠬᠠᠷᠢᠨ ᠲᠦᠩᠯᠢᠶᠤᠤ ᠬᠤᠲᠠ ᠶᠢᠨ ᠨᠠᠢᠮᠠᠨ ᠬᠤᠰᠢᠭᠤᠨ ᠤ ᡁᠢ ᠠᠨ ᠪᠠᠯᠭᠠᠰᠤᠨ ᠤ ᠠᠷᠤ ᠶᠢᠨ ᠠᠶᠢᠯ ᠬᠡᠬᠦ ᠪᠢᠴᠢᠬᠠᠨ ᠲᠤᠰᠬᠤᠨ ᠳᠤ ᠦᠨᠳᠦᠷ ᠨᠠᠰᠤᠳᠠᠳ ᠬᠤᠷᠢ ᠭᠤᠴᠢ ᠪᠠᠷ ᠪᠠᠶᠢᠭ᠎ᠠ ᠨᠢ ᠪᠠᠰᠠ ᠨᠢᠬᠡᠨ ᠰᠤᠨᠢᠨ ᠭᠠᠶᠢᠬᠠᠮᠰᠢᠭ︕
   ᠡ᠊ᠨᠡ ᠭᠠᠴᠠᠭᠠᠨ ᠳᠤ ᠴᠤᠬᠤᠮ ᠬᠡᠳᠦᠢ ᠦᠨᠳᠦᠷ ᠨᠠᠰᠤᠲᠠᠨ ᠪᠠᠶᠢᠭ᠎ᠠ ᠪᠤᠢ︖
   ᠲᠤᠰ ᠭᠠᠴᠠᠭᠠᠨ ᠤ ᠭᠠᠴᠠᠭᠠᠨ ᠲᠠᠷᠤᠭ᠎ᠠ ᠳᠠᠯᠠᠠᠭᠤᠷᠪᠠ ᠶᠢᠨ ᠬᠡᠯᠡᠬᠦ ᠪᠠᠷ ᠠᠷᠤ ᠶᠢᠨ ᠠᠶᠢᠯ ᠳᠤ᠄
   •80 — 90 ᠨᠠᠰᠤᠨ ᠤ ᠬᠤᠭᠤᠷᠤᠨᠲᠤ ᠪᠠᠶᠢᠭ᠎ᠠ ᠪᠤᠭᠤᠷᠤᠯ ᠨᠡᠶᠢᠲᠡ 20 ᠪᠠᠶᠢᠵᠤ
   •90 ᠨᠠᠰᠤᠨ ᠠᠴᠠ ᠲᠡᠭᠡᠭᠰᠢ ᠪᠤᠭᠤᠷᠤᠯ 5 ᠪᠠᠶᠢᠭ᠎ᠠ ᠠᠵᠢ᠃
   ᠡᠮᠦᠨ᠎ᠡ ᠬᠤᠶᠠᠷ ᠵᠢᠯ ᠡ᠊ᠨᠡ ᠲᠤᠭ᠎ᠠ ᠨᠡᠩ ᠶᠡᠭᠡ ᠪᠠᠶᠢᠵᠤ᠂ ᠲᠤᠰ ᠭᠠᠴᠠᠭᠠᠨ ᠳᠤ ᠶᠡᠷᠡ ᠠᠴᠠ ᠲᠡᠭᠡᠭᠰᠢ ᠨᠠᠰᠤᠯᠠᠭᠰᠠᠳ ᠠᠷᠪᠠᠭᠠᠳ ᠪᠠᠶᠢᠭᠰᠠᠨ ᠪᠤᠯ᠂ ᠲᠡᠭᠡᠷ᠎ᠡ ᠵᠠᠭᠤᠨ ᠳᠤ ᠵᠠᠭᠤᠨ ᠨᠠᠰᠤ ᠶᠢ ᠳᠠᠪᠠᠭᠰᠠᠨᠬᠦᠮᠦᠨ ᠪᠠᠰᠠ 2 ᠪᠠᠶᠢᠪᠠ᠃
   ᠤᠷᠲᠤ ᠨᠠᠰᠤᠯᠠᠬᠤ ᠳᠤ ᠤᠰᠤ ᠤᠮᠳᠠ ᠬᠤᠯᠪᠤᠭ᠎ᠠ ᠲᠠᠢ ᠬᠡᠵᠤ ᠤᠤ︖
   90 ᠨᠠᠰᠤᠲᠠᠢ ᠰᠸᠧᠡᠩ᠂ 97 ᠨᠠᠰᠤᠲᠠᠢ ᠵᠠᠩᠰᠧᠯᠡᠢ᠂ 82 ᠨᠠᠰᠤᠲᠠᠢ ᠷᠠᠰᠢᠵᠠᠯᠰᠠᠨ᠂ 97 ᠨᠠᠰᠤᠲᠠᠢ ᠲᠢᠶᠠᠨ ᠰᠢ ᠵᠡᠷᠭᠡ ᠬᠦᠮᠦᠰ ᠢ ᠰᠤᠷᠪᠤᠯᠵᠢᠯᠠᠬᠤ ᠳᠤ ᠲᠡᠳᠡᠨ ᠤ ᠠᠮᠠᠨ ᠠᠴᠠ ᠴᠦᠮ ᠪᠤᠯᠠᠭ ᠤᠨ ᠤᠰᠤ ᠬᠡᠬᠦ ᠦᠭᠡ ᠶᠢ ᠰᠤᠨᠤᠰᠴᠤ ᠪᠢᠯᠡ᠃ ᠦᠡᠭᠬᠡᠷᠡᠭᠰᠡᠨ ᠳᠤ ᠲᠤᠰ ᠭᠠᠴᠠᠭᠠᠨ ᠤ ︽ᠪᠠᠶᠠᠨ ᠦᠯᠥᠩ ᠤᠨ ᠲᠠᠯ᠎ᠠ︾ ᠳᠤ ᠶᠡᠭᠡ ᠠᠷᠪᠢᠨ ᠪᠤᠯᠠᠭ ᠤᠷᠬᠢᠯᠵᠤ ᠪᠠᠶᠢᠭᠰᠠᠨ ᠪᠦᠭᠡᠳ ᠬᠠᠪᠤᠷ ᠤᠨ ᠦᠶ᠎ᠡ ᠪᠠᠷ ᠨᠡᠩ ᠠᠷᠪᠢᠨ ᠪᠤᠯᠵᠤ ᠬᠡᠳᠦᠨ ᠠᠷᠪᠠ᠂ ᠴᠢᠨᠠᠭᠰᠢᠯᠠᠨ ᠵᠠᠭᠤ ᠴᠤ ᠬᠦᠷᠴᠤ᠂ ᠬᠦᠮᠦᠨ ᠠᠴᠠ ᠦᠨᠳᠦᠷ ᠤᠷᠬᠢᠯᠤᠭᠠᠳ ᠡ᠊ᠨᠳᠡᠬᠢ ᠬᠦᠮᠦᠰ ᠲᠡᠭᠦᠨ ᠢᠶᠠᠨ ᠷᠠᠰᠢᠶᠠᠨ ᠬᠡᠮᠡᠨ ᠬᠦᠷᠲᠡᠵᠤ ᠪᠠᠶᠢᠭᠰᠠᠨ ᠠᠴᠠ ᠡᠳᠡᠬᠡᠷ ᠬᠦᠮᠦᠰ ᠤᠷᠲᠤ ᠨᠠᠰᠤᠯᠠᠬᠤ ︽ᠡ᠊ᠮᠲᠤ ᠷᠠᠰᠢᠶᠠᠨ︾ ᠤᠯᠤᠭᠰᠠᠨ ᠪᠠᠶᠢᠬᠤ ᠮᠠᠭᠠᠳᠯᠠᠯ ᠲᠠᠢ᠃
   ᠦᠨᠳᠦᠷ ᠨᠠᠰᠤᠯᠠᠬᠤ ᠦᠨᠡᠨ ︽ᠵᠤᠷ︾ ᠦᠭᠡᠷ᠎ᠡ ᠶᠠᠭᠤ ᠪᠠᠶᠢᠨ᠎ᠠ︖
   ᠤᠰᠤ ᠤᠮᠳᠠ ᠠᠴᠠ ᠭᠠᠳᠠᠨ᠎ᠠ ᠡᠳᠡᠬᠡᠷ ᠨᠠᠰᠤᠲᠠᠳ ᠤᠨ ᠶᠡᠷᠤᠩᠬᠡᠢ ᠤᠨᠴᠠᠯᠢᠭ ᠨᠢ ᠴᠦᠮ ᠢᠳᠡᠵᠤ ᠤᠤᠭᠤᠬᠤ ᠪᠠ ᠶᠠᠪᠤᠵᠤ ᠰᠠᠭᠤᠬᠤ ᠲᠤᠭᠲᠠᠭᠰᠠᠨ ᠵᠢᠷᠤᠮ ᠭᠤᠷᠢᠮ ᠲᠠᠢ᠂ ᠨᠠᠰᠤ ᠠᠬᠢᠭᠠᠳ ᠢᠷᠡᠬᠦ ᠪᠠᠷ ᠴᠠᠭᠠᠨ ᠢᠳᠡᠭᠡ ᠪᠠᠷ ᠭᠤᠤᠯᠳᠠᠭᠤᠯᠵᠤ᠂ ᠡᠷᠢᠨ ᠡᠷᠢᠨ ᠤ ᠬᠤᠭᠤᠯᠠ ᠪᠤᠳᠠᠭ᠎ᠠ ᠪᠠᠨ ᠦᠪᠡᠷᠲᠡᠬᠡᠨ ᠪᠡᠯᠡᠳᠴᠤ᠂ ᠵᠢᠷᠭᠤᠭᠠᠨ ᠬᠤᠪᠢ ᠴᠠᠳᠳᠠᠯ᠎ᠠ ᠬᠤᠭᠤᠯᠠᠯᠠᠵᠦ᠂ ᠡᠳᠦᠷ ᠪᠤᠯᠭᠠᠨ ᠬᠡᠷ ᠤᠨ ᠠᠷᠰᠠᠷ ᠬᠢᠳᠡᠯ ᠬᠢᠬᠦ ᠪᠤᠶᠤ ᠠᠶᠢᠯ ᠢᠶᠠᠨ ᠲᠤᠭᠤᠷᠢᠨ ᠠᠯᠬᠤᠨ᠎ᠠ᠃ ᠬᠡᠬᠦ ᠳᠡᠭᠡᠨ ᠪᠠᠰᠠ ᠬᠡᠲᠦᠷᠬᠡᠢ ᠶᠠᠳᠠᠷᠠᠬᠤ ᠦᠭᠡᠢ᠂ ᠬᠤᠯᠠ ᠶᠠᠪᠤᠬᠤ ᠦᠭᠡᠢ᠃ ᠡᠬᠦᠨ ᠲᠠᠢ ᠵᠡᠷᠭᠡᠴᠡᠭᠡᠳ ᠪᠡᠶ᠎ᠠ ᠳᠤ ᠵᠤᠬᠢᠷᠠᠬᠤ ᠦᠭᠡᠢ ᠬᠤᠭᠤᠯᠠ ᠤᠮᠳᠠ᠂ ᠴᠠᠢ ᠤᠰᠤ ᠨᠢᠬᠡ ᠴᠤ ᠢᠳᠡᠵᠤ ᠤᠤᠭᠤᠬᠤ ᠦᠭᠡᠢ᠃
   ᠡᠳᠡᠬᠡᠷ ᠨᠠᠰᠤᠲᠠᠳ ᠤᠨ ᠡᠷᠡᠬᠦᠯ ᠴᠢᠬᠢᠷᠠᠭ ᠤᠨ ᠬᠡᠮᠵᠢᠶ᠎ᠡ ᠶᠠᠮᠠᠷ ᠪᠠᠶᠢᠨ᠎ᠠ︖
   ᠭᠠᠴᠠᠭᠠᠨ ᠲᠠᠷᠤᠭ᠎ᠠ ᠳᠠᠯᠠᠠᠭᠤᠷᠪᠠ 20 ᠵᠢᠯ ᠡᠮᠴᠢ ᠶᠠᠪᠤᠭᠰᠠᠨ ᠪᠤᠯᠬᠤᠷ ᠠᠷᠤ ᠶᠢᠨ ᠠᠶᠢᠯ ᠤᠨ ᠨᠠᠰᠤᠲᠠᠳ ᠤᠨ ᠬᠡᠨ ᠨᠢ ᠶᠠᠮᠠᠷ ᠪᠠᠶᠢᠭ᠎ᠠ ᠶᠢ ᠲᠤᠪ ᠲᠤᠳᠤᠷᠬᠠᠢ ᠮᠡᠳᠡᠳᠡᠭ᠃ ᠲᠡᠭᠦᠨ ᠤ ᠬᠡᠯᠡᠬᠦ ᠪᠠᠷ ᠡᠳᠡᠬᠡᠷ ᠦᠨᠳᠦᠷ ᠨᠠᠰᠤᠲᠠᠳ ᠦᠪᠡᠷ ᠢ ᠪᠠᠨ ᠡᠵᠡᠮᠳᠡᠬᠦ ᠴᠢᠳᠠᠪᠤᠷᠢ ᠦᠨᠳᠦᠷ ᠪᠤᠯᠬᠤᠷ ᠤᠯᠠᠩᠭᠢ ᠳᠠᠭᠠᠨ ᠲᠤᠮᠤᠭᠤ ᠲᠠᠭᠰᠢᠭᠤᠷ ᠤᠷᠤᠨ᠎ᠠ ᠬᠡᠰᠡᠨ ᠢ ᠮᠡᠳᠡᠬᠦ ᠦᠭᠡᠢ᠂ ᠵᠠᠷᠢᠮ ᠳᠠᠭᠠᠨ ᠬᠦᠯ ᠨᠢᠷᠤᠭᠤ ᠨᠢ ᠡᠪᠡᠳᠬᠦ ᠪᠠᠷ ᠵᠢᠭᠠᠬᠠᠨ ᠠᠷᠢᠬᠢ ᠢᠯᠢᠴᠢᠬᠡᠪᠡᠯ ᠬᠡᠮ ᠦᠭᠡᠢ ᠪᠤᠯᠴᠢᠬᠠᠨ᠎ᠠ᠃ ᠵᠢᠯ ᠤᠨ ᠵᠢᠯ ᠢᠶᠠᠷ ᠵᠡᠬᠦᠦ ᠲᠠᠷᠢᠯᠭ᠎ᠠ ᠬᠢᠬᠦ ᠶᠢ ᠪᠢᠲᠡᠬᠡᠢ ᠬᠡᠯᠡ ᠡᠮ ᠴᠤ ᠤᠤᠭᠤᠭ᠎ᠠ ᠦᠭᠡᠢ ᠨᠠᠰᠤᠲᠠᠨ ᠤᠯᠠᠨ ᠪᠠᠶᠢᠭ᠎ᠠ ᠠᠵᠢ᠃ ᠮᠦᠨ ᠴᠤ ᠤᠳᠤ ᠪᠠᠶᠢᠭ᠎ᠠ ᠡᠳᠡᠬᠡᠷ ᠨᠠᠰᠤᠲᠠᠳ ᠪᠤᠯᠵᠤ ᠯᠠ ᠦᠭᠪᠡᠯ ᠬᠡᠷ ᠤᠨ ᠲᠤᠳᠤᠨ᠎ᠠ ᠭᠠᠳᠠᠨ᠎ᠠ ᠬᠦᠳᠡᠯᠮᠦᠷᠢᠯᠡᠵᠤ᠂ ᠳᠠᠯᠠᠨ ᠨᠠᠰᠤᠨ ᠠᠴᠠ ᠨᠠᠶᠠᠨ ᠨᠠᠰᠤᠨ ᠤ ᠬᠤᠭᠤᠷᠤᠨᠲᠤ ᠪᠠᠶᠢᠭ᠎ᠠ ᠬᠦᠮᠦᠰ ᠬᠠᠷᠢᠨ ᠨᠠᠮᠤᠷ ᠬᠠᠪᠤᠷ ᠤᠨ ᠭᠤᠤᠯ ᠬᠢᠳᠡᠯ ᠢ ᠨᠤᠭᠤᠯᠳᠠᠭ ︽ᠴᠢᠳᠠᠯᠲᠠᠨ︾ ᠨᠤᠭᠤᠳ ᠪᠠᠶᠢᠯ᠎ᠠ᠃
   ᠰᠡᠳᠬᠢᠴᠡ ᠶᠢᠨ ᠲᠠᠶᠢᠪᠤᠰᠢᠷᠠᠯ ᠨᠢ ᠬᠦᠮᠦᠨ ᠢ ᠤᠷᠲᠤ ᠨᠠᠰᠤᠯᠠᠭᠤᠯᠬᠤ ᠤᠤ︖
   ᠪᠤᠯᠬᠦᠮᠳᠡᠯ ᠨᠢᠭᠲᠠᠷᠠᠯ᠂ ᠡᠶ᠎ᠡ ᠨᠠᠶᠢᠷᠰᠠᠭ᠂ ᠠᠮᠤᠭᠤᠯᠠᠩ ᠲᠠᠶᠢᠪᠤᠡᠭ᠂ ᠬᠡᠪ ᠪᠤᠯᠪᠠᠰᠤᠷᠠᠯ ᠦᠨᠳᠦᠷ᠂ ᠠᠴᠢᠯᠡᠯ ᠵᠢᠷᠤᠮ ᠲᠠᠢ ᠪᠠᠶᠢᠳᠠᠭ ᠨᠢ ᠠᠷᠤ ᠶᠢᠨ ᠠᠶᠢᠯ ᠭᠠᠴᠠᠭᠠᠨ ᠤ ᠬᠦᠮᠦᠰ ᠤᠨ ᠪᠤᠰᠤᠳ ᠠᠴᠠ ᠢᠯᠭᠠᠭᠳᠠᠬᠤ ᠤᠨᠴᠠᠯᠢᠭ᠃ ᠡ᠊ᠨᠳᠡ ᠬᠤᠯᠠᠭᠠᠢᠢᠴᠢ ᠬᠡᠵᠤ ᠪᠠᠶᠢᠳᠠᠭ ᠦᠭᠡᠢ ᠪᠦᠭᠡᠳ ᠬᠡᠷᠡᠬᠦᠯ ᠴᠤᠤᠬᠢᠶᠠᠨ᠂ ᠵᠤᠳᠤᠭᠠᠨ ᠲᠡᠮᠡᠴᠡᠬᠡᠨ ᠤᠭᠲᠤ ᠭᠠᠷᠳᠠᠭ ᠦᠭᠡᠢ᠃ ᠠᠶᠢᠯ ᠠᠶᠢᠮᠠᠭ ᠬᠤᠭᠤᠷᠤᠨᠲᠤ ᠪᠠᠨ ᠶᠡᠭᠡ ᠪᠦᠯᠬᠦᠮᠳᠡᠯ ᠲᠠᠢ ᠪᠠᠶᠢᠵᠤ᠂ ᠰᠤᠶᠤᠯ ᠮᠡᠳᠡᠯᠬᠡ ᠶᠢ ᠲᠡᠭᠡᠳᠦᠯᠡᠨ᠂ ᠡᠷᠳᠡᠮ ᠪᠤᠯᠪᠠᠰᠤᠷᠠᠯ ᠲᠠᠢ ᠬᠦᠮᠦᠨ ᠢ ᠬᠦᠨᠳᠦᠳᠬᠡᠳᠡᠭ᠃ ᠲᠡᠶᠢᠮᠤ ᠪᠠᠷ ᠵᠶ᠋ᠠᠨᠡ᠊ᠨᠡ ᠭᠠᠴᠠᠭᠠᠨ ᠠᠴᠠ ᠭᠠᠷᠤᠭᠰᠠᠨ ᠡᠷᠳᠡᠮᠲᠡᠨ ᠮᠡᠷᠬᠡᠳ ᠦᠢ ᠤᠯᠠᠨ ᠪᠦᠭᠡᠳ ᠲᠡᠭᠡᠷ᠎ᠡ ᠵᠠᠭᠤᠨ ᠳᠤ ᠶᠡᠭᠡ ᠰᠤᠷᠭᠠᠭᠤᠯᠢ ᠲᠡᠭᠦᠰᠦᠭᠰᠡᠨ ᠤᠶᠤᠲᠠᠳ ᠮᠠᠰᠢ ᠤᠯᠠᠨ ᠪᠠᠶᠢᠵᠦ ᠠᠷᠤ ᠶᠢᠨ ᠠᠶᠢᠯ ᠭᠠᠴᠠᠭ᠎ᠠ ᠨᠢ ︽ᠦᠪᠡᠷᠲᠡᠬᠡᠨ ᠵᠠᠰᠠᠬᠤ ᠤᠷᠤᠨ ᠤ ᠪᠤᠯᠪᠠᠰᠤᠨ ᠭᠠᠴᠠᠭ᠎ᠠ︾ ᠪᠠᠷ ᠦᠨᠡᠯᠡᠭᠳᠡᠭᠰᠡᠨ ᠪᠠᠶᠢᠪᠠ᠃ ᠵᠣᠬᠢᠶᠠᠭᠴᠢ᠄  ᠰᠡᠴᠡᠨᠪᠢᠯᠢᠭ ᠬᠤᠤᠰᠪᠢᠯᠢᠭ᠌



  
     
     