
ᠬᠠᠲᠤᠨ ᠢ ᠱᠤᠤᠯᠠᠵᠤ ᠢᠴᠢᠭᠡᠭᠰᠡᠨ ᠨᠢ
ᠬᠠᠯᠴᠠᠭᠠᠢ ᠳ᠋ᠥ ᠬᠠᠲᠤᠬᠠᠨ ᠰᠤᠤᠯᠠᠭᠳᠠᠭᠰᠠᠨ ᠵᠠᠯᠠᠭᠤ ᠬᠠᠲᠤᠨ ᠬᠡᠳᠦᠶᠢᠪᠡᠷ ᠶᠡᠬᠡ ᠢᠴᠢᠭᠰᠡᠨ ᠪᠤᠯᠪᠠᠴᠤ ᠬᠠᠷᠢ ᠬᠤᠰᠢᠭᠤᠨ ᠤ ᠵᠤᠴᠢᠨ ᠲᠠᠢ ᠦᠭᠡ ᠰᠤᠯᠢᠯ ᠦᠭᠡᠢ ᠵᠦᠯᠴᠦᠶᠢᠨ ᠰᠠᠭᠤᠵᠤ ᠦᠯᠦ
ᠪᠤᠯᠠᠬᠤ ᠲᠤᠯᠠ ᠲᠡᠭᠦᠨ ᠦ ᠳᠤᠤᠷ᠎ᠠ ᠲᠠᠯ᠎ᠠ ᠳ᠋ᠥ ᠰᠠᠭᠤᠭ᠎ᠠ ᠳᠦᠰᠢᠮᠡᠯ ᠦᠨ ᠨᠡᠷ᠎ᠡ ᠶᠢ ᠠᠰᠠᠭᠤᠬᠤ ᠭᠡᠳ ᠢᠴᠢᠭᠰᠡᠨ ᠳᠡᠬᠡᠨ ᠴᠠᠯᠭᠠᠶᠢᠷᠠᠭᠤᠯᠤᠨ ︽ ᠲᠠᠨ ᠤ ᠳᠤᠤᠷᠠᠬᠢ ᠶᠢᠨ ᠴᠢᠨᠢ ᠨᠡᠷ᠎ᠡ ᠨᠢ ᠬᠡᠨ ᠭᠡᠳᠡᠭ
ᠪᠤᠯᠠᠪᠠ ︾ ᠬᠡᠮᠡᠨ ᠠᠰᠠᠭᠤᠲᠠᠯ᠎ᠠ ︽ ᠫᠡᠢ ᠂ ᠬᠠᠲᠤᠨ ᠴᠦ ᠭᠡᠵᠤ ᠳ᠋ᠠ ᠬᠠᠴᠢᠨ ᠶᠠᠭᠤᠮ᠎ᠠ ᠰᠤᠨᠢᠷᠬᠠᠬᠤ ᠶᠤᠮ ᠃ ︾ ᠭᠡᠳ ︽ ᠬᠠᠲᠤᠨ ᠠᠰᠠᠭᠤᠬᠤ ᠪᠠᠷ ᠬᠠᠷᠢᠭᠤᠯᠬᠤ ᠦᠭᠡᠢ ᠪᠤᠯᠠᠬᠤ ᠦᠭᠡᠢ ︾
ᠭᠡᠰᠡᠨ ᠢᠶᠡᠨ ᠄
ᠮᠦᠯᠬᠦᠵᠦ ᠪᠠᠶᠢᠬᠤ ᠶᠢᠨ ᠠᠯᠳᠠ
ᠮᠦᠮᠦᠭ ᠭᠡᠳᠡᠭ ᠃
ᠭᠤᠯᠭᠤᠵᠤ ᠪᠠᠶᠢᠬᠤ ᠠᠯᠳᠠ
ᠭᠤᠤᠷ ᠭᠡᠳᠡᠭ ᠃
ᠠᠪᠤ ᠶᠢᠨ ᠦᠭᠭᠦᠭᠰᠡᠨ ᠨᠡᠷ᠎ᠡ ᠨᠢ
ᠠᠯᠢᠶ᠎ᠠ ᠪᠦᠭᠡᠷ᠎ᠡ ᠃
ᠡᠵᠢ ᠶᠢᠨ ᠦᠭᠭᠦᠭᠰᠡᠨ ᠨᠡᠷ᠎ᠡ ᠨᠢ
ᠡᠷᠬᠡ ᠪᠦᠭᠡᠷ᠎ᠡ ᠃
ᠡᠨᠡ ᠪᠡᠶ᠎ᠡ ᠡᠷᠴᠢᠯᠡᠭᠡᠳ
ᠡᠷ᠎ᠡ ᠶᠢᠨ ᠴᠡᠭᠡᠯ ᠳ᠋ᠤᠷ ᠬᠦᠷᠬᠦᠯᠡᠷ
ᠡᠷᠬᠢᠮ ᠨᠡᠷ᠎ᠡ ᠶᠡᠬᠡᠰᠴᠤ
ᠡᠯᠳᠡᠪ ᠲᠠᠪᠤ ᠪᠠᠷ ᠳᠠᠭᠤᠳᠠᠯᠴᠠᠳᠠᠭ ᠃
ᠨᠢᠭᠤᠷ ᠦᠭᠡᠢ ᠪᠠᠶᠢᠳᠠᠯ᠎ᠠ ᠢᠴᠢᠮᠡᠳᠡᠬᠡᠢ
ᠨᠢᠳᠦ ᠦᠭᠡᠢ ᠪᠠᠶᠢᠳᠠᠯ᠎ᠠ ᠤᠬᠢᠯᠠᠮᠠᠭ᠍ᠬᠠᠢ
ᠬᠠᠮᠠᠷ ᠦᠭᠡᠢ ᠪᠠᠶᠢᠲᠠᠯ᠎ᠠ ᠨᠢᠰᠤᠠᠭ᠍ᠬᠠᠢ
ᠬᠠᠨᠴᠤᠢ ᠦᠭᠡᠢ ᠪᠠᠶᠢᠲᠠᠯ᠎ᠠ ᠰᠢᠮᠠᠷᠬᠠᠢ
ᠬᠤᠯᠤ ᠭᠡᠲᠡᠯ᠎ᠡ ᠪᠠᠷᠢᠭᠤᠯ ᠦᠭᠡᠢ
ᠬᠤᠯᠤᠭᠠᠨ᠎ᠠ ᠭᠡᠲᠡᠯ᠎ᠡ ᠴᠢᠬᠢ ᠦᠭᠡᠢ
ᠬᠤᠪᠤᠭᠤ ᠭᠡᠲᠡᠯ᠎ᠡ ᠡᠰᠢ ᠦᠭᠡᠢ
ᠡᠬᠡᠨᠡᠷ ᠬᠦᠮᠦᠨ ᠳ᠋ᠥ ᠡᠷᠬᠢᠮᠯᠡᠭᠳᠡᠵᠦ
ᠡᠲᠦᠭᠡᠳ ᠠᠪᠤᠪᠠᠯ ᠡᠷᠴᠢᠯᠡᠳᠡᠭ
ᠬᠠᠲᠤᠨ ᠬᠦᠮᠦᠨ ᠳ᠋ᠥ ᠬᠠᠶᠢᠷᠠᠯᠠᠭᠳᠠᠵᠤ
ᠬᠠᠪᠢᠳᠤᠭᠠᠳ ᠢᠷᠡᠪᠡᠯ ᠬᠠᠲᠠᠭᠤᠷᠠᠲᠠᠭ ᠃
ᠬᠠᠴᠢᠨ ᠡᠨᠡ ᠡᠳ᠋ ᠦᠨ
ᠪᠦᠬᠦᠯᠢ ᠨᠡᠷ᠎ᠡ ᠶᠢ ᠳᠤᠷᠠᠳᠴᠤ
ᠪᠦᠳᠦᠭᠦᠨ ᠨᠡᠷ᠎ᠡ ᠳᠡᠬᠡᠨ ᠳ᠋ᠤᠨᠢ ᠬᠦᠷᠭᠡᠪᠡᠰᠤ
ᠪᠦᠯᠢᠳᠡᠭ ᠬᠡᠮᠡᠮᠤᠢ ᠃ ᠭᠡᠵᠤ ᠰᠢᠯᠦᠭᠯᠡᠨ ᠬᠠᠷᠢᠭᠤᠯᠤᠭᠠᠳ ᠲᠡᠷᠡ ᠬᠠᠲᠤᠨ ᠢ ᠰᠦᠷᠡᠬᠡᠢ ᠢᠴᠢᠭᠡᠭᠰᠡᠨ ᠭᠡᠨ᠎ᠡ ᠃

