 

ᠡᠭᠦᠷᠭᠡ ᠬᠠᠷᠢᠭᠤᠴᠠᠯᠭ᠎ᠠ ᠪᠡᠶᠡᠯᠡᠭᠰᠡᠨ ᠵᠠᠯᠠᠭᠤ ᠨᠠᠰᠦ

2019-12-20 17:02
  221
  0


  ᠰᠤᠷᠪᠤᠯᠵᠢᠯᠠᠭᠴᠢ 10 ᠰᠠᠷ᠎ᠡ ᠶᠢᠨ ᠡᠬᠢᠨ ᠳᠤ ᠤᠩᠨᠢᠭᠤᠳ ᠬᠤᠰᠢᠭᠤᠨ ᠤ ᠬᠠᠶᠢᠯᠠᠰᠦ ᠪᠠᠯᠭᠠᠰᠦ ᠶᠢᠨ ᠤᠯᠠᠭᠠᠨᠵᠠᠳᠠᠭᠠᠢ ᠭᠠᠴᠠᠭ᠎ᠠ ᠪᠠ ᠪᠤᠷᠤᠬᠤᠲᠠ ᠪᠠᠯᠭᠠᠰᠦ ᠶᠢᠨ ᠴᠡᠭᠡᠨ ᠭᠠᠴᠠᠭ᠎ᠠ ᠳᠤ ᠬᠦᠷᠴᠦ ᠶᠠᠳᠠᠭᠤ ᠠᠴᠠ ᠠᠩᠬᠢᠵᠢᠷᠠᠭᠤᠯᠬᠤ ᠪᠤᠭᠤᠮᠲᠠ ᠰᠢᠪᠲᠤᠯᠬᠤ ᠳᠠᠶᠢᠯᠠᠯᠳᠤᠭᠠᠨ ᠤ ᠡᠮᠦᠨ᠎ᠡ ᠹᠷᠤᠨᠲ ᠲᠤ ᠡᠷᠡᠮᠡᠬᠡᠶᠢᠯᠡᠨ ᠭᠠᠪᠰᠢᠭᠠᠢᠢᠯᠠᠵᠦ ᠪᠠᠶᠢᠭ᠎ᠠ ᠨᠢᠭᠡᠲᠦᠭᠡᠷ ᠱᠦᠵᠢ ᠶᠢ ᠰᠤᠷᠪᠤᠯᠵᠢᠯᠠᠵᠦ᠂ ᠲᠡᠳᠡᠨᠦᠰ ᠤᠨ ᠨᠦᠢᠷ ᠬᠤᠭᠤᠯᠠ ᠪᠠᠨ ᠤᠮᠠᠷᠲᠠᠨ ᠠᠵᠢᠯᠯᠠᠬᠰᠠᠨ ᠦᠢᠯᠡ ᠠᠵᠢᠯᠯᠠᠭ᠎ᠠ ᠶᠢ ᠲᠡᠮᠳᠡᠭᠯᠡᠭᠰᠡᠨ ᠪᠠᠶᠢᠨ᠎ᠡ᠃ ᠨᠢᠭᠡᠲᠦᠭᠡᠷ ᠱᠦᠵᠢ ᠭᠡᠵᠦ ᠲᠤᠰᠢᠶᠠᠯ ᠯᠡ ᠲᠡᠲᠦᠢ ᠪᠢᠰᠢ᠂ ᠬᠠᠷᠢᠨ ᠨᠢᠭᠡ ᠵᠦᠢᠯ ᠤᠨ ᠡᠷᠬᠢᠮ ᠲᠡᠭᠡᠲᠦ ᠡᠭᠦᠷᠭᠡᠯᠡᠯ ᠪᠠᠶᠢᠵᠦ ᠲᠠᠭᠠᠷᠠᠨ᠎ᠡ᠃ ᠨᠢᠭᠡᠲᠦᠭᠡᠷ ᠱᠦᠵᠢ ᠶᠢᠨ ᠲᠤᠰᠢᠶᠠᠯ ᠡᠭᠦᠷᠭᠡᠯᠡᠨ ᠴᠢᠷᠮᠠᠶᠢᠨ ᠠᠵᠢᠯᠯᠠᠵᠦ ᠪᠠᠶᠢᠭ᠎ᠠ ᠤᠳᠬᠤᠨ ᠪᠠ ᠸᠠᠩᠴᠤᠭ ᠱᠦ᠋ᠵᠢ ᠶᠢᠨ ᠠᠵᠢᠯ ᠤᠨ ᠪᠠᠶᠢᠷᠢ ᠪᠠᠨ ᠲᠡᠭᠡᠳᠦᠯᠡᠨ᠂ ᠶᠠᠳᠠᠭᠤ ᠠᠴᠠ ᠠᠩᠬᠢᠵᠢᠷᠠᠭᠤᠯᠬᠤ ᠪᠤᠭᠤᠮᠲᠠ ᠰᠢᠪᠲᠤᠯᠬᠤ ᠠᠵᠢᠯ ᠤᠨ ᠡᠮᠦᠨ᠎ᠡ ᠹᠷᠤᠨᠲ ᠲᠤ ᠬᠦᠴᠢᠷ ᠢ ᠠᠷᠭᠠᠴᠠᠭᠠᠨ᠂ ᠬᠦᠯᠦᠰᠦ ᠤᠷᠤᠰᠬᠠᠵᠦ ᠶᠠᠪᠤᠭᠰᠠᠨ ᠤᠯᠠ ᠮᠥᠷ ᠢᠶᠠᠷ ᠨᠢ ᠰᠤᠷᠪᠤᠯᠵᠢᠯᠠᠵᠦ ᠶᠠᠪᠤᠬᠤ ᠳᠠᠭᠠᠨ ᠰᠡᠳᠭᠢᠯ ᠮᠢᠨᠢ ᠲᠤᠭᠳᠤᠯᠵᠦ ᠶᠠᠪᠤᠯ᠎ᠡ᠂ ᠤᠯᠠᠨ ᠴᠤ ᠪᠤᠳᠤᠯ ᠤᠷᠭᠤᠯ᠎ᠡ᠃
  — ᠮᠢᠨᠦ ᠤᠯᠠᠨ ᠨᠡᠶᠢᠲᠡ ᠶᠢᠨ ᠠᠵᠢᠯ ᠤᠨ ᠪᠠᠶᠢᠷᠢ ᠶᠢᠨ ᠴᠠᠯᠢᠩ ᠬᠡᠵᠢᠶ᠎ᠡ ᠪᠠᠭᠤᠬᠤ ᠪᠤᠢ︖
  — ᠮᠢᠨᠦ ᠨᠦᠭᠡᠴᠡᠯᠡᠭᠰᠡᠨ ᠡᠪᠡᠰᠦ ᠬᠦᠷᠭᠦ ᠦᠭᠡᠢ ᠮᠠᠭᠠᠳ ᠭᠠᠴᠠᠭᠠᠨ ᠠᠴᠠ ᠠᠷᠭᠠᠯᠠᠵᠦ ᠦᠭᠭᠦ ᠦᠭᠡᠢ ᠤᠤ︖
  — ᠮᠢᠨᠦ ᠡᠭᠡᠴᠢ ᠬᠦᠨᠳᠦ ᠡᠪᠡᠳᠴᠢᠯᠡᠴᠢᠭᠡᠯ ᠎ᠡ᠂ ᠲᠠ ᠲᠠᠨᠢᠬᠤ ᠡᠮᠴᠢ ᠪᠠᠶᠢᠪᠠᠯ ᠮᠠᠨ ᠢ ᠬᠠᠪᠰᠤᠷᠴᠦ ᠵᠤᠬᠢᠴᠠᠭᠤᠯᠤᠭᠠᠳ ᠦᠭᠬᠦ ᠪᠤᠯᠪᠠᠤ︖
  ᠬᠡᠲᠦᠭᠡᠨ ᠴᠠᠭ ᠤᠨ ᠰᠤᠷᠪᠤᠯᠵᠢᠯᠠᠭ᠎ᠠ ᠶᠢᠨ ᠶᠠᠪᠤᠴᠠ ᠲᠤᠮᠳᠠ ᠴᠡᠭᠡᠨ ᠭᠠᠴᠠᠭ᠎ᠠ ᠶᠢᠨ ᠲᠠᠩᠰᠠᠯᠠᠵᠦ ᠺᠠᠷᠲᠯᠠᠬᠰᠠᠨ ᠶᠠᠳᠠᠭᠤ ᠬᠦᠴᠢᠷᠳᠡᠯᠳᠡᠢ ᠡᠷᠦᠭᠡ ᠶᠢᠨ ᠭᠤᠶᠤᠴᠢᠯᠠᠯ ᠪᠠ ᠰᠠᠨᠠᠯ ᠤᠨ ᠤᠲᠠᠰᠦ ᠶᠢ ᠲᠠᠰᠦᠷᠠᠯᠲᠠ ᠦᠭᠡᠢ ᠲᠤᠰᠴᠦ᠂ ᠵᠦᠪᠯᠡᠯᠭᠡ ᠦᠭᠴᠦ ᠠᠷᠭ᠎ᠠ ᠭᠠᠷᠭᠠᠵᠦ ᠶᠠᠪᠤᠭᠰᠠᠨ ᠡᠨᠡ ᠬᠦᠮᠦᠨ ᠢ ᠸᠠᠩᠴᠤᠭ ᠭᠡᠳᠡᠭ᠃ ᠤᠩᠨᠢᠭᠤᠳ ᠬᠤᠰᠢᠭᠤᠨ ᠤ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠳᠤᠯᠠᠭ᠎ᠠ ᠶᠢᠨ ᠲᠤᠪᠴᠢᠶ᠎ᠡ ᠶᠢᠨ ᠬᠦᠳᠡᠯᠮᠦᠷᠢ ᠶᠢᠨ ᠪᠠᠲᠤᠯᠠᠭ᠎ᠠ ᠶᠢᠨ ᠬᠢᠨᠠᠯᠲᠠ ᠲᠠᠯᠪᠢᠬᠤ ᠶᠡᠭᠡ ᠠᠩᠬᠢ ᠶᠢᠨ ᠠᠵᠢᠯᠲᠠᠨ ᠪᠠᠶᠢᠵᠦ᠂ 2018 ᠤᠨ ᠤ 3 ᠰᠠᠷ᠎ᠡ ᠳᠤ ᠴᠡᠭᠡᠨ ᠭᠠᠴᠠᠭ᠎ᠠ ᠶᠢᠨ ᠨᠢᠭᠡᠲᠦᠭᠡᠷ ᠱᠦᠵᠢ ᠪᠠᠷ ᠲᠤᠮᠢᠯᠠᠬᠳᠠᠭᠰᠠᠨ ᠪᠠᠶᠢᠵᠠᠢ᠃
  ᠰᠤᠷᠪᠤᠯᠵᠢᠯᠠᠭ᠎ᠠ ᠪᠠᠷ ᠤᠴᠢᠬᠤ ᠡᠳᠦᠷ ᠸᠠᠩᠴᠤᠭ ᠱᠦᠵᠢ ᠬᠤᠰᠢᠭᠤᠨ ᠳᠤ ᠬᠦᠷᠴᠦ ᠬᠤᠷᠠᠯ ᠳᠤ ᠤᠷᠤᠯᠴᠠᠬᠤ ᠪᠤᠯᠤᠭᠰᠠᠨ ᠠᠴᠠ ᠦᠳᠡ ᠶᠢᠨ ᠬᠤᠶᠢᠨ᠎ᠡ ᠰᠠᠶ᠋ᠢ ᠪᠤᠯᠵᠤᠭᠰᠠᠨ ᠶᠤᠰᠦᠭᠠᠷ ᠢᠶᠠᠨ ᠲᠦᠷᠭᠡᠨ ᠤ ᠵᠠᠮ ᠲᠡᠭᠡᠷ᠎ᠡ ᠵᠠᠮ ᠲᠠᠭᠠᠭᠤᠯᠬᠤ ᠶᠢ ᠨᠢ ᠬᠦᠯᠢᠶᠡᠵᠦ ᠲᠡᠷᠭᠡ ᠶᠢ ᠨᠢ ᠲᠤᠰᠤᠨ ᠪᠠᠶᠢᠵᠦ ᠠᠭᠤᠯᠵᠠᠭᠰᠠᠨ ᠶᠤᠮ᠃ ᠸᠠᠩᠴᠤᠭ ᠱᠦᠵᠢ ᠭᠡᠵᠦ ᠭᠤᠴᠢ ᠡᠷᠬᠢᠮ᠎ᠡ ᠨᠠᠰᠦᠨ ᠤ ᠲᠤᠮᠳᠠ ᠶᠢᠨ ᠪᠡᠶ ᠎ᠡ ᠲᠠᠢ ᠬᠦᠳᠡᠷᠯᠢᠭ ᠵᠠᠯᠠᠭᠤ ᠪᠠᠶᠢᠵᠦ᠂ ᠪᠢᠳᠡ ᠬᠠᠯᠲᠦ ᠮᠡᠨᠳᠦᠴᠢᠯᠡᠮᠡᠭᠴᠡ ᠲᠡᠭᠦᠨ ᠤ ᠲᠡᠷᠭᠡᠨ ᠬᠤᠶᠢᠨ᠎ᠡ ᠠᠴᠠ ᠲᠠᠭᠠᠵᠦ ᠬᠦᠳᠡᠯᠵᠠᠢ᠃ ᠬᠤᠰᠢᠭᠤ ᠤᠷᠤᠬᠤ ᠲᠦᠷᠭᠡᠨ ᠤ ᠵᠠᠮ ᠠᠴᠠ ᠪᠠᠭᠤᠭᠰᠠᠨ ᠬᠢᠷᠢ ᠨᠢ ᠴᠠᠭ ᠰᠢᠬᠠᠮ ᠲᠤᠰᠬᠤᠨ ᠤ ᠵᠢᠵᠢᠭ ᠵᠠᠮ ᠴᠠᠷᠲᠠᠮᠠᠯ ᠵᠠᠮ ᠭᠡᠭᠦᠴᠢᠯᠠᠨ ᠰᠠᠵᠢᠯᠠᠭᠤᠯᠵᠦ᠂ ᠴᠡᠭᠡᠨ ᠭᠠᠴᠠᠭ᠎ᠠ ᠶᠢᠨ ᠭᠠᠴᠠᠭᠠᠨ ᠤ ᠠᠯᠪᠠᠨ ᠭᠡᠷ ᠲᠠᠷᠤᠢ ᠠᠵᠢᠯᠯᠠᠬᠤ ᠠᠩᠭᠢ ᠶᠢᠨ ᠰᠠᠭᠤᠭ᠎ᠠ ᠭᠠᠵᠠᠷ ᠲᠤ ᠬᠦᠷᠴᠦ ᠪᠢᠯᠡ᠃ ᠠᠵᠢᠯᠯᠠᠬᠤ ᠠᠩᠭᠢ ᠨᠢ ᠭᠠᠴᠠᠭᠠᠨ ᠤ ᠭᠡᠷ ᠲᠤ ᠪᠠᠶᠢᠷᠢᠯᠠᠵᠦ᠂ ᠭᠠᠴᠠᠭᠠᠨ ᠤ ᠭᠡᠷ ᠨᠢ ᠬᠠᠭᠤᠴᠢᠨ ᠰᠤᠷᠭᠠᠭᠤᠯᠢ ᠶᠢᠨ ᠬᠦᠷᠢᠶᠡᠨ ᠳᠤ ᠪᠠᠶᠢᠷᠢᠯᠠᠵᠦ ᠪᠠᠶᠢᠭ᠎ᠠ ᠪᠤᠯᠬᠤᠷ ᠠᠵᠢᠯᠯᠠᠬᠤ ᠠᠩᠭᠢ ᠨᠢ ᠬᠠᠭᠤᠴᠢᠨ ᠠᠩᠬᠢ ᠶᠢᠨ ᠭᠡᠷ ᠠᠴᠠ ᠨᠢᠭᠡ ᠦᠷᠦᠭᠡ ᠶᠢ ᠨᠢ ᠤᠯᠵᠦ ᠪᠠᠶᠢᠷᠢ ᠪᠠᠨ ᠪᠤᠯᠭᠠᠵᠠᠢ᠃ ᠭᠠᠴᠠᠭᠠᠨ ᠳᠤ ᠰᠠᠭᠤᠬ᠎ᠠ ᠠᠵᠢᠯᠯᠠᠬᠤ ᠠᠩᠭᠢ ᠶᠢᠨ ᠪᠠᠶᠢᠷᠢ ᠳᠤ ᠠᠯᠬᠤᠨ ᠤᠷᠤᠬᠤ ᠳᠤ ᠬᠡᠷᠡᠮ ᠲᠡᠭᠡᠷᠡᠬᠢ ᠬᠠᠷ᠎ᠡ ᠰᠠᠮᠪᠠᠷ᠎ᠡ ᠵᠢᠴᠢ ᠰᠠᠮᠪᠠᠷ᠎ᠡ ᠲᠡᠭᠡᠷᠡᠬᠢ ᠡᠷᠦᠭᠡ ᠠᠮᠠ ᠳᠤ ᠲᠠᠩᠰᠠᠯᠠᠭᠤᠯᠤᠭᠰᠠᠨ 779 ᠡᠷᠦᠭᠡ ᠶᠢᠨ 1766 ᠬᠦᠮᠦᠨ ᠬᠡᠮᠡᠬᠦ ᠲᠤᠮᠦ ᠭᠠᠷᠴᠠᠭ ᠲᠤᠤᠷᠠᠬᠢ 7 ᠵᠤᠷᠪᠤᠰ ᠶᠠᠳᠠᠭᠤ ᠬᠦᠴᠢᠷᠲᠡᠯᠲᠠᠢ ᠡᠷᠦᠭᠡ ᠶᠢᠨ ᠮᠡᠳᠡᠭᠡ ᠵᠠᠩᠬᠢ ᠢᠯᠡᠭᠡᠨ ᠬᠠᠷᠠᠭᠳᠠᠨ᠎ᠡ᠃ ᠡᠨᠡ ᠲᠤᠬᠠᠢ ᠸᠠᠩᠴᠤᠭ ᠱᠦᠵᠢ᠄ ︽ᠪᠢᠳᠡ ᠠᠩᠬ᠎ᠠ ᠡᠨᠡ ᠠᠩᠬᠢ ᠶᠢᠨ ᠬᠡᠷ ᠢ ᠴᠡᠪᠡᠷᠯᠡᠵᠦ ᠪᠠᠶᠢᠷᠢ ᠪᠤᠯᠭᠠᠵᠦ ᠠᠪᠬᠤ ᠭᠡᠵᠦ ᠦᠨᠡᠭᠡᠷ ᠦᠢᠯᠡ ᠪᠠᠨ ᠦᠵᠡᠭᠰᠡᠨ ᠰᠢᠤ᠃ ᠬᠤᠵᠢᠮ ᠨᠢ ᠲᠠᠪᠤᠭᠤᠯᠠ ᠪᠠᠨ ᠬᠦᠮᠦᠨ ᠪᠤᠯᠭᠠᠨ ᠭᠠᠭᠴᠠ ᠬᠦᠮᠦᠨ ᠤ ᠲᠦᠭᠦᠮ ᠬᠢᠴᠡᠲᠦ ᠲᠡᠮᠦᠷ ᠤᠷᠦ ᠶᠢ ᠠᠪᠴᠦ ᠪᠠᠶᠢᠷᠢ ᠳᠠᠭᠠᠨ ᠤᠷᠤᠭᠤᠯᠤᠯ᠎ᠡ᠃ ᠠᠮᠢᠳᠤᠷᠠᠯ ᠤᠨ ᠠᠷᠰᠠᠷ ᠬᠡᠷᠡᠭᠯᠡᠭᠡᠨ ᠤ ᠵᠦᠢᠯ ᠢ ᠤᠯᠳᠠᠬᠤ ᠶᠢᠨ ᠬᠢᠷᠢ ᠪᠠᠷ ᠴᠤᠭᠯᠠᠭᠤᠯᠤᠭᠰᠠᠨ ᠠᠴᠠ ᠠᠮᠢᠳᠤᠷᠠᠬᠤ ᠳᠤ ᠲᠤᠬᠢᠯᠢᠭ ᠤᠷᠤᠨ ᠪᠤᠯᠵᠦ ᠢᠷᠡᠯ᠎ᠡ᠃ ᠤᠳᠤ ᠪᠤᠯᠬᠤ ᠳᠤ ᠮᠠᠨ ᠤ ᠡᠨᠡ ᠪᠠᠶᠢᠷᠢ ᠮᠠᠨᠦᠰ ᠲᠤ ᠪᠠᠨ ᠪᠤᠯ ᠬᠠᠷᠢᠨ ᠴᠦ ᠠᠵᠢᠯᠯᠠᠵᠦ ᠠᠯᠪᠠᠯᠠᠵᠦ ᠠᠮᠢᠳᠤᠷᠠᠬᠤ ᠳᠤ ᠮᠠᠰᠢ ᠲᠤᠬᠢᠷᠠᠮᠵᠢᠲᠠᠢ ᠨᠢᠭᠡᠨ ᠦᠷᠦᠭᠡ ᠪᠤᠯᠤᠭᠰᠠᠨ ᠰᠢᠤ᠃ ᠨᠡᠩ ᠡᠨᠡ ᠬᠦ ᠰᠠᠮᠪᠠᠷ᠎ᠡ ᠪᠤᠯ ᠬᠤᠷᠠᠯ ᠴᠤᠭᠯᠠᠭ᠎ᠠ ᠵᠢᠴᠢ ᠮᠡᠳᠡᠭᠡ ᠵᠠᠩᠬᠢ ᠲᠡᠮᠳᠡᠭᠯᠡᠬᠦ ᠰᠠᠶᠢᠨ ᠵᠠᠭᠤᠴᠢ ᠪᠤᠯᠤᠭᠰᠠᠨ ᠰᠢᠤ ︾ ᠭᠡᠵᠦ ᠸᠠᠩᠴᠤᠭ ᠱᠦᠵᠢ ᠬᠠᠨᠤᠮᠵᠢᠲᠠᠶᠢᠬᠠᠨ ᠶᠠᠷᠢᠵᠦ ᠪᠢ ᠪᠦᠷᠢᠨᠪᠠᠶᠠᠷ ᠬᠤᠨᠢ ᠪᠠᠨ ᠲᠠᠵᠢᠭᠡᠨ᠎ᠠ
  ᠠᠵᠢᠯᠯᠠᠬᠤ ᠠᠩᠭᠢ ᠶᠢᠨ ᠭᠡᠰᠢᠬᠦᠨ ᠨᠠᠳᠮᠢᠳ ᠭᠤᠸᠠᠢ᠄ ︽ᠸᠠᠩ ᠱᠦᠵᠢ ᠪᠤᠯ ᠰᠠᠶᠢᠨ ᠵᠠᠯᠠᠭᠤ᠂ ᠮᠦᠨᠴᠦ ᠠᠵᠢᠯ ᠢ ᠪᠤᠯ ᠬᠢᠯᠠᠷᠠᠲᠠᠯ᠎ᠡ ᠬᠢᠳᠡᠭ᠃ ᠬᠡᠬᠦ ᠳᠤ ᠮᠠᠨ ᠤ ᠱᠦᠵᠢ ᠲᠤᠪ ᠲᠤᠭᠤᠢ ᠬᠢᠳᠡᠭ ᠢᠶᠠᠨ ᠬᠢᠴᠢᠭᠡᠬᠡᠳ ᠯᠡ ᠰᠠᠭᠤᠳᠠᠭ ᠠᠴᠠ ᠬᠢᠭᠰᠡᠨ ᠢᠶᠠᠨ ᠮᠠᠵᠤᠤᠯᠠᠳᠠᠭ ᠤᠳᠠᠭ᠎ᠠ ᠭᠡᠵᠦ ᠦᠭᠡᠢ᠃ ᠲᠡᠷᠡ ᠢᠷᠡᠭᠡᠳ ᠵᠢᠯ ᠬᠠᠭᠠᠰ ᠪᠤᠯᠵᠦ ᠪᠠᠶᠢᠭ᠎ᠠ ᠪᠤᠯᠪᠠᠴᠦ ᠢᠷᠡᠭᠰᠡᠨ ᠡᠳᠦᠷ ᠠᠴᠠ ᠪᠠᠨ ᠡᠬᠢᠯᠡᠵᠦ ᠪᠤᠳᠠᠳᠠᠢ ᠠᠵᠢᠯ ᠢ ᠪᠤᠳᠠᠳᠠᠢ ᠪᠠᠷ ᠬᠢᠨ᠎ᠡ ᠯᠡ ᠭᠡᠵᠦ ᠴᠢᠷᠮᠠᠶᠢᠬᠰᠠᠨ᠃ ᠴᠡᠭᠡᠨ ᠭᠠᠴᠠᠭ᠎ᠠ ᠭᠡᠵᠦ ᠲᠤᠮᠦ ᠭᠠᠴᠠᠭ᠎ᠠ ᠲᠡᠶᠢᠮᠦ ᠪᠤᠯᠬᠤᠷ ᠶᠠᠳᠠᠭᠤ ᠬᠦᠴᠢᠷᠳᠡᠯᠲᠡᠢ ᠡᠷᠦᠭᠡ ᠪᠠᠷ ᠨᠢᠭᠡ ᠲᠤᠭᠤᠷᠢᠵᠦ ᠪᠠᠷᠠᠬᠤ ᠳᠤ ᠬᠤᠷᠲᠤᠨ ᠳᠠᠭᠠᠨ ᠰᠠᠷ᠎ᠡ ᠭᠠᠷᠤᠢ᠂ ᠤᠳᠠᠭᠠᠨ ᠳᠠᠭᠠᠨ 2 ᠰᠠᠷ᠎ᠡ ᠭᠠᠷᠤᠢ ᠬᠡᠷᠡᠭᠰᠡᠨ᠎ᠡ᠃ ᠢᠢᠮᠦ ᠪᠠᠶᠢᠳᠠᠯ᠎ᠡ ᠱᠦᠵᠢ ᠢᠷᠡᠭᠰᠡᠨ ᠡᠳᠦᠷ ᠠᠴᠠ ᠪᠠᠨ ᠤᠳᠤ ᠪᠤᠯᠲᠠᠯ᠎ᠡ ᠬᠡᠲᠦ ᠤᠳᠠᠭ᠎ᠠ ᠲᠤᠭᠤᠷᠢᠭᠠᠳ ᠵᠠᠪᠳᠤᠭᠰᠠᠨ ᠮᠦᠷᠲᠡᠭᠡᠨ ᠡᠷᠦᠭᠡ ᠪᠤᠯᠭᠠᠨ ᠤ ᠤᠷᠤᠰᠢᠵᠦ ᠪᠠᠶᠢᠭ᠎ᠠ ᠠᠰᠠᠭᠤᠳᠠᠯ ᠵᠢᠴᠢ ᠨᠠᠷᠢᠨ ᠪᠠᠶᠢᠳᠠᠯ ᠢ ᠨᠢ ᠴᠦᠮ ᠰᠡᠳᠭᠢᠯ ᠳᠡᠭᠡᠨ ᠰᠠᠭᠤᠯᠭᠠᠵᠦ ᠠᠪᠴᠠᠢ᠃ ᠶᠡᠷᠦ ᠨᠢ ᠲᠡᠷᠭᠡᠨ ᠬᠦᠷᠲᠦ ᠶᠢ ᠴᠦ ᠪᠤᠯ ᠬᠡᠲᠦ ᠰᠤᠯᠢᠵᠦ ᠵᠠᠪᠳᠤᠭᠰᠠᠨ ᠪᠠᠶᠢᠬ᠎ᠠ ᠡ︕ ᠱᠦᠵᠢ ᠬᠤᠷᠢᠮᠯᠠᠭᠠᠳ ᠤᠳᠠᠭ᠎ᠠ ᠦᠭᠡᠢ᠂ ᠬᠡᠤᠬᠡᠳ ᠨᠢ ᠮᠦᠨ ᠨᠢᠯᠬ᠎ᠠ ᠪᠠᠷ ᠢᠶᠠᠨ︾ ᠭᠡᠵᠦ ᠶᠠᠷᠢᠨ ᠲᠠᠮᠡᠬᠢ ᠪᠠᠨ ᠰᠤᠷᠤᠭᠰᠠᠨ ᠢᠶᠠᠨ ᠵᠠᠯᠭᠠᠭᠠᠳ ︽ᠬᠡᠬᠦ ᠳᠤ ᠨᠢᠭᠡᠲᠦᠭᠡᠷ ᠱᠦᠵᠢ ᠶᠢᠨ ᠲᠤᠰᠢᠶᠠᠯ ᠢ ᠡᠭᠦᠷᠭᠡᠯᠡᠭᠰᠡᠨ ᠠᠴᠠ ᠤᠨᠴᠠᠭᠠᠢᠢᠯᠠᠨ ᠡᠨᠡ ᠵᠢᠯ ᠤᠨ ᠲᠤᠷᠰᠢ ᠭᠡᠷ ᠲᠡᠭᠡᠨ ᠪᠠᠶᠢᠩᠭᠤ ᠤᠯᠵᠦ ᠬᠠᠷᠢᠬᠤ ᠪᠠᠨ ᠪᠤᠯᠢᠵᠦ᠂ ᠬᠡᠲᠦᠨ ᠰᠠᠷ᠎ᠡ ᠤᠯᠵᠦ ᠬᠠᠷᠢᠭᠰᠠᠨ ᠦᠭᠡᠢ ᠤᠳᠠᠭ᠎ᠠ ᠲᠠᠢ᠃ ᠲᠦᠷᠦᠯ ᠵᠦᠢᠯ ᠬᠡᠲᠡᠯ᠎ᠡ ᠬᠤᠷᠠᠯ ᠴᠤᠭᠯᠠᠭ᠎ᠠ ᠬᠡᠳ ᠪᠤᠷᠤᠬᠤᠲᠠ ᠦᠭᠡᠲᠡ ᠪᠠᠶᠢᠩᠭᠤ ᠲᠠᠪᠬᠢᠭᠤᠯᠤᠨ᠎ᠡ᠃ ᠪᠤᠷᠤᠬᠤᠲᠠ ᠳᠤ ᠨᠡᠪᠲᠡᠷᠡᠬᠦ ᠴᠠᠷᠳᠠᠮᠠᠯ ᠵᠠᠮ ᠢ ᠲᠠᠬᠢᠭᠠᠳ ᠰᠢᠨ᠎ᠡ ᠪᠠᠷ ᠵᠠᠰᠠᠭᠰᠠᠨ ᠨᠢ ᠤᠳᠤ ᠰᠠᠶᠢ ᠨᠡᠪᠲᠡᠷᠡᠵᠦ ᠪᠠᠶᠢᠨ᠎ᠡ᠃ ᠲᠡᠭᠡᠬᠦ ᠦᠭᠡᠢ ᠪᠤᠯ ᠡᠮᠦᠨ᠎ᠡ ᠨᠢ ᠮᠠᠰᠢ ᠲᠤᠭᠤᠷᠢᠭᠤ ᠵᠠᠮ ᠶᠠᠪᠤᠵᠦ᠂ ᠵᠠᠮ ᠨᠢ ᠪᠠᠰᠠ ᠰᠢᠯᠤᠭᠤᠨ ᠪᠢᠰᠢ ᠪᠤᠯᠬᠤᠷ ᠱᠦᠵᠢ ᠰᠦᠨᠢ ᠪᠠᠷ ᠲᠡᠷᠭᠡ ᠵᠢᠯᠤᠭᠤᠳᠴᠤ ᠪᠠᠶᠢᠭᠠᠳ ᠲᠡᠷᠭᠡᠨ ᠠᠳᠡᠯ ᠪᠠᠰᠠ ᠡᠭᠦᠰᠴᠦ ᠦᠡᠭᠭᠡᠷᠡᠪᠡ᠃ ᠬᠦᠮᠦᠨ ᠨᠢ ᠵᠦᠭᠡᠷ ᠲᠡᠭᠡᠨ ᠪᠤᠯᠵᠠᠢ᠃ ᠲᠡᠭᠡᠭᠦ ᠦᠭᠡᠢ ᠪᠤᠯ ᠡᠨᠡ ᠲᠡᠷᠡ ᠪᠤᠯᠤᠭᠰᠠᠨ ᠪᠤᠯ ᠶᠠᠭᠤ ᠴᠦ ᠭᠡᠵᠦ ᠬᠡᠯᠡᠯᠲᠠᠢ ᠪᠤᠢ︾ ᠭᠡᠵᠦ ᠰᠡᠳᠭᠢᠯ ᠬᠦᠨᠳᠦ ᠶᠠᠷᠢᠯ᠎ᠠ᠃
  ᠸᠠᠩᠴᠤᠭ ᠲᠤᠰ ᠭᠠᠴᠠᠭᠠᠨ ᠳᠤ ᠨᠢᠭᠡᠲᠦᠭᠡᠷ ᠱᠦᠵᠢ ᠪᠠᠷ ᠢᠷᠡᠭᠰᠡᠨ ᠲᠠᠷᠤᠢ ᠳᠤ ᠤᠯᠠᠨ ᠲᠦᠮᠡᠨ ᠲᠡᠭᠦᠨ ᠢ ᠢᠳᠡᠭᠡᠬᠦ ᠦᠭᠡᠢ ᠪᠠᠶᠢᠬᠰᠠᠨ ᠪᠠᠶᠢᠨ᠎ᠡ᠃ ᠠᠩᠬ᠎ᠠ ᠲᠤᠰ ᠭᠠᠴᠠᠭᠠᠨ ᠳᠤ ᠢᠷᠡᠬᠦ ᠦᠶ᠎ᠡ ᠳᠤ ᠬᠡᠲᠦᠨ ᠡᠷᠦᠭᠡ ᠶᠢᠨ ᠨᠤᠷᠠᠬᠤ ᠠᠶᠦᠯᠲᠠᠢ ᠤᠷᠤᠨ ᠰᠠᠭᠤᠴᠠ ᠵᠢᠴᠢ ᠲᠦᠭᠡᠭᠡᠯ ᠤᠰᠦᠨ ᠤ ᠬᠤᠭᠤᠯᠠᠢ ᠬᠦᠯᠳᠡᠵᠦ ᠤᠰᠦ ᠤᠯᠵᠦ ᠢᠳᠡᠬᠦ ᠦᠭᠡᠢ ᠪᠠᠶᠢᠬᠰᠠᠨ ᠵᠡᠷᠭᠡ ᠬᠤᠶᠠᠷ ᠲᠤᠮᠦ ᠤᠴᠢᠷ ᠲᠤᠯᠭᠠᠮ ᠰᠢᠢᠳᠪᠦᠷᠢᠯᠡᠬᠦ ᠴᠢᠬᠤᠯᠠ ᠲᠠᠢ ᠪᠤᠯᠵᠠᠢ᠃ ᠢᠢᠨ ᠬᠦ ᠲᠡᠷᠡ ᠪᠠᠷ ᠪᠦᠷᠢᠨᠪᠠᠶᠠᠷ᠂ ᠦᠷᠡᠳᠤᠭᠳᠠᠬᠤ᠂ ᠳ᠋ᠠᠸᠠ᠂ ᠪᠤᠶᠠᠨᠳᠠᠯᠭᠡᠷ᠂ ᠴᠠᠩ ᠵᠢᠤ ᠶᠢᠨ ᠳᠤ ᠤᠯᠠᠨᠲᠠ ᠬᠦᠷᠴᠦ ᠶᠠᠳᠠᠭᠤ ᠶᠢ ᠲᠡᠳᠬᠦᠬᠦ ᠲᠦᠷᠦ ᠶᠢᠨ ᠪᠤᠳᠤᠯᠭ᠎ᠠ ᠶᠢ ᠤᠬᠠᠭᠤᠯᠵᠦ ᠳᠠᠶᠢᠯᠪᠤᠷᠢᠯᠠᠬᠤ ᠵᠢᠴᠢ ᠦᠵᠡᠯ ᠰᠠᠨᠠᠭᠠᠨ ᠤ ᠠᠵᠢᠯ ᠬᠢᠬᠦ ᠪᠠᠷ ᠲᠠᠮᠵᠢᠭᠤᠯᠵᠦ ᠨᠤᠷᠠᠬᠤ ᠠᠶᠦᠯᠲᠠᠢ ᠤᠷᠤᠨ ᠰᠠᠭᠤᠴᠠ ᠶᠢ ᠵᠠᠰᠡᠨ ᠰᠢᠨᠡᠳᠭᠡᠵᠤ᠂ ᠴᠡᠭᠡᠨ ᠭᠠᠴᠠᠭ᠎ᠠ ᠶᠢᠨ ᠭᠤᠷᠪᠠᠨ ᠲᠤᠭᠤᠢᠢᠯᠠᠩ ᠤᠨ ᠲᠦᠭᠡᠭᠡᠯ ᠤᠰᠦᠨ ᠤ ᠬᠤᠭᠤᠯᠠᠢ ᠶᠢ ᠰᠢᠨ᠎ᠡ ᠪᠠᠷ ᠨᠡᠶᠢᠲᠡ 7000 ᠭᠠᠷᠤᠢ ᠮᠧᠲᠷ ᠰᠤᠯᠢᠬᠰᠠᠨ ᠪᠠᠶᠢᠨ᠎ᠡ᠃ ᠲᠦᠭᠡᠭᠡᠯ ᠤᠰᠦᠨ ᠤ ᠬᠤᠭᠤᠯᠠᠢ ᠬᠦᠷᠴᠦ ᠲᠡᠶᠢᠯᠬᠦ ᠦᠭᠡᠢ ᠬᠤᠯᠠ ᠭᠠᠵᠠᠷ ᠪᠤᠶᠦ ᠲᠤᠬᠠᠢ ᠶᠢᠨ ᠦᠶ᠎ᠡ ᠳᠤ ᠤᠷᠤᠭᠤᠯᠤᠭᠰᠠᠨ ᠦᠭᠡᠢ ᠡᠷᠦᠭᠡ ᠳᠤ ᠬᠤᠰᠢᠭᠤᠨ ᠠᠴᠠ ᠲᠤᠰᠬᠠᠢ ᠤᠰᠦ ᠴᠡᠪᠡᠷᠰᠢᠭᠦᠯᠬᠦ ᠮᠠᠰᠢᠨ ᠠᠪᠴᠢᠷᠠᠵᠦ ᠤᠭᠰᠠᠷᠠᠵᠦ ᠦᠭᠴᠠᠢ᠃
  ︽ᠴᠡᠭᠡᠨ ᠭᠠᠴᠠᠭ᠎ᠠ ᠪᠤᠷᠤᠬᠤᠲᠠ ᠪᠠᠯᠭᠠᠰᠦ ᠶᠢᠨ ᠡᠮᠦᠨᠡᠲᠦ ᠭᠡᠰᠡᠭ ᠲᠤ ᠪᠠᠶᠢᠷᠢᠯᠠᠵᠦ᠂ ᠪᠠᠯᠭᠠᠰᠦ ᠶᠢᠨ ᠵᠠᠰᠠᠭ ᠤᠨ ᠤᠷᠲᠤᠨ ᠠᠴᠠ 30 ᠺᠢᠯᠦᠮᠧᠲᠷ ᠬᠤᠯᠠ ᠵᠠᠶᠢᠲᠠᠢ ᠪᠠᠶᠢᠳᠠᠭ᠃ ᠲᠤᠰ ᠭᠠᠴᠠᠭ᠎ᠠ 5 ᠲᠤᠭᠤᠢᠢᠯᠠᠩ ᠢᠶᠠᠷ ᠪᠦᠷᠢᠯᠳᠦᠵᠦ᠂ ᠪᠦᠬᠦ ᠬᠤᠰᠢᠭᠤᠨ ᠤ ᠬᠠᠮᠤᠭ ᠤᠨ ᠲᠤᠮᠦ ᠭᠠᠴᠠᠭ᠎ᠠ ᠪᠤᠯᠬᠤ ᠶᠤᠮ᠃ ᠪᠢ ᠬᠡᠲᠦ᠋ᠢᠪᠡᠷ ᠠᠳᠡ ᠢᠷᠡᠭᠡᠳ ᠵᠢᠯ ᠭᠠᠷᠦ᠋ᠢᠬᠠᠨ ᠪᠤᠯᠵᠦ ᠪᠠᠶᠢᠪᠠᠴᠦ ᠠᠳᠡᠬᠢ ᠪᠠᠶᠢᠳᠠᠯ ᠢ ᠠᠯᠠᠭᠠᠨ ᠵᠢᠷᠤᠭᠠᠰᠦ ᠪᠠᠨ ᠰᠢᠬ ᠤᠢᠢᠯᠠᠭᠠᠵᠠᠢ᠃ ᠡᠨᠡ ᠬᠦ ᠵᠢᠯ ᠭᠠᠷᠤᠢ ᠶᠢᠨ ᠬᠤᠭᠤᠴᠠᠭᠠᠨ ᠳᠤ ᠪᠢ ᠨᠤᠷᠠᠬᠤ ᠠᠶᠦᠯᠲᠠᠢ ᠬᠡᠷ ᠢ ᠵᠠᠰᠠᠵᠦ᠂ ᠲᠦᠭᠡᠭᠡᠯ ᠤᠰᠦᠨ ᠤ ᠭᠤᠤᠷᠰᠦ ᠨᠢ ᠬᠦᠯᠳᠡᠵᠦ ᠪᠠᠶᠢᠭ᠎ᠠ ᠠᠰᠠᠭᠤᠳᠠᠯ᠂ ᠲᠦᠷᠦᠯ ᠵᠦᠢᠯ ᠤᠨ ᠮᠠᠯ ᠤᠨᠤᠭ᠎ᠠ ᠶᠢ ᠡᠷᠦᠭᠡ ᠳᠤ ᠬᠤᠪᠢᠶᠠᠬᠤ ᠵᠡᠷᠭᠡ ᠭᠤᠷᠪᠠᠨ ᠴᠢᠬᠤᠯᠠ ᠠᠵᠢᠯ ᠢ ᠭᠤᠤᠯᠴᠢᠯᠠᠠ ᠠᠳᠬᠤᠵᠦ᠂ ᠨᠠᠯᠢᠶᠠᠳ ᠢᠯᠡᠷᠬᠡᠢ ᠪᠦᠲᠦᠮᠵᠢ ᠲᠠᠢ ᠪᠤᠯᠵᠠᠢ︾ ᠭᠡᠵᠦ ᠸᠠᠩᠴᠤᠭ ᠱᠦᠵᠢ ᠰᠤᠷᠪᠤᠯᠵᠢᠯᠠᠬᠴᠢ ᠳᠤ ᠶᠠᠷᠢᠵᠦ ᠭᠠᠷᠤᠯ᠎ᠡ᠃ ᠦᠪᠡᠷ ᠤᠨ ᠲᠠᠭᠠᠭᠠᠴᠢᠯᠠᠬᠰᠠᠨ ᠡᠷᠦᠭᠡ ᠪᠤᠯᠬᠤ ᠪᠦᠷᠢᠨᠪᠠᠶᠠᠷ ᠤᠨ ᠳᠤ ᠵᠤᠷᠰᠢᠯ ᠶᠤᠰᠦᠭᠠᠷ ᠢᠶᠠᠨ ᠪᠠᠶᠢᠳᠠᠯ ᠤᠢᠢᠯᠠᠭᠠᠬᠤ ᠪᠠᠷ ᠤᠴᠢᠬᠤ ᠳᠤᠨᠢ ᠲᠡᠭᠦᠨ ᠢ ᠲᠠᠭᠠᠵᠦ ᠪᠦᠷᠢᠨᠪᠠᠶᠠᠷ ᠤᠨ ᠳᠤ ᠬᠦᠷᠦᠯ᠎ᠡ᠃ ᠭᠤᠷᠪᠠᠨ ᠲᠠᠰᠦᠯᠭ᠎ᠠ ᠤᠳᠦᠬᠢ ᠮᠠᠶ᠋ᠢᠭ ᠢᠶᠠᠷ ᠪᠠᠷᠢᠭᠰᠠᠨ ᠰᠢᠨ᠎ᠡ ᠭᠡᠷ ᠬᠦᠷᠢᠶᠡᠨ ᠲᠤᠮᠳᠠ ᠬᠠᠷᠠᠴᠠ ᠪᠤᠯᠢᠶᠠᠵᠦ ᠰᠦᠷᠦᠭ ᠬᠤᠨᠢ ᠬᠡᠷ ᠤᠨ ᠬᠠᠵᠠᠭᠤ ᠪᠠᠷ ᠨᠢ ᠪᠡᠯᠴᠢᠬᠦ ᠨᠢ ᠡᠨᠡ ᠠᠶᠢᠯ ᠤᠨ ᠶᠠᠳᠠᠭᠤ ᠠᠴᠠ ᠲᠤᠭᠳᠠᠭᠤᠨ ᠢᠶᠠᠷ ᠠᠩᠬᠢᠵᠢᠷᠠᠭᠰᠠᠨ ᠤ ᠪᠡᠯᠭᠡ ᠲᠡᠮᠳᠡᠭ ᠪᠤᠯᠵᠦ ᠬᠠᠷᠠᠭᠳᠠᠨ᠎ᠡ᠃ ᠪᠦᠷᠢᠨᠪᠠᠶᠠᠷ᠂ ᠬᠡᠷᠭᠡᠢ ᠲᠡᠯᠭᠡᠷᠨᠢᠮ᠎ᠡ ᠲᠠᠢ ᠪᠠᠨ ᠮᠠᠨᠦᠰ ᠢ ᠤᠭᠲᠤᠨ ᠭᠡᠷ ᠲᠡᠭᠡᠨ ᠤᠳᠤᠷᠢᠳᠤᠨ ᠤᠷᠤᠭᠤᠯᠤᠯ᠎ᠡ᠃ ᠪᠦᠷᠢᠨᠪᠠᠶᠠᠷ ᠭᠡᠵᠦ ᠦᠭᠡ ᠲᠠᠭᠤ ᠴᠦᠬᠡᠨᠲᠠᠢ᠂ ᠮᠠᠨᠦᠰ ᠤᠨ ᠶᠠᠷᠢᠯᠴᠠᠬᠤ ᠶᠢ ᠰᠤᠨᠤᠰᠴᠦ ᠬᠠᠶᠠ ᠨᠢᠭᠡ ᠢᠨᠢᠶᠡᠮᠰᠦᠭᠯᠡᠨ᠎ᠡ᠃ ᠴᠠᠢ ᠤᠰᠦ ᠭᠡᠵᠦ ᠨᠢᠭᠡ ᠦᠶ᠎ᠡ ᠪᠤᠵᠢᠬᠢᠨᠠᠭᠰᠠᠨ ᠲᠡᠯᠭᠡᠷᠨᠢᠮ᠎ᠡ᠄ ︽ᠸᠠᠩᠴᠤᠭ ᠱᠦᠵᠢ ᠰᠠᠶ᠋ᠢ ᠮᠠᠨᠦᠰ ᠢ ᠢᠷᠡᠵᠦ ᠰᠢᠨ᠎ᠡ ᠭᠡᠷ ᠪᠠᠷᠢᠭᠠᠷᠠᠢ ᠭᠡᠵᠦ ᠬᠡᠯᠡᠬᠦ ᠳᠤ ᠪᠢ ᠮᠠᠰᠢ ᠭᠠᠶᠢᠬᠠᠵᠦ ᠪᠠᠶᠢᠬᠰᠠᠨ᠃ ᠤᠯᠤᠰ ᠠᠴᠠ ᠨᠦᠬᠦᠪᠦᠷᠢ ᠦᠭᠭᠦ ᠶᠢ ᠨᠢ ᠪᠠᠰᠠ ᠢᠳᠡᠬᠡᠬᠦ ᠦᠭᠡᠢ ᠪᠠᠶᠢᠵᠠᠢ᠃ ᠲᠠᠬᠢᠭᠠᠳ ᠪᠤᠳᠤᠬᠤ ᠳᠤ ᠮᠠᠨ ᠤ ᠠᠮᠢᠳᠤᠷᠠᠯ ᠠᠨᠠᠢ᠂ ᠬᠡᠤᠬᠡᠳ ᠪᠢᠴᠢᠭ ᠦᠵᠡᠵᠦ ᠪᠠᠶᠢᠬᠤ ᠪᠤᠯᠬᠤᠷ ᠭᠡᠷ ᠪᠠᠷᠢᠬᠤ ᠭᠡᠵᠦ ᠲᠡᠷᠡ ᠬᠤᠯᠠ ᠲᠡᠭᠷᠢ ᠤᠢᠢᠷ᠎ᠡ ᠰᠢᠤᠬᠠᠨ ᠰᠠᠨᠠᠭᠳᠠᠵᠦ ᠪᠠᠶᠢᠵᠠᠢ᠃ ᠬᠠᠷᠢᠨ ᠨᠢᠳᠤᠨᠤᠨ ᠠᠴᠠ ᠨᠠᠭᠠᠰᠢ ᠤᠯᠤᠰ ᠤᠨ ᠶᠠᠳᠠᠭᠤ ᠶᠢ ᠲᠡᠳᠬᠦᠬᠦ ᠲᠦᠷᠦᠯ ᠵᠦᠢᠯ ᠤᠨ ᠬᠤᠨᠢ ᠶᠢ 25 ᠬᠤᠪᠢᠶᠠᠨ ᠤᠯᠵᠦ᠂ ᠡᠨᠡ ᠵᠢᠯ ᠪᠤᠯᠬᠤ ᠳᠤ ᠮᠦᠨ 15 ᠶᠢ ᠬᠤᠪᠢᠶᠠᠨ ᠤᠯᠤᠭᠰᠠᠨ᠃ ᠢᠢᠨ ᠬᠦ ᠪᠢᠳᠡᠨ ᠤ ᠰᠠᠶᠢᠨ ᠰᠠᠶᠢᠠᠬᠨ ᠠᠮᠢᠳᠤᠷᠠᠬᠤ ᠵᠤᠷᠢᠭ ᠬᠦᠪᠴᠢᠯᠡᠭᠳᠡᠵᠦ᠂ ᠬᠤᠨᠢ ᠪᠠᠨ ᠦᠰᠬᠡᠬᠦ ᠶᠢᠨ ᠬᠠᠮᠲᠦ ᠮᠦᠩᠬᠦ ᠵᠢᠭᠡᠯᠡᠵᠦ᠂ ᠤᠯᠤᠰ ᠤᠨ ᠪᠠᠷᠢᠮᠵᠢᠶ᠎ᠠ ᠪᠠᠷ ᠰᠠᠭᠤᠬᠤ ᠬᠡᠷ ᠢᠶᠠᠨ ᠪᠠᠶᠢᠭᠤᠯᠬᠤ ᠶᠢᠨ ᠬᠠᠮᠲᠦ ᠰᠠᠩ ᠤᠨ ᠭᠡᠷ ᠵᠠᠯᠭᠠᠵᠦ ᠪᠠᠷᠢᠵᠠᠢ᠃ ᠤᠯᠤᠰ ᠠᠴᠠ 70000 ᠰᠢᠬᠠᠮ ᠲᠦᠭᠦᠷᠢᠭ ᠢᠶᠠᠷ ᠲᠡᠮᠵᠢᠭᠰᠡᠨ ᠰᠢᠤ︾ ᠭᠡᠵᠦ ᠪᠠᠶᠠᠷᠯᠠᠩᠭᠤᠢ ᠶᠠᠷᠢᠵᠦ ᠪᠠᠶᠢᠯ᠎ᠡ᠃
  ︽ᠬᠦᠤ ᠴᠢᠨᠢ ᠤᠳᠠᠬᠤ ᠦᠭᠡᠢ ᠪᠠᠷᠢ ᠪᠠᠭᠤᠯᠭᠠᠬᠤ ᠪᠤᠯᠤᠨ᠎ᠡ᠃ ᠰᠢᠨ᠎ᠡ ᠭᠡᠷ ᠪᠠᠷᠢᠵᠦ ᠠᠪᠤᠭᠰᠠᠨ ᠴᠢᠨᠢ ᠲᠠᠭᠠᠷᠠᠵᠠᠢ᠃ ᠲᠠᠬᠢᠭᠠᠳ ᠰᠠᠨᠠᠭᠤᠯᠬᠤ ᠨᠢ ᠬᠤᠨᠢ ᠪᠠᠨ ᠪᠢᠳᠡᠭᠡᠢ ᠬᠤᠳᠠᠯᠳᠦ ᠳ᠋ᠠ᠃ ᠬᠤᠳᠠᠯᠳᠤᠪᠠᠯ ᠲᠠᠨᠦᠰ ᠢ ᠲᠤᠷᠭᠠᠨ᠎ᠡ ᠰᠢᠤ︾ ᠭᠡᠵᠦ ᠸᠠᠩᠴᠤᠭ ᠱᠦᠵᠢ ᠶᠢᠨ ᠶᠦᠮᠦᠷᠯᠢᠭ ᠶᠠᠷᠢᠶᠠᠨ ᠳᠤ ᠪᠢᠳᠡ ᠲᠡᠰᠭᠡᠯ ᠦᠭᠡᠢ ᠢᠨᠢᠶᠡᠯᠴᠠᠵᠦ᠂ ᠶᠠᠳᠠᠭᠤ ᠬᠦᠴᠢᠷᠳᠡᠯᠳᠡᠢ ᠡᠷᠦᠭᠡ ᠶᠢᠨ ᠲᠤᠰᠬᠠᠢ ᠲᠠᠭᠠᠭᠠᠴᠢᠯᠠᠵᠦ ᠠᠪᠤᠭᠰᠠᠨ ᠬᠤᠨᠢ ᠳᠤ ᠪᠡᠶ᠎ᠡ ᠶᠢᠨ ᠦᠨᠡᠮᠯᠡᠯ ᠵᠤᠬᠢᠶᠠᠵᠦ᠂ ᠲᠠᠭᠠᠭᠠᠴᠢᠯᠠᠵᠦ ᠠᠪᠤᠭᠰᠠᠨ ᠡᠮ᠎ᠡ ᠬᠤᠨᠢ ᠶᠢ ᠬᠤᠳᠠᠯᠳᠤᠪᠠᠯ ᠬᠤᠨᠢᠨ ᠤ ᠦᠷᠲᠡᠭ ᠲᠠᠢ ᠲᠡᠩᠴᠡᠭᠦᠦ ᠵᠤᠭᠤᠰ ᠢᠶᠠᠷ ᠲᠤᠷᠭᠠᠵᠦ᠂ ᠬᠤᠨᠢ ᠪᠠᠨ ᠨᠡᠮᠡᠭᠳᠡᠬᠦᠯᠬᠦ ᠦᠭᠡᠢ ᠬᠤᠳᠠᠯᠳᠦᠬᠤ ᠦᠵᠡᠭᠳᠡᠯ ᠭᠠᠷᠬᠤ ᠶᠢ ᠰᠡᠷᠭᠡᠶᠢᠯᠡᠭᠰᠡᠨ ᠠᠷᠭ᠎ᠠ ᠪᠤᠯᠬᠤ ᠶᠢ ᠨᠢ ᠮᠡᠳᠡᠭᠰᠡᠨ ᠪᠢᠯᠡ᠃
  ᠸᠠᠩᠴᠤᠭ ᠱᠦᠵᠢ ᠦᠭᠡ ᠲᠠᠭᠤᠨ ᠴᠦᠭᠡᠨᠲᠠᠢ ᠭᠡᠬᠦ ᠳᠤ ᠬᠤᠪᠢᠳᠠᠬᠰᠡᠨ ᠠᠵᠢᠯ ᠢᠶᠠᠨ ᠴᠢᠷᠮᠠᠶᠢᠨ ᠪᠡᠶᠡᠯᠡᠭᠦᠯᠳᠡᠭ ᠨᠢ ᠲᠡᠭᠦᠨ ᠤ ᠨᠠᠨᠳᠢᠨ ᠴᠢᠨᠠᠷ᠃ ᠭᠡᠷᠭᠡᠢ ᠨᠢᠯᠬ᠎ᠠ ᠪᠠᠨ ᠬᠠᠶᠠᠵᠦ᠂ ᠶᠠᠳᠠᠭᠤ ᠶᠢ ᠲᠡᠳᠬᠦᠬᠦ ᠡᠮᠦᠨ᠎ᠡ ᠹᠷᠤᠨᠲ ᠲᠤ ᠭᠠᠪᠰᠢᠭᠠᠢᠢᠯᠠᠳᠠᠭ ᠲᠡᠷᠡ ᠪᠠᠷ ᠵᠢᠯ ᠭᠠᠷᠦ᠋ᠢᠬᠠᠨ ᠴᠠᠭ ᠤᠨ ᠲᠤᠳᠤᠷ᠎ᠡ ᠮᠠᠯᠴᠢᠨ ᠲᠦᠮᠡᠨ ᠤ ᠪᠠᠨ ᠬᠠᠶᠢᠷ᠎ᠡ ᠪᠠᠭ᠋ᠠᠷᠬᠠᠯ ᠢ ᠤᠯᠵᠦ᠂ ᠦᠯᠦ ᠢᠳᠡᠬᠡᠬᠦ ᠪᠠᠶᠢᠬᠰᠠᠨ ᠠᠴᠠ ᠢᠳᠡᠭᠡᠨ ᠪᠢᠰᠢᠷᠡᠬᠦ ᠬᠡᠮᠵᠢᠶᠡᠨ ᠳᠤ ᠬᠦᠷᠭᠡᠵᠠᠢ᠃ ᠲᠡᠷᠡ ᠪᠠᠷ ᠦᠪᠡᠷ ᠤᠨ ᠴᠦᠩᠬᠦ ᠪᠠᠨ ᠠᠭᠤᠳᠠᠯᠵᠦ᠂ ᠶᠠᠳᠠᠭᠤ ᠬᠦᠴᠢᠷᠲᠠᠯᠲᠠᠢ ᠡᠷᠦᠭᠡ ᠶᠢ ᠲᠤᠬᠤᠨᠢᠭᠤᠯᠬᠤ᠂ ᠡᠪᠡᠳᠴᠢᠨ ᠢᠶᠠᠷ ᠶᠠᠳᠠᠭᠤᠷᠠᠭᠰᠠᠨ ᠶᠠᠳᠠᠭᠤ ᠬᠦᠴᠢᠷᠳᠡᠯᠳᠡᠢ ᠡᠷᠦᠭᠡ ᠶᠢᠨ ᠬᠦᠳᠡᠭᠡ ᠲᠤᠰᠬᠤᠨ ᠤ ᠰᠢᠨ᠎ᠠ ᠮᠠᠶ᠋ᠢᠭ ᠤᠨ ᠬᠤᠷᠰᠢᠬᠰᠡᠨ ᠡᠮᠨᠡᠯᠭᠡ ᠶᠢᠨ ᠲᠠᠭᠠᠳᠬᠠᠯ ᠤᠨ ᠮᠦᠡᠭᠭᠦ ᠶᠢ ᠨᠢ ᠤᠷᠤᠯᠠᠨ ᠲᠤᠰᠢᠶᠠᠬᠤ᠂ ᠦᠪᠡᠷ ᠤᠨ ᠵᠢᠯ ᠤᠨ ᠲᠡᠳᠭᠦᠮᠵᠢ ᠶᠢᠨ 5000 ᠲᠦᠬᠦᠷᠢᠭ ᠢᠶᠠᠨ ᠠᠵᠢᠯᠯᠠᠬᠤ ᠠᠩᠬᠢ ᠶᠢᠨ ᠬᠡᠷᠡᠭᠯᠡᠭᠡᠨ ᠳᠤ ᠵᠠᠷᠤᠴᠠᠭᠤᠯᠬᠤ ᠁ ᠡᠶᠢᠨ ᠬᠦ᠂ ᠲᠡᠷᠡ ᠪᠠᠷ ᠮᠠᠯᠴᠢᠨ ᠲᠦᠮᠡᠨ ᠤ ᠪᠠᠨ ᠡᠭᠡᠳᠡᠷᠡᠭᠡᠨ ᠪᠤᠳᠤᠯᠢᠶᠠᠨ ᠬᠦᠴᠢᠷ ᠲᠦᠪᠡᠭᠳᠡᠯ ᠢ ᠨᠢ ᠠᠷᠢᠯᠭᠠᠨ᠂ ᠮᠠᠯᠴᠢᠨ ᠲᠦᠮᠡᠨ ᠤ ᠪᠠᠨ ᠠᠰᠠᠭᠤᠯᠲᠠ ᠪᠤᠯᠭᠠᠨ ᠳᠤ ᠬᠠᠨᠤᠮᠵᠢᠲᠠᠢ ᠬᠠᠷᠢᠭᠤᠯᠲᠠ ᠦᠭᠬᠦ ᠪᠠᠷ ᠴᠢᠷᠮᠠᠶᠢᠳᠠᠭ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠤ ᠡᠮᠦᠨ᠎ᠡ ᠹᠷᠤᠨᠲ ᠤᠨ ᠭᠠᠪᠰᠢᠭᠠᠢᠢᠯᠠᠬᠴᠢ ᠪᠤᠯᠵᠦ ᠬᠤᠪᠢᠷᠠᠵᠠᠢ ᠁ ᠵᠣᠬᠢᠶᠠᠭᠴᠢ᠄  ᠤᠷᠬᠢᠯ 



  
     
     