 

ᠨᠤᠲᠤᠭ ᠤᠨ ᠰᠠᠶᠢᠬᠠᠨ ᠢᠶᠠᠨ ᠭᠠᠶᠢᠬᠠᠭᠤᠯᠤᠭᠰᠠᠨ ᠨᠠᠷᠬᠢᠶᠠᠨᠲᠤ ᠨᠠᠭᠠᠳᠤᠮ

2017-02-22 15:32
  660
  0
ᠴᠠᠰᠤ ᠮᠦᠰᠤᠨ ᠳᠤ ᠬᠤᠴᠢᠭᠳᠠᠭᠰᠠᠨ ᠲᠠᠯᠠᠨ ᠬᠠᠷ᠎ᠠ ᠠᠭᠤᠯᠠ ᠰᠡᠭᠦ᠋ᠢᠨ ᠰᠦᠨᠳᠡᠷᠯᠡᠵᠤ᠂ ᠴᠠᠭᠠᠨ ᠬᠦᠷᠮ᠎ᠠ ᠪᠠᠷ ᠭᠤᠶᠤᠯᠠᠬᠰᠠᠨ 
 
ᠦᠡᠳᠦᠷᠯᠢᠭ ᠤᠨ ᠰᠠᠶᠢᠬᠠᠨ ᠲᠠᠯ᠎ᠠ ᠲᠡᠭᠦᠨ ᠲᠠᠢ ᠬᠤᠯᠪᠤᠯᠳᠤᠨ ᠨᠡᠯᠦ᠋ᠢᠵᠦ᠂ ᠭᠠᠨᠭ᠍ᠭᠠᠡᠭ ᠪᠠᠶᠢᠭᠠᠯᠢ ᠶᠢᠨ ᠵᠢᠷᠤᠭ ᠰᠢᠬ ᠦᠵᠡᠮᠵᠢ 
 
ᠤᠯᠠᠨ ᠤ ᠡᠮᠤᠨ᠎ᠠ ᠲᠡᠯᠭᠡᠭᠳᠡᠨ᠎ᠠ᠃ ᠰᠤᠯᠤᠩᠭᠠᠨ ᠦᠡᠭᠭᠡ ᠶᠢᠨ ᠲᠤᠭ ᠲᠠᠯᠪᠠᠭ᠎ᠠ ᠰᠠᠯᠬᠢᠨ ᠤ ᠠᠶ᠎ᠠ ᠪᠠᠷ ᠮᠢᠷᠠᠯᠵᠠᠬᠤ ᠳᠤ᠂ ᠦᠵᠡᠭᠴᠢᠳ 
 
ᠲᠤᠬᠯᠠᠯᠳᠠ ᠶᠢᠨ ᠲᠠᠶᠢᠰᠠ ᠶᠢ ᠲᠤᠭᠤᠷᠢᠨ ᠤᠤᠬᠠᠢᠢᠯᠠᠵᠦ᠂ ᠤᠶᠠᠩᠭᠠᠲᠤ ᠲᠠᠭᠤᠤ ᠤᠷᠠᠨ ᠲᠤᠬᠯᠠᠯᠳᠠ ᠦᠵᠡᠭᠴᠢ ᠤᠯᠠᠨ ᠤ ᠪᠠᠨ 
 
ᠤᠤᠬᠠᠢᠢᠯᠠᠯ ᠬᠠᠰᠬᠢᠷᠤᠯᠲᠠ ᠶᠢᠨ ᠲᠤᠮᠳᠠ ᠢᠳᠡ ᠬᠦᠭ ᠲᠠᠢ ᠶᠠᠪᠤᠭᠳᠠᠨ᠎ᠠ᠃ ᠡᠨᠡ ᠪᠤᠯ ᠵᠦᠸᠧᠽᠢ ᠰᠢᠶᠠᠨ ᠤ ᠠᠩᠬᠠᠳᠤᠭᠠᠷ 
 
ᠬᠤᠭᠤᠴᠠᠭᠠᠨ ᠤ ᠲᠡᠮᠡᠭᠡᠨ ᠰᠤᠶᠤᠯ ᠴᠠᠰᠤ ᠮᠦᠰᠤᠨ ᠤ ᠵᠤᠭᠠᠴᠠᠯ ᠤᠨ ᠰᠤᠶᠤᠯ ᠤᠨ ᠨᠠᠶᠢᠷ ᠤᠨ ᠠᠬᠤᠢ ᠲᠠᠯᠠᠪᠠᠢ ᠪᠤᠯᠤᠨ᠎ᠠ᠃ 2 
 
ᠰᠠᠷ᠎ᠠ ᠶᠢᠨ 14᠎ ᠤ ᠡᠳᠤᠷ᠂ ᠤᠯᠠᠭᠠᠨᠴᠠᠪ ᠬᠤᠲᠠ ᠶᠢᠨ ᠵᠤᠭᠠᠴᠠᠯ ᠤᠨ ᠲᠤᠪᠴᠢᠶ᠎ᠠ᠂ ᠵᠦᠸᠧᠽᠢ ᠰᠢᠶᠠᠨ ᠤ ᠨᠠᠮ ᠤᠨ ᠬᠤᠷᠢᠶ᠎ᠠ᠂ 
 
ᠵᠠᠰᠠᠭ ᠤᠨ ᠤᠷᠳᠤᠨ ᠠᠴᠠ ᠭᠤᠤᠯᠯᠠᠨ ᠡᠷᠬᠢᠯᠡᠭᠰᠡᠨ ᠵᠦᠸᠧᠽᠢ ᠰᠢᠶᠠᠨ ᠤ ᠠᠩᠬᠠᠳᠤᠭᠠᠷ ᠬᠤᠭᠤᠴᠠᠭᠠᠨ ᠤ ᠲᠡᠮᠡᠭᠡᠨ ᠰᠤᠶᠤᠯ ᠴᠠᠰᠤ 
 
ᠮᠦᠰᠤᠨ ᠤ ᠵᠤᠭᠠᠴᠠᠯ ᠤᠨ ᠨᠠᠶᠢᠷ ᠠᠭᠤᠯᠠ ᠤᠰᠳ ᠤ ᠵᠤᠭᠠᠴᠠᠯ ᠤᠨ ᠤᠷᠤᠨ ᠬᠤᠨᠭ᠌ ᠱᠢ ᠶᠠ ᠰᠧ ᠳᠤ ᠨᠢᠵᠢᠭᠢᠷ ᠰᠠᠶᠢᠬᠠᠨ 
 
ᠶᠠᠪᠤᠭᠳᠠᠭᠰᠠᠨ ᠪᠠᠶᠢᠨ᠎ᠠ᠃ 
 




 
 ᠭᠤᠶᠤ ᠬᠡᠤᠬᠡᠨ ᠪᠠ ᠭᠠᠩᠭᠠᠩ ᠲᠡᠮᠡᠭᠡ 



 
ᠬᠦᠴᠤᠲᠤ ᠪᠦᠬᠡ ᠶᠢᠨ ᠲᠡᠮᠡᠴᠡᠭᠡᠨ 
 
 
 
 
 
  ᠨᠠᠶᠢᠷ ᠲᠤ ᠡᠬᠢᠯᠡᠯᠲᠡ ᠶᠢᠨ ᠶᠤᠰᠤᠯᠠᠯ᠂ ᠪᠤᠤᠷ᠎ᠠ ᠰᠢᠯᠭᠠᠷᠠᠭᠤᠯᠬᠤ ᠤᠷᠤᠯᠳᠤᠭᠠᠨ᠂ ᠬᠤᠯᠠ ᠶᠢᠨ ᠲᠡᠮᠡᠭᠡᠨ ᠤ ᠤᠷᠤᠯᠳᠤᠭᠠᠨ᠂ 
 
ᠪᠦᠬᠡ ᠪᠠᠷᠢᠯᠳᠤᠬᠤ᠂ ᠮᠤᠷᠢᠨ ᠮᠡᠷᠭᠡᠵᠢᠯ ᠤᠨ ᠦᠵᠡᠭᠦᠯᠦᠯᠭᠡ᠂ ᠮᠤᠩᠭᠤᠯ ᠦᠨᠳᠤᠰᠤᠲᠡᠨ ᠤ ᠤᠯᠠᠮᠵᠢᠯᠠᠯᠲᠤ ᠬᠤᠪᠴᠠᠰᠤ ᠵᠠᠰᠠᠯ ᠤᠨ 
 
ᠦᠵᠡᠭᠦᠯᠦᠯᠭᠡ᠂ ᠤᠷᠠᠨ ᠰᠠᠶᠢᠬᠠᠨ ᠤ ᠲᠤᠭᠯᠠᠯᠲᠠ᠂ ᠬᠤᠨᠭ᠌ ᠱᠢ ᠶᠠ ᠰᠧ ᠵᠤᠭᠠᠴᠠᠯ ᠤᠨ ᠤᠷᠤᠨ ᠤ ᠤᠯᠤᠰ ᠤᠨ ᠠᠮᠢ ᠠᠬᠤᠢ ᠶᠢᠨ 
 
ᠴᠡᠴᠡᠷᠯᠢᠭ ᠵᠢᠴᠢ ᠤᠯᠤᠰ ᠤᠨ 4A ᠲᠡᠰ ᠤᠨ ᠦᠵᠡᠮᠵᠢ ᠶᠢᠨ ᠤᠷᠤᠨ ᠤ ᠡᠷᠤᠬᠡ ᠪᠠᠨ ᠰᠡᠭᠦᠭᠦ ᠶᠤᠰᠤᠯᠠᠯ ᠵᠡᠷᠭᠡ ᠡᠯᠪᠡᠭ 
 
ᠠᠭᠤᠯᠭ᠎ᠠ ᠲᠠᠢ ᠠᠵᠢᠯᠯᠠᠭ᠎ᠠ ᠶᠠᠪᠤᠭᠲᠠᠵᠦ᠂ ᠬᠤᠯᠠ ᠤᠢᠢᠷ ᠎ᠠ ᠠᠴᠠ ᠬᠦᠷᠤᠯᠴᠠᠨ ᠢᠷᠡᠭᠰᠡᠨ ᠤᠯᠠᠨ ᠵᠤᠴᠢᠳ ᠢᠶᠠᠨ ᠪᠠᠶᠠᠰᠬᠠᠪᠠ᠃ 
 
  ᠵᠦᠸᠧᠽᠢ ᠰᠢᠶᠠᠨ ᠳᠤ ᠦᠪᠡᠷᠮᠢᠴᠠ ᠭᠤᠶᠢᠳᠠ ᠪᠠᠶᠢᠭᠠᠯᠢ ᠶᠢᠨ ᠦᠵᠡᠮᠵᠢ ᠲᠠᠢ ᠪᠠᠶᠢᠳᠠᠭ᠃ ᠲᠤᠰ ᠬᠤᠭᠤᠴᠠᠭᠠᠨ ᠤ ᠲᠡᠮᠡᠭᠡᠨ 
 
ᠰᠤᠶᠤᠯ ᠴᠠᠰᠤ ᠮᠦᠰᠤᠨ ᠤ ᠵᠤᠭᠠᠴᠠᠯ ᠤᠨ ᠰᠤᠶᠤᠯ ᠤᠨ ᠨᠠᠶᠢᠷ ᠨᠢ ᠵᠦᠸᠧᠽᠢ ᠰᠢᠶᠠᠨ ᠤ ᠵᠤᠭᠠᠴᠠᠯ ᠤᠨ ᠡᠬᠢ ᠪᠠᠶᠠᠯᠢᠭ ᠢᠶᠠᠨ 
 
ᠲᠠᠨᠢᠯᠴᠠᠭᠤᠯᠬᠤ ᠮᠠᠰᠢ ᠰᠠᠶᠢᠨ ᠲᠠᠪᠴᠠᠩ ᠪᠤᠯᠤᠬᠰᠠᠨ ᠪᠢᠯᠠ᠃ ᠵᠦᠸᠧᠽᠢ ᠰᠢᠶᠠᠨ ᠤ ᠵᠤᠭᠠᠴᠠᠯ ᠤᠨ ᠤᠷᠤᠨ ᠨᠢ ᠵᠡᠬᠦᠨ ᠢᠶᠠᠨ 
 
ᠬᠦᠵᠡᠯᠵᠡᠬᠡᠨ᠎ᠡ ᠲᠡᠬᠦᠬᠦ ᠬᠦᠷᠢᠶᠡᠯᠡᠩ᠂ ᠡᠯ ᠯᠦᠩ ᠱᠠᠨ ᠲᠠᠷᠢᠶᠠᠯᠠᠬᠤ ᠰᠤᠶᠤᠯ ᠤᠨ ᠺᠢᠨᠣ᠋ ᠲᠧᠯᠸᠢᠰ ᠤᠨ ᠲᠤᠰᠬᠤᠨ ᠢᠶᠠᠷ ᠭᠤᠤᠯ 
 
ᠪᠤᠯᠭᠠᠭᠰᠠᠨ ᠲᠠᠷᠢᠶᠠᠯᠠᠬᠤ ᠰᠤᠶᠤᠯ ᠳᠤ ᠪᠡᠶᠡᠳᠡᠨ ᠤᠷᠤᠯᠴᠠᠬᠤ ᠵᠤᠭᠠᠴᠠᠯ ᠤᠨ ᠱᠤᠭᠤᠮ᠂ ᠪᠠᠷᠠᠭᠤᠨ ᠢᠶᠠᠨ ᠭᠡᠪᠳᠡᠭᠡ ᠪᠤᠷᠬᠠᠨ ᠤ 
 
ᠠᠭᠤᠯᠠ᠂ ᠡᠦ ᠶᠤᠤ ᠶᠢᠨ ᠡᠷᠳᠡᠨ ᠤ ᠬᠤᠲᠠ᠂ ᠵᠢᠦ ᠯᠦᠩ ᠸᠠᠨ ᠢᠶᠠᠷ ᠭᠤᠤᠯ ᠪᠤᠯᠭᠠᠭᠰᠠᠨ ᠱᠠᠰᠢᠨ ᠰᠤᠷᠲᠠᠬᠤᠨ ᠤ ᠡᠷᠳᠡᠨ ᠤ 
 
ᠲᠤᠷᠠᠰᠬᠠᠯᠲᠦ ᠪᠠᠷᠢᠯᠭ᠎ᠠ ᠠᠭᠤᠯᠠ ᠤᠰᠤᠨ ᠤ ᠵᠤᠭᠠᠴᠠᠯ ᠤᠨ ᠵᠠᠮ ᠱᠤᠭᠤᠮ᠂ ᠡᠮᠦᠨ᠎ᠡ ᠪᠠᠨ ᠳ᠋ᠠ ᠢᠦᠢ ᠱᠦ ᠶᠢᠨ ᠲᠦᠮᠡᠨ ᠮᠦ ᠶᠢᠨ 
 
ᠰᠡᠯᠡᠬᠦᠴᠡᠯ ᠵᠤᠭᠠᠴᠠᠯ ᠤᠨ ᠲᠠᠷᠢᠶᠠᠯᠠᠩ᠂ ᠡᠩᠭᠡ ᠠᠮᠤᠭᠤᠯᠠᠩ ᠬᠠᠭᠠᠨ ᠤ ᠡᠷᠳᠡᠨ ᠤ ᠤᠯᠠᠭ᠎ᠠ ᠦᠷᠳᠡᠭᠡ᠂ ᠮᠢᠩ ᠰᠢᠩ ᠱᠠᠨ 
 
ᠠᠭᠤᠯᠠ ᠪᠠᠷ ᠭᠤᠤᠯ ᠪᠤᠯᠭᠠᠭᠰᠠᠨ ᠠᠭᠤᠯᠠᠨ ᠲᠤᠰᠬᠤᠨ ᠤ ᠵᠠᠩ ᠢᠷᠭᠡᠨᠰᠢᠯ ᠤᠨ ᠵᠤᠭᠠᠴᠠᠯ ᠤᠨ ᠵᠠᠮ ᠱᠤᠭᠤᠮ᠂ ᠠᠷᠤ ᠪᠠᠷ ᠢᠶᠠᠨ 
 
ᠬᠦᠢᠳᠡᠨᠰᠢᠯᠢ ᠶᠢᠨ ᠲᠠᠯ᠎ᠠ ᠨᠤᠲᠤᠭ᠂ ︽ᠠᠭᠠᠷ ᠲᠠᠬᠢ ᠰᠠᠨ ᠰᠢᠶᠠ︾ ᠰᠠᠯᠬᠢᠨ ᠴᠠᠬᠢᠯᠭᠠᠨ ᠢᠶᠠᠷ ᠭᠤᠤᠯ ᠪᠤᠯᠭᠠᠭᠰᠠᠨ ᠲᠠᠯ᠎ᠠ 
 
ᠨᠤᠲᠤᠭ ᠤᠨ ᠦᠨᠲᠦᠰᠦᠳᠡᠨ ᠤ ᠵᠠᠩ ᠦᠢᠯᠠ ᠶᠢᠨ ᠵᠤᠭᠠᠴᠠᠯ ᠤᠨ ᠵᠠᠮ ᠱᠤᠭᠤᠮ ᠵᠡᠷᠭᠡ ᠪᠠᠶᠢᠲᠠᠭ᠃ 



 
ᠮᠤᠷᠢᠨ ᠮᠡᠷᠭᠡᠵᠢᠯ ᠢᠶᠠᠨ ᠭᠠᠶᠢᠬᠠᠭᠤᠯᠤᠨ᠎ᠠ 
 


 
 ᠰᠠᠯᠬᠢ ᠰᠦᠷᠦᠨ ᠵᠤᠭᠰᠤᠭ᠎ᠠ ᠭᠠᠩᠭᠠᠩ ᠲᠡᠮᠡᠭᠡᠳ 
 
   
 
  2016 ᠤᠨ ᠳᠤ᠂ ᠵᠦᠸᠧᠽᠢ ᠰᠢᠶᠠᠨ 12.8 ᠳ᠋ᠦᠡᠭᠰᠢᠭᠤᠷ ᠲᠦᠬᠦᠷᠢᠭ ᠪᠡᠯᠡ ᠤᠷᠤᠭᠤᠯᠵᠤ᠂ ᠦᠪᠡᠷᠮᠢᠴᠡ ᠪᠠᠶᠢᠭᠠᠯᠢ ᠶᠢᠨ 
 
ᠦᠵᠡᠮᠵᠢ ᠪᠠ ᠬᠦᠨ ᠵᠤᠵᠠᠭᠠᠨ ᠲᠡᠦᠬᠡ ᠰᠤᠶᠤᠯ ᠳᠠᠭᠠᠨ ᠲᠦᠰᠢᠭᠯᠡᠨ ᠵᠤᠭᠠᠴᠠᠯ ᠤᠨ ᠦᠢᠯᠡᠰ ᠢ ᠴᠢᠬᠤᠯᠠᠴᠢᠯᠠᠨ ᠬᠦᠭᠵᠢᠬᠦᠯᠵᠦ᠂ ᠵᠢᠦ 
 
ᠯᠦᠩ ᠸᠠᠨ ᠤ ᠠᠮᠢ ᠠᠬᠤᠢ ᠶᠢᠨ ᠵᠤᠭᠠᠴᠠᠯ ᠤᠨ ᠤᠷᠤᠨ᠂ ᠬᠤᠩ ᠱᠢ ᠶᠠ ᠵᠤᠭᠠᠴᠠᠯ ᠤᠨ ᠤᠷᠤᠨ ᠪᠠ ᠯᠢᠨ ᠬᠡᠦ ᠡᠷᠳᠡᠨ ᠤ 
 
ᠪᠤᠭᠤᠮᠲᠠ ᠶᠢᠨ ᠵᠤᠭᠠᠴᠠᠯ ᠤᠨ ᠤᠷᠤᠨ ᠵᠡᠷᠭᠡ ᠭᠤᠷᠪᠠᠨ ᠵᠤᠭᠠᠴᠠᠯ ᠤᠨ ᠤᠷᠤᠨ ᠢ ᠭᠤᠤᠯᠲᠠᠯᠭ᠎ᠠ ᠪᠤᠯᠭᠠᠨ ᠪᠦᠲᠦᠭᠡᠨ ᠪᠠᠶᠢᠭᠤᠯᠪᠡ᠃ 
 
ᠤᠲᠤ᠂ ᠲᠤᠰ ᠰᠢᠶᠠᠨ ᠨᠢ ᠶᠠᠭ ᠵᠤᠭᠠᠴᠠᠬᠰᠠᠳ ᠤᠨ ᠦᠩᠭᠡᠷᠡᠨ ᠭᠠᠷᠲᠠᠭ ᠦᠷᠳᠡᠭᠡ ᠪᠠᠶᠢᠬᠰᠠᠨ ᠠᠴᠠ ᠪᠠᠨ ᠵᠤᠭᠠᠴᠠᠯ ᠤᠨ ᠬᠠᠷᠠᠯᠲᠠᠲᠦ 
 
ᠤᠷᠤᠨ ᠪᠤᠯᠵᠦ᠂ 2016 ᠤᠨ ᠳᠤ ᠪᠦᠬᠦ ᠵᠢᠯ ᠢᠶᠠᠷ ᠢᠶᠠᠨ 65 ᠲᠦᠮᠡᠨ ᠬᠦᠮᠦᠨ ᠤᠲᠠᠭᠠᠨ ᠤ ᠵᠤᠭᠠᠴᠠᠭᠰᠠᠳ ᠢ ᠬᠦᠯᠢᠶᠡᠨ ᠠᠪᠴᠦ᠂ 
 
ᠵᠤᠭᠠᠴᠠᠯ ᠤᠨ ᠪᠦᠬᠦ ᠤᠷᠤᠯᠭ᠎ᠠ ᠨᠢ 9700 ᠲᠦᠮᠡᠨ ᠲᠦᠬᠦᠷᠢᠭ ᠬᠦᠷᠴᠠᠢ᠃ 
 
 


 
 
ᠲᠦᠮᠡᠨ ᠤᠯᠠᠨ ᠤ ᠠᠩᠬᠠᠷᠤᠯ ᠢ ᠲᠠᠲᠠᠯ᠎ᠠ 
 
 



 ᠨᠠᠶᠢᠷ ᠤᠨ ᠬᠦᠭᠵᠢᠶᠡᠨᠲᠤ ᠲᠠᠯᠠᠪᠠᠢ 
 
 
 
 
 
  ᠲᠡᠮᠡᠭᠡᠨ ᠰᠤᠶᠤᠯ ᠪᠠ ᠴᠠᠰᠦ ᠮᠦᠰᠦᠨ ᠤ ᠵᠤᠭᠠᠴᠠᠯ ᠤᠨ ᠰᠤᠶᠤᠯ ᠤᠨ ᠨᠠᠶᠢᠷ ᠨᠢ ︽ᠤᠳᠤᠮᠠᠯ ᠲᠠᠬᠢᠶ᠎ᠠ ᠶᠢᠨ ᠠᠩᠬᠢᠯᠦᠮᠡᠯ ᠦᠨᠦᠷ 
 
ᠵᠦᠸᠧᠽᠢ ᠨᠤᠲᠤᠭ ᠠᠴᠠ ᠠᠩᠬᠢᠯᠦᠨ᠂ ᠤᠯᠠᠷᠢᠯ ᠪᠦᠷᠢ ᠶᠢᠨ ᠭᠤᠶᠤ ᠦᠵᠡᠮᠵᠢ ᠬᠦᠮᠦᠰ ᠤᠨ ᠬᠠᠷᠠᠭ᠎ᠠ ᠶᠢ ᠪᠤᠯᠢᠶᠠᠨ᠎ᠠ︾ ᠬᠡᠳᠡᠭ ᠢᠶᠠᠷ 
 
ᠭᠤᠤᠯ ᠰᠡᠳᠤᠪ ᠪᠤᠯᠭᠠᠭᠰᠠᠨ ᠨᠢ ᠵᠦᠸᠧᠽᠢ ᠰᠢᠶᠠᠨ ᠤ ᠤᠷᠤᠨ ᠨᠤᠳᠤᠭ ᠤᠨ ᠤᠨᠴᠠᠯᠢᠭ ᠪᠠ ᠡᠬᠢ ᠪᠠᠶᠠᠯᠢᠭ ᠤᠨ ᠳᠠᠪᠠᠭᠤᠯᠢᠭ ᠢᠶᠠᠨ 
 
ᠬᠦᠭᠵᠢᠯᠳᠠ ᠶᠢᠨ ᠳᠠᠪᠠᠭᠤᠯᠢᠭ ᠪᠤᠯᠭᠠᠵᠤ ᠪᠠᠶᠢᠭ᠎ᠠ ᠶᠢᠨ ᠪᠤᠳᠠᠳᠤ ᠢᠯᠡᠷᠡᠯ ᠪᠤᠯᠤᠨ᠎ᠠ᠃ ᠨᠢᠳᠤᠨᠤᠨ ᠠᠴᠠ ᠨᠠᠰᠢ᠂ ᠲᠤᠰ ᠰᠢᠶᠠᠨ 
 
ᠪᠦᠬᠦ᠋ᠢᠯᠡ ᠤᠷᠤᠨ ᠪᠦᠰᠡ ᠶᠢᠨ ᠵᠤᠭᠠᠴᠠᠯ ᠢ ᠬᠦᠭᠵᠢᠭᠦᠯᠭᠦ᠂ ᠲᠦᠷᠪᠡᠨ ᠤᠯᠠᠷᠢᠯ ᠤᠨ ᠵᠤᠭᠠᠴᠠᠯ ᠢ ᠬᠦᠭᠵᠢᠭᠦᠯᠭᠦ ᠪᠤᠯᠤᠨ ︽ᠵᠤᠭᠠᠴᠠᠯ 
 
+︾ ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠭᠦ ᠵᠠᠪᠤᠴᠠ ᠳᠠᠭᠠᠨ᠂ ᠵᠦᠸᠧᠽᠢ ᠰᠢᠶᠠᠨ ︽ᠤᠯᠤᠰ ᠤᠨ ᠪᠦᠬᠦ᠋ᠢᠯᠡ ᠤᠷᠤᠨ 
 
ᠪᠦᠰᠡ ᠶᠢᠨ ᠵᠤᠭᠠᠴᠠᠯ ᠤᠨ ᠵᠢᠱᠢᠶ᠎ᠠ ᠦᠵᠡᠭᠦᠯᠬᠦ ᠰᠢᠶᠠᠨ︾᠎ ᠢ ᠪᠦᠲᠦᠭᠡᠨ ᠪᠠᠶᠢᠭᠤᠯᠬᠤ ᠠᠬᠢᠴᠠ ᠪᠠᠨ ᠲᠦᠷᠭᠡᠳᠭᠡᠨ᠂ ᠵᠤᠭᠠᠴᠠᠯ ᠤᠨ 
 
ᠭᠦᠭᠵᠢᠯᠲᠡ ᠶᠢᠨ ᠬᠡᠯᠪᠡᠷᠢ ᠳᠡᠭᠡᠨ ᠲᠠᠰᠤᠷᠠᠯᠲᠠ ᠦᠬᠡᠢ ᠰᠢᠨ᠎ᠡ ᠶᠢ ᠡᠬᠦᠳᠴᠦ᠂ ᠵᠤᠭᠠᠴᠠᠯ ᠤᠨ ᠨᠠᠶᠢᠷ ᠤᠨ ᠰᠢᠨ᠎ᠠ ᠲᠦᠷᠤᠯ ᠲᠡᠮᠳᠡᠭ ᠢ 
 
ᠡᠭᠦᠳᠴᠤ᠂ ᠤᠯᠠᠨ ᠲᠦᠮᠡᠨ ᠤ ᠵᠤᠭᠠᠴᠠᠯ ᠤᠨ ᠰᠢᠨ᠎ᠠ ᠱᠠᠭᠠᠷᠳᠠᠯᠭ᠎ᠠ ᠳᠤ ᠵᠤᠬᠢᠴᠠᠭᠤᠯᠬᠤ ᠪᠠᠷ ᠴᠢᠷᠮᠠᠶᠢᠬᠰᠠᠭᠠᠷ ᠢᠷᠡᠭᠰᠡᠨ ᠰᠠᠨ᠃ 
 
 


 
 ᠲᠡᠮᠡᠭᠡ ᠪᠠᠨ ᠬᠦᠲᠦᠯᠦᠨ ᠲᠠᠯᠠᠪᠠᠢ ᠳᠤ ᠤᠷᠤᠨ᠎ᠠ 


 
ᠲᠡᠮᠡᠭᠡ ᠤᠷᠤᠯᠳᠤᠨ᠎ᠠ 
 
 
 
 
 
  ᠨᠢᠳᠤᠨᠤᠨ ᠠᠴᠠ ᠨᠠᠰᠢ᠂ ᠵᠦᠸᠧᠽᠢ ᠰᠢᠶᠠᠨ ᠤ ᠨᠠᠮ ᠤᠨ ᠬᠤᠷᠢᠶ ᠎ᠠ ᠵᠠᠰᠠᠭ ᠤᠨ ᠤᠷᠳᠤᠨ ᠵᠤᠭᠠᠴᠠᠯ ᠤᠨ ᠬᠦᠭᠵᠢᠯᠳᠡ ᠶᠢ ᠠᠵᠤ 
 
ᠠᠬᠤᠢ ᠶᠢᠨ ᠨᠡᠮᠡᠭᠳᠡᠯ ᠤᠨ ᠢᠶᠠᠨ ᠰᠢᠨ᠎ᠠ ᠬᠦᠳᠡᠯᠭᠡᠭᠦ ᠬᠦᠴᠦᠨ ᠪᠤᠯᠭᠠᠬᠤ᠂ ᠬᠡᠯᠪᠠᠷᠢ ᠪᠠᠨ ᠬᠤᠪᠢᠷᠠᠭᠤᠯᠤᠨ ᠲᠡᠰ ᠲᠠᠪᠰᠢᠬᠦᠯᠭᠦ ᠶᠢᠨ 
 
ᠲᠤᠯᠭᠠᠭᠤᠷᠢ ᠬᠦᠴᠦᠨ ᠪᠤᠯᠭᠠᠬᠤ᠂ ᠤᠢᠢᠯᠡᠰ ᠪᠤᠰᠬᠠᠨ ᠠᠷᠠᠳ ᠢ ᠪᠠᠶᠠᠵᠢᠭᠤᠯᠬᠤ ᠰᠢᠨ᠎ᠠ ᠲᠠᠪᠠᠭᠤᠯᠢᠭ ᠪᠤᠯᠭᠠᠬᠤ ᠶᠢ ᠪᠠᠷᠢᠮᠳᠠᠯᠠᠨ᠂ 
 
ᠪᠦᠬᠦ᠋ᠢᠯᠡ ᠤᠷᠤᠨ ᠪᠦᠰᠡ ᠶᠢᠨ ᠵᠤᠭᠠᠴᠠᠯ᠂ ᠲᠦᠷᠪᠡᠨ ᠤᠯᠠᠷᠢᠯ ᠤᠨ ᠵᠤᠭᠠᠴᠠᠯ ᠤᠨ ᠬᠦᠭᠵᠢᠯᠲᠡ ᠶᠢᠨ ᠪᠠᠶᠢᠯᠲᠤᠬᠤ ᠪᠤᠳᠤᠯᠭ᠎ᠠ ᠶᠢ 
 
ᠲᠤᠭᠳᠠᠭᠠᠵᠤ᠂ ᠤᠨᠴᠠᠯᠢᠭᠲᠤ ᠰᠤᠶᠤᠯ ᠢᠷᠭᠡᠨᠰᠢᠯ᠂ ᠪᠠᠶᠢᠭᠠᠯᠢ ᠶᠢᠨ ᠦᠵᠡᠮᠵᠢ᠂ ᠠᠮᠢ ᠠᠬᠤᠢ ᠪᠤᠯᠤᠨ ᠤᠷᠤᠨ ᠪᠠᠶᠢᠷᠢᠰᠢᠯ ᠤᠨ 
 
ᠲᠠᠪᠠᠭᠤᠯᠢᠭ ᠢᠶᠠᠨ ᠬᠦᠢᠴᠡᠳ ᠪᠠᠳᠠᠷᠠᠭᠤᠯᠵᠤ᠂ ︽ᠲᠠᠪᠠᠯᠭᠠᠯᠠᠨ ᠤᠷᠤᠰᠬᠤ ᠲᠦᠷᠭᠡᠨ ᠭᠤᠤᠯ᠂ ᠦᠵᠡᠮᠵᠢᠲᠤ ᠰᠠᠶᠢᠬᠠ ᠨᠤᠭᠤᠭᠠᠨ 
 
ᠬᠤᠨᠭ᠍ᠬᠢᠯ᠂ ᠪᠡᠶ᠎ᠠ ᠰᠡᠳᠬᠢᠯ ᠢᠶᠠᠨ ᠰᠤᠪᠢᠯᠠᠬᠤ ᠤᠷᠤᠨ᠂ ᠰᠤᠶᠤᠯᠲᠤ ᠵᠦᠸᠧᠽᠢ ᠱᠠᠨ︾ ᠬᠡᠬᠦ ᠲᠦᠷᠪᠡᠨ ᠭᠦᠭᠵᠢᠯᠲᠡ ᠶᠢᠨ ᠪᠠᠶᠢᠷᠢ 
 
ᠲᠤᠭᠳᠠᠭᠠᠯᠲᠠ ᠶᠢ ᠲᠤᠷᠠᠳᠴᠤ᠂ ︽ᠤᠯᠤᠰ ᠤᠨ ᠪᠦᠬᠦ᠋ᠢᠯᠡ ᠤᠷᠤᠨ ᠪᠦᠰᠡ ᠶᠢᠨ ᠵᠤᠭᠠᠴᠠᠯ ᠤᠨ ᠵᠢᠱᠢᠶ᠎ᠠ ᠦᠵᠡᠭᠦᠯᠬᠦ ᠰᠢᠶᠠᠨ︾᠎ ᠢ 
 
ᠪᠦᠲᠦᠭᠡᠨ ᠪᠠᠶᠢᠭᠤᠯᠬᠤ ᠪᠠᠷ ᠴᠢᠷᠮᠠᠶᠢᠵᠤ ᠡᠬᠢᠯᠡᠭᠰᠡᠨ ᠪᠠᠶᠢᠨ᠎ᠠ᠃ ᠤᠳᠤᠬᠠᠨ ᠳᠤ ᠲᠤᠰ ᠰᠢᠶᠠᠨ ᠨᠢ᠂ ᠯᠦᠡᠭ ᠱᠸᠡᠭ ᠤᠯᠤᠰ ᠤᠨ ᠤᠢ 
 
ᠰᠢᠭᠤᠢ ᠶᠢᠨ ᠴᠡᠴᠡᠷᠯᠢᠭ ᠪᠠ ᠬᠤᠨᠭ᠌ ᠱᠢ ᠶᠠ ᠤᠯᠤᠰ ᠤᠨ ᠠᠮᠢ ᠠᠬᠤᠢ ᠶᠢᠨ ᠴᠠᠴᠡᠷᠯᠢᠭ ᠤᠨ ᠪᠦᠳᠦᠭᠡᠨ ᠪᠠᠶᠢᠭᠤᠯᠤᠯᠳᠠ ᠶᠢᠨ 
 
ᠠᠵᠢᠯ ᠢᠶᠠᠨ ᠨᠢᠭᠡᠨᠳᠠ ᠲᠠᠭᠤᠰᠬᠠᠵᠤ᠂ ᠪᠦᠬᠦ ᠰᠢᠶᠠᠨ ᠳᠤ 4A ᠲᠡᠰ ᠤᠨ ᠵᠤᠭᠠᠴᠠᠯ ᠤᠨ ᠤᠷᠤᠨ ᠨᠢᠭᠡᠨᠳᠡ 3 ᠪᠤᠯᠵᠤ᠂ ᠲᠠᠷᠢᠶᠠᠴᠢᠨ 
 
ᠠᠶᠢᠯ ᠤᠨ ᠤᠨᠴᠠᠯᠢᠭᠲᠤ ᠵᠤᠭᠠᠴᠠᠯ ᠤᠨ ᠵᠢᠱᠢᠶ᠎ᠠ ᠦᠵᠡᠭᠦᠯᠬᠦ ᠲᠤᠰᠬᠤᠨ ᠢ 20 ᠭᠠᠷᠤᠢ ᠬᠦᠭᠵᠢᠭᠦᠯᠵᠤ᠂ ᠵᠤᠭᠠᠴᠠᠯ ᠤᠨ ᠵᠢᠱᠢᠶ ᠎ᠠ 
 
ᠦᠵᠡᠭᠦᠯᠬᠦ ᠴᠢᠭ᠋ ᠢ 50 ᠭᠠᠷᠤᠢ ᠪᠦᠲᠦᠭᠡᠨ ᠪᠠᠶᠢᠭᠤᠯᠤᠬᠰᠠᠨ ᠪᠠᠶᠢᠨ᠎ᠠ᠃ 
 


 
 
 ᠵᠦᠸᠧᠽᠢ ᠰᠢᠶᠠᠨ ᠤ ᠡᠪᠤᠯ ᠦᠵᠡᠮᠵᠢ 
 
   
 
  ᠨᠠᠶᠢᠷ ᠪᠦᠳᠦᠨ ᠡᠳᠦᠷ ᠦᠷᠭᠦᠯᠵᠢᠯᠡᠵᠤ᠂ ᠵᠦᠸᠧᠽᠢ ᠰᠢᠶᠠᠨ ᠤ ᠤᠢᠢᠷ᠎ᠠ ᠬᠠᠪᠢ ᠶᠢᠨ ᠬᠤᠲᠠ᠂ ᠬᠤᠰᠢᠭᠤ ᠰᠢᠶᠠᠨ ᠪᠠ ᠤᠷᠤᠨ ᠤ 
 
ᠭᠠᠳᠠᠨᠠᠬᠢ ᠪᠤᠰᠤᠳ ᠮᠦᠵᠢ ᠬᠤᠲᠠ ᠠᠴᠠ ᠬᠦᠷᠦᠯᠴᠡᠨ ᠢᠷᠡᠭᠰᠡᠨ 2000 ᠤᠷᠴᠢᠮ ᠲᠠᠮᠢᠷᠴᠢᠳ᠂ ᠲᠤᠭᠯᠠᠭᠴᠢᠳ᠂ ᠵᠤᠭᠠᠴᠠᠭᠰᠠᠳ 
 
ᠤᠷᠤᠯᠴᠠᠭᠰᠠᠨ ᠪᠠᠶᠢᠨ᠎ᠠ᠃ 
 
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ



  
     
     