 

ᠡᠷ᠎ᠡ ᠡᠮ᠎ᠡ  ᠤᠷᠤᠭᠯᠠᠭᠰᠠᠨ ᠤ ᠲᠡᠷᠠᠭ᠎ᠠ ᠬᠤᠲᠠᠯᠲᠤᠨ ᠠᠪᠤᠭᠰᠠᠨ ᠭᠡᠷ ᠪᠠᠶᠢᠰᠢᠩ    

2018-01-07 16:14
  207
  0
     ᠬᠡᠷᠡᠭ ᠤᠨ ᠵᠢᠱᠢᠶ᠎ᠡ  ᠬᠦᠬᠡ ︵ᠡᠷᠡᠭᠲᠡᠢ︶᠂ ᠬᠦᠬᠡᠭᠴᠢᠨ ︵ᠡᠮᠡᠭᠲᠡᠢ︶ ᠡᠷ᠎ᠠ ᠡᠮ᠎ᠠ ᠬᠤᠶᠠᠭᠤᠯᠠ 2015 ᠤᠨ ᠳᠤ ᠬᠤᠷᠢᠮᠯᠠᠨ ᠭᠡᠷ ᠪᠦᠯᠢ ᠪᠤᠯᠵᠦ᠂ 2016 ᠤᠨ ᠳᠤ ᠬᠤᠶᠠᠭᠤᠯᠠ ᠪᠠᠨ ᠠᠮᠢᠳᠤᠷᠠᠯ ᠤᠨ ᠳᠤᠮᠳᠠ ᠬᠤᠷᠠᠮᠲᠤᠭᠤᠯᠤᠭᠰᠠᠨ ᠮᠦᠩᠭᠦ ᠪᠠᠷ ᠢᠶᠠᠨ 90 ᠲᠡᠭᠰᠢ ᠲᠦᠷᠪᠡᠯᠵᠢᠨ ᠮᠧ᠊ᠲ᠊‍ᠷ ᠲᠠᠯᠠᠪᠡᠢ ᠲᠠᠢ ᠰᠠᠭᠤᠬᠤ ᠠᠰᠠᠷ ᠢ 26 ᠲᠦᠮᠡᠨ ᠲᠦᠭᠦᠷᠢᠭ ᠢᠶᠠᠷ ᠬᠤᠲᠠᠯᠲᠤᠨ ᠠᠪᠴᠠᠢ᠃ ᠠᠰᠠᠷ ᠬᠤᠳᠠᠯᠳᠤᠨ ᠠᠪᠬᠤ ᠦᠶᠡᠰ ᠲᠡᠭᠡᠨ᠂ ᠬᠦᠬᠡ ᠦᠪᠡᠷ ᠤᠨ ᠨᠡᠷ᠎ᠡ ᠪᠠᠷ ᠢᠶᠠᠨ ᠨᠦᠭᠦᠭᠡ ᠡᠳᠡᠭᠡᠳ ᠲᠠᠢ ᠪᠠᠨ ᠭᠡᠷ᠎ᠡ ᠲᠤᠭᠲᠠᠭᠰᠠᠨ ᠪᠦᠭᠡᠳ ᠠᠰᠠᠷ ᠢᠶᠠᠨ ᠭᠡᠷ ᠭᠦᠷᠦᠩᠭᠡ ᠶᠢᠨ ᠬᠠᠮᠢᠶᠠᠷᠤᠯᠲᠠ ᠶᠢᠨ ᠭᠠᠵᠠᠷ ᠲᠠᠩᠰᠠᠯᠠᠬᠤ ᠦᠶ᠎ᠡ ᠳᠤ᠂ ᠦᠪᠡᠷ ᠤᠨ ᠨᠡᠷ᠎ᠡ ᠲᠡᠭᠡᠷ᠎ᠡ ᠪᠠᠨ ᠲᠠᠩᠰᠠᠯᠠᠭᠤᠯᠵᠤ᠂ ᠭᠡᠷ ᠭᠦᠷᠦᠩᠭᠡ ᠶᠢᠨ ᠦᠮᠴᠢᠯᠡᠯ ᠤᠨ ᠡᠷᠬᠡ ᠶᠢᠨ ᠦᠨᠡᠮᠯᠡᠯ ᠤᠨ ᠪᠢᠴᠢᠭ ᠤᠯᠪᠠ᠃ ᠬᠤᠵᠢᠮ ᠨᠢ ᠬᠦᠭᠡ ᠬᠦᠬᠡᠭᠴᠢᠨ ᠡᠷ᠎ᠡ ᠡᠮ᠎ᠡ ᠬᠤᠶᠠᠭᠤᠯᠠ ᠶᠢᠨ ᠬᠠᠶᠢᠷ᠎ᠠ ᠰᠡᠳᠬᠢᠯᠭᠡ ᠪᠦᠷᠢᠮᠤᠰᠤᠨ ᠡᠪᠳᠡᠷᠡᠯᠴᠡᠭᠰᠡᠨ ᠲᠤᠯᠠ ᠬᠦᠬᠡ ᠲᠤᠬᠠᠢ ᠶᠢᠨ ᠭᠠᠵᠠᠷ ᠤᠨ ᠠᠷᠠᠳ ᠤᠨ ᠰᠢᠬᠦᠬᠦ ᠬᠤᠷᠢᠶ᠎ᠠ ᠳᠠᠭᠠᠨ ᠵᠠᠭᠠᠯᠳᠤᠯᠭ᠎ᠠ ᠶᠢᠨ ᠪᠢᠴᠢᠭ ᠲᠡᠪᠰᠢᠬᠦᠯᠵᠤ᠂ ᠬᠦᠭᠡᠭᠴᠢᠨ ᠲᠠᠢ ᠤᠷᠤᠭ ᠰᠠᠯᠬᠤ ᠪᠠᠷ ᠲᠤᠷᠠᠳᠴᠦ᠂ ᠠᠰᠠᠷ ᠨᠢ ᠦᠪᠡᠷ ᠤᠨ ᠬᠢᠨᠢ ᠨᠡᠷ᠎ᠡ ᠲᠡᠭᠡᠷ᠎ᠠ ᠪᠠᠶᠢᠭ᠎ᠠ ᠲᠤᠯᠠ ᠬᠤᠪᠢᠨ ᠤ ᠡᠳ᠋ ᠬᠦᠷᠦᠩᠭᠡ ᠬᠡᠵᠤ ᠦᠵᠡᠨ᠂ ᠠᠰᠠᠷ ᠢᠶᠠᠨ ᠦᠪᠡᠷ ᠲᠡᠭᠡᠨ ᠠᠪᠬᠤ ᠶᠢ ᠱᠠᠭᠠᠷᠳᠠᠪᠠ᠃ ᠡᠭᠦᠨ ᠳᠤ ᠬᠦᠬᠡᠭᠴᠢᠨ ᠠᠴᠠ ᠬᠦᠬᠡ ᠶᠢᠨ ᠲᠤᠷᠠᠳᠤᠭᠰᠠᠨ ᠤᠷᠤᠭ ᠰᠠᠯᠬᠤ ᠰᠠᠨᠠᠯ ᠢ ᠵᠦᠪᠰᠢᠶᠡᠷᠡᠪᠠᠴᠤ ᠠᠰᠠᠷ ᠨᠢ ᠲᠡᠲᠡᠨ ᠤ ᠤᠷᠤᠭᠯᠠᠭᠰᠠᠨ ᠤ ᠳᠠᠷᠠᠭᠠᠬᠢ ᠬᠠᠮᠲᠤ ᠶᠢᠨ ᠡᠳ᠋ ᠬᠦᠷᠦᠩᠭᠡ ᠬᠡᠵᠤ ᠦᠵᠡᠨ ᠬᠦᠬᠡ ᠶᠢᠨ ᠠᠰᠠᠷ ᠢᠶᠠᠨ ᠭᠠᠭᠴᠠᠭᠠᠷ ᠦᠮᠴᠢᠯᠡᠬᠦ ᠭᠡᠰᠡᠨ ᠢ ᠤᠭᠲᠤ ᠵᠦᠪᠰᠢᠶᠡᠷᠡᠭᠰᠡᠨ ᠦᠭᠡᠢ᠃ ᠠᠷᠠᠳ ᠤᠨ ᠰᠢᠬᠦᠬᠦ ᠬᠤᠷᠢᠶ᠎ᠠ ᠬᠦᠬᠡ ᠬᠦᠬᠡᠭᠴᠢᠨ ᠬᠤᠶᠠᠭᠤᠯᠠ ᠶᠢ ᠡᠶᠡᠲᠡᠭᠦᠯᠦᠭᠡᠳ ᠲᠤᠰᠠ ᠭᠠᠷᠤᠭᠰᠠᠨ ᠦᠭᠡᠢ ᠲᠤᠯᠠ ᠲᠡᠲᠡᠨ ᠤ ᠤᠷᠤᠭ ᠰᠠᠯᠬᠤ ᠶᠢ ᠨᠢ ᠵᠦᠪᠰᠢᠶᠡᠷᠡᠵᠤ᠂ ᠠᠰᠠᠷ ᠢ ᠨᠢ ᠬᠦᠬᠡ ᠳᠤ ᠦᠮᠴᠢᠯᠡᠭᠦᠯᠵᠤ᠂ ᠬᠦᠬᠡ ᠠᠴᠠ ᠬᠦᠬᠡᠭᠴᠢᠨ ᠳᠤ ᠠᠰᠠᠷ ᠤᠨ ᠬᠠᠭᠠᠰ ᠵᠤᠭᠤᠰ 13 ᠲᠦᠮᠡᠨ ᠲᠦᠭᠦᠷᠢᠭ ᠦᠭᠭᠦ ᠪᠠᠷ ᠰᠢᠬᠦᠨ ᠲᠠᠰᠤᠯᠪᠠ᠃
      ᠬᠡᠷᠡᠭ ᠤᠨ ᠵᠠᠳᠠᠯᠤᠯᠲᠠ  ᠲᠤᠰ ᠭᠡᠷᠡᠭ ᠢ ᠰᠢᠢᠳᠪᠤᠷᠢᠯᠡᠬᠦ ᠶᠢᠨ ᠵᠠᠩᠬᠢᠯᠠᠭ᠎ᠠ ᠨᠢ ᠲᠤᠰ ᠬᠡᠷᠡᠭ ᠲᠤ ᠬᠤᠯᠪᠤᠭᠲᠠᠵᠤ ᠪᠠᠶᠢᠭ᠎ᠠ ᠬᠦᠭᠡ ᠬᠦᠬᠡᠭᠴᠢᠨ ᠤᠷᠤᠭ ᠤᠨ ᠬᠠᠷᠢᠴᠠᠭ᠎ᠠ ᠤᠷᠤᠰᠢᠵᠤ ᠪᠠᠶᠢᠭ᠎ᠠ ᠬᠤᠭᠤᠴᠠᠭᠠᠨ ᠳᠠᠬᠢ ᠬᠤᠲᠠᠯᠳᠤᠨ ᠠᠪᠤᠭᠰᠠᠨ ᠠᠰᠠᠷ ᠤᠨ ᠦᠮᠴᠢᠯᠡᠬᠦ ᠡᠷᠬᠡ ᠶᠢ ᠨᠢᠭᠡ ᠡᠲᠡᠭᠡᠳ ᠤᠨ ᠢᠶᠠᠨ ᠨᠡᠷ᠎ᠡ ᠲᠡᠭᠡᠷ᠎ᠡ ᠲᠠᠩᠰᠠᠯᠠᠭᠤᠯᠤᠭᠰᠠᠨ ᠨᠦᠬᠦᠴᠡᠯ ᠲᠤᠤᠷ᠎ᠠ᠂ ᠤᠷᠤᠭ ᠰᠠᠯᠬᠤ ᠦᠶ᠎ᠡ ᠳᠤ ᠡᠨᠡᠭᠦ ᠡᠳ᠋ ᠬᠦᠷᠦᠩᠭᠡ ᠶᠢ ᠬᠠᠮᠲᠤ ᠶᠢᠨ ᠡᠳ᠋ ᠬᠦᠷᠦᠩᠭᠡ ᠪᠠᠷ ᠨᠤᠲᠠᠯᠠᠬᠤ ᠡᠰᠡᠭᠦ ᠳᠤ ᠪᠤᠢ᠃ ᠡᠷ᠎ᠡ ᠡᠮ᠎ᠡ ᠤᠷᠤᠭᠯᠠᠭᠰᠠᠨ ᠤ ᠪᠠᠨ ᠲᠠᠷᠠᠭ᠎ᠠ ᠬᠤᠲᠠᠯᠳᠤᠨ ᠠᠪᠤᠭᠰᠠᠨ ᠭᠡᠷ ᠪᠠᠶᠢᠰᠢᠩ ᠤᠨ ᠦᠮᠴᠢᠯᠡᠯ ᠤᠨ ᠡᠷᠭᠡ ᠨᠢ ᠬᠡᠷᠪᠡ ᠭᠡᠷ ᠬᠦᠷᠦᠩᠭᠡ ᠶᠢᠨ ᠬᠠᠮᠢᠶᠠᠷᠤᠯᠲᠠ ᠶᠢᠨ ᠭᠠᠵᠠᠷ ᠬᠠᠮᠲᠤ ᠶᠢᠨ ᠡᠳ᠋ ᠬᠦᠷᠤᠩᠭᠡ ᠪᠠᠷ ᠲᠠᠩᠰᠡᠯᠠᠭᠰᠠᠨ ᠪᠤᠯ ᠶᠠᠷᠢᠶᠠᠨ ᠦᠭᠡᠢ ᠬᠠᠮᠲᠤ ᠶᠢᠨ ᠬᠦᠷᠦᠩᠭᠡ ᠪᠤᠯᠬᠤ ᠶᠤᠰᠤᠲᠠᠢ᠃ ᠲᠡᠭᠡᠪᠡᠯ ᠨᠢᠭᠡ ᠡᠳᠡᠭᠡᠳ ᠤᠨ ᠢᠶᠠᠨ ᠨᠡᠷ᠎ᠡ ᠲᠡᠭᠡᠷ᠎ᠡ ᠲᠠᠩᠰᠠᠯᠠᠭᠤᠯᠤᠭᠰᠠᠨ ᠪᠤᠯ ᠲᠡᠭᠡᠷᠡᠬᠢ ᠵᠢᠱᠢᠶ᠎ᠡ ᠠᠴᠠ ᠦᠵᠡᠪᠡᠯ ᠮᠦᠨ ᠯᠡ ᠬᠠᠮᠲᠤ ᠶᠢᠨ ᠡᠳ᠋ ᠬᠦᠷᠦᠩᠭᠡ ᠪᠤᠯᠤᠨ᠎ᠡ᠃
     ᠲᠤᠤᠷᠡᠬᠢ ᠬᠡᠲᠦᠨ ᠵᠦᠢᠯ ᠤᠨ ᠪᠠᠶᠢᠲᠠᠯ ᠲᠤᠤᠷ᠎ᠠ᠂ ᠡᠷ᠎ᠡ ᠡᠮ᠎ᠡ ᠶᠢᠨ ᠬᠠᠮᠲᠤ ᠶᠢᠨ ᠬᠦᠷᠦᠩᠭᠡ ᠪᠤᠯᠤᠨ᠎ᠠ᠄ 1. ᠤᠷᠤᠭᠯᠠᠭᠰᠠᠨ ᠤ ᠳᠠᠷᠠᠭ᠎ᠠ ᠬᠤᠲᠠᠯᠳᠤᠨ ᠠᠪᠤᠭᠰᠠᠨ ᠭᠡᠷ ᠪᠠᠶᠢᠰᠢᠩ ᠢᠶᠠᠨ ᠡᠷ᠎ᠡ ᠡᠮ᠎ᠡ ᠶᠢᠨ ᠬᠠᠮᠲᠤ ᠶᠢᠨ ᠡᠳ᠋ ᠬᠦᠷᠦᠩᠭᠡ ᠪᠠᠷ ᠲᠠᠩᠰᠠᠯᠠᠭᠰᠠᠨ ᠪᠠᠶᠢᠪᠠᠯ ᠬᠠᠮᠲᠤ ᠶᠢᠨ ᠡᠳ᠋ ᠬᠦᠷᠦᠩᠭᠡ ᠪᠤᠯᠤᠨ᠎ᠠ  2. ᠨᠢᠭᠡ ᠡᠲᠡᠭᠡᠳ ᠨᠢ ᠤᠷᠤᠭᠯᠠᠬᠤ ᠠᠴᠠ ᠡᠮᠤᠨ᠎ᠡ ᠲᠦᠷᠢᠶᠡᠰᠦᠯᠡᠨ ᠰᠠᠭᠤᠵᠤ ᠪᠠᠶᠢᠭᠰᠠᠨ ᠭᠡᠷ ᠪᠠᠶᠢᠰᠢᠩ ᠢᠶᠠᠨ ᠤᠷᠤᠭᠯᠠᠭᠰᠠᠨ ᠤ ᠳᠠᠷᠠᠭ᠎ᠠ ᠬᠠᠮᠲᠤ ᠶᠢᠨ ᠡᠳ᠋ ᠬᠦᠷᠦᠩᠭᠡ ᠪᠠᠷ ᠢᠶᠠᠨ ᠬᠤᠳᠠᠯᠳᠤᠨ ᠠᠪᠴᠤ᠂ ᠭᠡᠷ᠎ᠡ ᠪᠠᠶᠢᠰᠢᠩ ᠤᠨ ᠦᠮᠴᠢᠯᠡᠬᠦ ᠡᠷᠭᠡ ᠶᠢᠨ ᠦᠨᠡᠮᠯᠡᠯ ᠢ ᠨᠢᠬᠡ ᠡᠳᠡᠭᠡᠳ ᠤᠨ ᠢᠶᠠᠨ ᠨᠡᠷ᠎ᠡ ᠲᠡᠭᠡᠷ᠎ᠡ ᠲᠠᠩᠰᠠᠯᠠᠭᠰᠠᠨ ᠢ ᠡᠷ᠎ᠡ ᠡᠮ᠎ᠡ ᠶᠢᠨ ᠬᠠᠮᠲᠤ ᠶᠢᠨ ᠡᠳ᠋ ᠬᠦᠷᠦᠩᠭᠡ ᠪᠠᠷ ᠮᠠᠭᠠᠳᠯᠠᠬᠤ ᠭᠡᠷᠡᠭᠲᠡᠢ  3. ᠤᠷᠤᠭᠯᠠᠭᠰᠠᠨ ᠤ ᠳᠠᠷᠠᠭ᠎ᠠ ᠬᠤᠲᠠᠯᠳᠤᠨ ᠠᠪᠤᠭᠰᠠᠨ ᠭᠡᠷ ᠪᠠᠶᠢᠰᠢᠩ ᠤᠨ ᠦᠮᠴᠢᠯᠡᠯ ᠤᠨ ᠡᠷᠬᠡ ᠶᠢᠨ ᠲᠤᠬᠠᠢ ᠲᠤᠲᠤᠷᠬᠠᠢ ᠬᠡᠯᠡᠯᠴᠡᠭᠡᠷ ᠦᠭᠡᠢ ᠨᠦᠬᠦᠴᠡᠯ ᠲᠤᠤᠷ᠎ᠡ᠂ ᠠᠯᠢ ᠡᠳᠡᠭᠡᠳ ᠤᠨ ᠢᠶᠠᠨ ᠨᠡᠷ᠎ᠡ ᠲᠡᠭᠡᠷ᠎ᠡ ᠭᠡᠷ ᠪᠠᠶᠢᠰᠢᠩ ᠤᠨ ᠦᠮᠴᠢᠯᠡᠯ ᠤᠨ ᠡᠷᠭᠡ ᠪᠠᠨ ᠲᠠᠩᠰᠠᠯᠠᠭᠤᠯᠤᠭᠰᠠᠨ ᠴᠦ᠂ ᠲᠡᠷᠡᠭᠦ ᠬᠡᠷ ᠪᠠᠶᠢᠰᠢᠩ ᠨᠢ ᠴᠦᠮ ᠡᠷ᠎ᠡ ᠡᠮ᠎ᠡ ᠶᠢᠨ ᠬᠠᠮᠲᠤ ᠶᠢᠨ ᠡᠳ᠋ ᠬᠦᠷᠦᠩᠭᠡ ᠪᠤᠯᠤᠨ᠎ᠠ  4. ᠡᠷ᠎ᠡ ᠡᠮ᠎ᠡ ᠬᠤᠶᠠᠭᠤᠯᠠ ᠶᠢ ᠤᠷᠤᠭᠯᠠᠬᠤ ᠦᠶᠡᠰ ᠲᠤ᠂ ᠨᠢᠭᠡ ᠡᠳᠡᠭᠡᠳ ᠤᠨ ᠬᠢᠨᠢ ᠡᠴᠢᠭᠡ ᠡᠭᠡ ᠨᠢ ᠬᠡᠷ ᠪᠠᠶᠢᠰᠢᠩ ᠬᠤᠲᠠᠯᠳᠤᠨ ᠠᠪᠬᠤ ᠤᠷᠢᠳᠴᠢᠯᠡᠨ ᠲᠤᠰᠢᠶᠠᠬᠤ ᠮᠦᠩᠭᠦ ᠶᠢ ᠲᠤᠰᠢᠶᠠᠵᠤ᠂ ᠤᠷᠤᠭᠯᠠᠭᠰᠠᠨ ᠤ ᠲᠠᠷᠠᠭ᠎ᠠ ᠬᠠᠮᠲᠤ ᠪᠠᠷ ᠭᠡᠷ ᠪᠠᠶᠢᠰᠢᠩ ᠤᠨ ᠵᠤᠭᠤᠰ ᠮᠦᠩᠭᠦ ᠶᠢ ᠲᠤᠰᠢᠶᠠᠭᠰᠠᠨ ᠪᠤᠶᠤ ᠡᠰᠡᠭᠦᠯ᠎ᠡ ᠭᠡᠷ ᠪᠠᠶᠢᠰᠢᠩ ᠢᠶᠠᠨ ᠵᠠᠰᠠᠵᠤ ᠴᠢᠮᠡᠬᠦ ᠪᠤᠢ ᠪᠦᠬᠦᠢ ᠵᠠᠷᠤᠲᠠᠯ ᠢ ᠬᠠᠮᠲᠤ ᠪᠠᠷ ᠭᠠᠷᠭᠠᠭᠰᠠᠨ ᠪᠤᠯ ᠴᠦᠮ ᠬᠠᠮᠲᠤ ᠶᠢᠨ ᠡᠳ᠋ ᠭᠦᠷᠦᠩᠭᠡ ᠳᠤ ᠲᠤᠭᠠᠴᠠᠭᠲᠠᠬᠤ ᠲᠤᠯᠠ ᠤᠷᠤᠭ ᠰᠠᠯᠬᠤ ᠦᠶ᠎ᠡ ᠳᠤ᠂ ᠲᠡᠭᠡᠷᠡᠭᠢ ᠵᠠᠷᠤᠳᠠᠯ ᠰᠦᠢᠳᠬᠡᠯ ᠢ ᠬᠠᠮᠲᠤ ᠶᠢᠨ ᠡᠳ᠋ ᠬᠦᠷᠦᠩᠭᠡ ᠪᠠᠷ ᠪᠤᠲᠤᠵᠤ ᠬᠤᠪᠢᠶᠠᠨ ᠠᠪᠴᠤ ᠪᠤᠯᠤᠨ᠎ᠠ᠃ ᠭᠡᠭᠦ ᠳᠤ ᠨᠢᠬᠡ ᠡᠲᠡᠭᠡᠳ ᠤᠨ ᠡᠴᠢᠭᠡ ᠡᠭᠡ ᠶᠢᠨ ᠢᠶᠠᠨ ᠤᠷᠢᠳᠴᠢᠯᠠᠨ ᠲᠤᠰᠢᠶᠠᠭᠰᠠᠨ ᠪᠡᠯᠡ ᠤᠷᠤᠭᠤᠯᠤᠯᠲᠡ ᠶᠢᠨ ᠬᠡᠰᠡᠭ ᠢ ᠲᠤᠬᠠᠢ ᠶᠢᠨ ᠦᠶ᠎ᠡ ᠶᠢᠨ ᠪᠤᠲᠠᠲᠠᠢ ᠬᠡᠯᠡᠯᠴᠡᠭᠡᠷ ᠢᠶᠠᠨ ᠦᠨᠳᠤᠰᠤᠯᠡᠵᠤ ᠰᠢᠢᠳᠪᠤᠷᠢᠯᠡᠬᠦ ᠬᠡᠷᠡᠭᠲᠡᠢ  5. ᠬᠤᠶᠠᠷ ᠡᠳᠡᠭᠡᠳ ᠤᠨ ᠡᠴᠢᠭᠡ ᠡᠭᠡ ᠨᠢ ᠬᠠᠮᠲᠤ ᠪᠠᠷ ᠪᠡᠯᠡ ᠭᠠᠷᠭᠠᠵᠤ ᠬᠤᠳᠠᠯᠲᠤᠨ ᠠᠪᠤᠭᠰᠠᠨ ᠦᠯᠦ ᠬᠦᠳᠡᠯᠬᠦ ᠬᠦᠷᠦᠩᠭᠡ ᠶᠢᠨ ᠦᠮᠴᠢᠯᠡᠯ ᠤᠨ ᠡᠷᠬᠡ ᠤᠨ ᠦᠨᠡᠮᠯᠡᠯ ᠢ ᠭᠡᠷᠪᠡ ᠨᠢᠭᠡ ᠡᠳᠡᠭᠡᠳ ᠤᠨ ᠬᠢᠨᠢ ᠨᠡᠷ᠎ᠡ ᠲᠡᠭᠡᠷ᠎ᠡ ᠪᠠᠶᠢᠪᠠᠯ ᠲᠤᠰ ᠦᠯᠦ ᠬᠦᠲᠡᠯᠬᠦ ᠬᠦᠷᠦᠩᠭᠡ ᠶᠢ ᠬᠤᠶᠠᠷ ᠡᠲᠡᠭᠡᠳ ᠤᠨ ᠡᠴᠢᠭᠡ ᠡᠭᠡ ᠶᠢᠨ ᠪᠡᠯᠡ ᠭᠠᠷᠭᠠᠭᠰᠠᠨ ᠬᠡᠮᠵᠢᠶ᠎ᠡ ᠪᠠᠷ ᠨᠢ ᠬᠤᠪᠢᠳᠠᠯ ᠲᠠᠢ ᠬᠠᠮᠲᠤ ᠶᠢᠨ ᠦᠮᠴᠢ ᠪᠠᠷ ᠨᠤᠲᠠᠯᠠᠵᠤ ᠪᠤᠯᠤᠨ᠎ᠡ᠂ ᠠᠰᠲᠠᠭᠠᠨ ᠬᠡᠯᠡᠯᠴᠡᠭᠡᠷ ᠲᠠᠢ ᠪᠤᠯ ᠡᠭᠦᠨ ᠳᠤ ᠪᠠᠭᠲᠠᠬᠤ ᠦᠭᠡᠢ᠃       



  
     
     