-
156677
ᠮᠧᠩ ᠦ᠋ ᠱᠢᠧᠧᠢ ᠬᠡᠳᠡᠭ ᠁
2020-04-06 08:29
122
0
ᠮᠧᠩ ᠦ᠋ ᠱᠢᠧᠧᠢ ᠬᠡᠳᠡᠭ᠁
ᠨᠢᠬᠡ
ᠮᠤᠩᠭᠤᠯ ᠲᠡᠥᠬᠡᠨ ᠰᠤᠳᠤᠯᠭᠠᠨ ᠳᠡᠬᠢ ᠨᠢᠬᠡᠨ ᠰᠤᠨᠢᠷᠬᠠᠯᠲᠠᠢ ᠦᠵᠡᠭᠳᠡᠯ ᠪᠤᠢ ᠪᠦᠬᠡᠳ ᠲᠠᠩ ᠤᠯᠤᠰ ᠤᠨ ᠦᠶ᠎ᠡ᠂ ᠬᠢᠲᠠᠳ ᠤᠨ ᠡᠷᠲᠡᠨ ᠣ ᠲᠡᠥᠬᠡᠨ ᠰᠤᠷᠪᠤᠯᠵᠢ ᠳᠤ ᠭᠠᠷᠬᠤ蒙兀室韦 ︵ᠮᠧᠩ ᠦ᠋ ᠱᠢᠧᠧᠢ︶ᠭᠡᠳᠡᠭ ᠲᠡᠮᠳᠡᠭᠯᠡᠯ ᠢ ᠡᠰᠢᠯᠡᠵᠦ᠂ ᠮᠤᠩᠭᠤᠯ ᠪᠤᠶᠤ ᠮᠤᠩᠭᠤᠯ ᠦᠨᠳᠦᠰᠦᠲᠡᠨ ᠣ ᠲᠡᠥᠬᠡᠨ ᠡᠬᠢᠯᠡᠯ ᠬᠡᠮᠡᠨ ᠦᠵᠡᠳᠡᠭ ᠵᠠᠩᠰᠢᠯ ᠠᠵᠠᠢ᠂ ᠬᠠᠷᠢᠨ ᠠᠳᠠᠯᠢᠬᠠᠨ ᠴᠠᠭ ᠦᠶ᠎ᠡ ᠶᠢᠨ ᠪᠤᠰᠤᠳ ᠮᠤᠩᠭᠤᠯ ᠬᠡᠯᠡᠲᠠᠢ ᠠᠢᠮᠠᠭ ᠦᠨ ᠲᠤᠬᠠᠢ ᠲᠡᠮᠳᠡᠭᠯᠡᠯ ᠪᠤᠢ ᠶᠢ ᠠᠩᠬᠠᠷᠤᠬᠤ ᠦᠬᠡᠢ ᠦᠨᠤ ᠪᠤᠯᠵᠠᠢ᠂ ᠡᠢᠮᠦᠷᠬᠦ ᠠᠢᠮᠠᠭ ᠨᠦᠭᠥᠳ ᠢ ᠤᠳᠤ ᠶᠢᠨ ᠰᠤᠳᠤᠯᠭᠠᠨ ᠣ ᠲᠦᠪᠰᠢᠨ ᠳᠦ ᠮᠤᠩᠭᠤᠯ ᠬᠡᠯᠡᠲᠠᠢ ᠪᠤᠶᠤ ᠮᠤᠩᠭᠤᠯ ᠦᠨᠳᠦᠰᠦᠲᠡᠨ ᠬᠡᠮᠡᠨ ᠪᠠᠲᠤᠯᠠᠵᠤ ᠨᠤᠲᠠᠯᠠᠭᠰᠠᠨ ᠭᠡᠵᠤ ᠦᠵᠡᠭᠡᠳ᠂ ᠡᠳᠡᠭᠡᠷ ᠠᠢᠮᠠᠭ ᠶᠢᠨ ᠨᠡᠷ᠎ᠠ᠂ ᠡᠷᠲᠡᠨ ᠣ ᠬᠢᠲᠠᠳ ᠰᠤᠷᠪᠤᠯᠵᠢ ᠳᠤ ᠲᠤᠬᠢᠶᠠᠯᠳᠤᠬᠤ ᠪᠠᠢᠳᠠᠯ ᠢ ᠠᠪᠴᠤ ᠦᠵᠡᠪᠡᠯ᠄
曷剌ᠬᠡᠳᠡᠭ ᠨᠡᠷ᠎ᠠ᠂ ︽ᠲᠦᠩ ᠳ᠋ᠢᠶᠠᠨ ᠪᠢᠴᠢᠭ︾ᠳᠦ2᠂ ︽ᠯᠢᠶᠣᠤ ᠤᠯᠤᠰ ᠤᠨ ᠲᠡᠥᠬᠡ︾ᠳᠦ 3 ᠤᠳᠠᠭ᠎ᠠ ᠲᠤᠬᠢᠶᠠᠯᠳᠤᠵᠤ ᠪᠠᠢᠨ᠎ᠠ᠃曷剌ᠬᠡᠳᠡᠭ ᠢ ᠪᠢᠳ᠋ᠨ ᠾᠦᠷᠠᠳ︵ᠦᠬᠡᠯᠠᠢ-ᠤᠢᠷᠠᠳ︶ᠭᠡᠵᠤ ᠰᠡᠷᠬᠦᠭᠡᠨ ᠤᠩᠰᠢᠭᠰᠠᠨ ᠪᠤᠢ᠃ ᠲᠤᠬᠠᠢ ᠶᠢᠨ ᠦᠶ᠎ᠡ ᠶᠢᠨ ᠬᠢᠲᠠᠳ ᠲᠡᠦᠬᠡᠨ ᠰᠤᠷᠪᠤᠯᠵᠢ ᠳᠤ曷剌國 ᠬᠡᠮᠡᠨ ᠲᠡᠮᠳᠡᠭᠯᠡᠭᠰᠡᠨ ᠢ ᠠᠩᠬᠠᠷᠤᠬᠤ ᠬᠡᠷᠡᠭᠲᠡᠢ ᠪᠦᠭᠡᠳ ᠡᠨᠡ ᠨᠢ ᠮᠤᠩᠭᠤᠯ ᠤᠨ ᠤᠯᠠᠮᠵᠢᠯᠠᠯᠲᠤ ᠬᠡᠯᠡᠯᠬᠡ ᠶᠢᠨ ᠤᠢᠷᠠᠳ ᠤᠯᠤᠰ ᠬᠡᠳᠡᠭ ᠲᠠᠢ ᠨᠡᠢᠴᠡᠳᠡᠭ᠂ ᠨᠦᠬᠦᠭᠡ ᠲᠠᠯ᠎ᠠ ᠪᠠᠷ ᠰᠤᠳᠤᠯᠤᠭᠠᠴᠢᠳ ᠤᠨ ᠬᠡᠯᠡᠳᠡᠭ ᠤᠢᠷᠠᠳ ᠤᠨ ᠬᠤᠯᠪᠤᠭ᠎ᠠ ᠮᠦᠨ ᠭᠡᠵᠤ ᠦᠵᠡᠬᠦ ᠪᠦᠷᠢᠨ ᠦᠨᠳᠦᠰᠦᠯᠡᠯ ᠪᠤᠢ ᠠᠵᠠᠢ᠃
弊剌ᠬᠡᠳᠡᠭ ᠨᠡᠷ᠎ᠠ᠂ ︽ᠲᠦᠩ ᠳ᠋ᠢᠶᠠᠨ ᠪᠢᠴᠢᠭ︾ᠳᠦ1᠂ ︽ᠰᠢᠨ᠎ᠠ ᠲᠠᠩ ᠤᠯᠤᠰ ᠤᠨ ᠪᠢᠴᠢᠭ︾ᠳᠦ 1 ᠤᠳᠠᠭ᠎ᠠ ᠲᠤᠬᠢᠶᠠᠯᠳᠤᠵᠤ ᠪᠠᠢᠨ᠎ᠠ᠃弊剌ᠬᠡᠳᠡᠭ ᠢ ᠪᠢᠳ᠋ᠨ ᠪᠤᠷᠢᠶᠠᠳ ᠭᠡᠵᠤ ᠰᠡᠷᠬᠦᠭᠡᠨ ᠤᠩᠰᠢᠭᠰᠠᠨ ᠪᠤᠢ᠃ ᠮᠦᠨ ᠲᠤᠬᠠᠢ ᠶᠢᠨ ᠴᠠᠭ ᠳᠦ ᠬᠠᠷᠢᠶᠠᠯᠠᠭᠳᠠᠬᠤ ᠲᠷᠦᠺ ᠦᠨ ᠬᠡᠷᠡᠯᠲᠤ ᠬᠦᠰᠢᠶ᠎ᠠ ᠪᠤᠯᠬᠤ︽ᠲᠠᠷᠢᠶᠠᠲᠤ ᠶᠢᠨ ᠬᠡᠷᠡᠯᠲᠤ ᠬᠦᠰᠢᠶᠠᠨ ᠣ ᠪᠢᠴᠢᠭᠡᠰᠦᠨ︾ᠳᠦ ᠡᠨᠡ ᠠᠢᠮᠠᠭ ᠤᠨ ᠨᠡᠷ᠎ᠠ ᠶᠢ ᠷᠦᠨᠢ ᠪᠢᠴᠢᠭ ᠢᠶᠡᠷ ᠲᠡᠮᠳᠡᠭᠯᠡᠭᠰᠡᠨ ᠪᠤᠯᠬᠤ ᠶᠢ ᠮᠢᠨᠤ ᠪᠡᠶ᠎ᠡ ᠰᠡᠷᠬᠦᠭᠡᠨ ᠤᠩᠰᠢᠭᠰᠠᠨ ᠪᠤᠯᠤᠨ᠎ᠠ᠃ ᠪᠤᠷᠢᠶᠠᠳ᠂ ᠦᠬᠡᠯᠡᠳ ᠢ 曷剌國 ᠭᠡᠬᠦ ᠨᠡᠷ᠎ᠠ ᠶᠢᠨ ᠳᠤᠤᠷ᠎ᠠ ᠬᠠᠮᠤᠷᠠᠭᠤᠯᠤᠨ ᠪᠠᠭᠲᠠᠭᠠᠨ ᠲᠡᠮᠳᠡᠭᠯᠡᠭᠰᠡᠨ ᠡᠴᠡ ᠦᠵᠡᠬᠦ ᠳᠦ᠂ ᠡᠨᠡ ᠬᠤᠶᠠᠷ ᠠᠢᠮᠠᠭ ᠨᠢ ᠨᠢᠬᠡᠨ ᠬᠤᠯᠪᠤᠭᠠᠨ ᠳᠤ ᠪᠠᠢᠭᠰᠠᠨ ᠲᠡᠥᠬᠡᠨ ᠦᠨᠡᠨ ᠲᠠᠢ ᠨᠡᠢᠴᠡᠨ᠎ᠡ᠃
ᠪᠤᠷᠢᠶᠠᠳ ᠨᠢ ᠤᠤᠭᠠᠯ ᠨᠤᠲᠤᠭ ᠪᠤᠯᠬᠤ ᠪᠠᠢᠭᠠᠯ ᠨᠠᠭᠤᠷ ᠢᠶᠠᠨ ᠲᠤᠭᠤᠷᠢᠨ ᠠᠵᠤ ᠲᠦᠷᠦᠵᠦ ᠯᠠ ᠪᠠᠢᠨ᠎ᠠ᠃
遏羅支ᠬᠡᠳᠡᠭ ᠨᠡᠷ᠎ᠠ᠂᠂ ︽ᠰᠢᠨ᠎ᠠ ᠲᠠᠩ ᠤᠯᠤᠰ ᠤᠨ ᠪᠢᠴᠢᠭ︾ᠳᠦ 1 ᠤᠳᠠᠭ᠎ᠠ ᠲᠤᠬᠢᠶᠠᠯᠳᠤᠵᠤ ᠪᠠᠢᠨ᠎ᠠ᠃遏罗支ᠬᠡᠳᠡᠭ ᠢ ᠪᠢᠳ᠋ᠨ ᠦᠬᠡᠯᠡᠳ ᠭᠡᠵᠤ ᠰᠡᠷᠬᠦᠭᠡᠨ ᠤᠩᠰᠢᠭᠰᠠᠨ ᠪᠤᠢ᠃ ᠦᠬᠡᠯᠡᠳ ᠨᠢ ᠤᠤᠭᠠᠯ ᠨᠤᠲᠤᠭ ᠪᠠᠢᠭᠠᠯ ᠨᠠᠭᠤᠷ ᠤᠨ ᠤᠷᠴᠢᠮ ᠠᠴᠠ ᠶᠠᠮᠠᠷ ᠨᠢᠬᠡᠨ ᠰᠢᠯᠲᠠᠭᠠᠨ ᠢᠶᠠᠷ︵ᠪᠤᠷᠢᠶᠠᠳ ᠠᠴᠠ ᠤᠯᠳᠠᠭᠰᠠᠨ ᠲᠡᠥᠬᠡᠨ ᠰᠤᠷᠪᠤᠯᠵᠢ ᠳᠤ᠂ ᠡᠨᠡ ᠠᠢᠮᠠᠭ ᠢ ᠳᠠᠢᠨ ᠳᠤ ᠳᠤᠷ᠎ᠠ ᠲᠠᠢ︵ᠳᠠᠢᠴᠢᠨ︖︶ᠤᠴᠢᠷ ᠨᠠᠷᠨ ᠵᠢᠷᠭᠠᠬᠤ ᠪᠠᠷᠠᠭᠤᠨ ᠲᠡᠰᠢ ᠤᠳᠤᠪᠠ ᠭᠡᠵᠡᠢ᠂ ᠡᠨᠡ ᠨᠢ ᠦᠬᠡᠯᠡᠳ ᠪᠠᠷᠠᠭᠤᠨᠰᠢ ᠪᠠᠨ ᠨᠡᠬᠦᠳᠡᠯᠯᠡᠵᠦ᠂ ᠲᠩᠷᠢ ᠠᠭᠤᠯᠨ ᠤ ᠬᠤᠢᠭᠤᠷ ᠨᠤᠲᠤᠭᠯᠠᠭᠰᠠᠨ ᠲᠡᠥᠬᠡᠨ ᠦᠨᠡᠨ ᠲᠠᠢ ᠨᠡᠢᠴᠡᠵᠦ ᠪᠠᠢᠨ᠎ᠠ᠃
曷剌ᠶᠢᠨ ᠦᠭᠡᠷ᠎ᠠ ᠨᠢᠭᠡᠨ ᠨᠡᠷ᠎ᠠ ᠪᠤᠯᠬᠤ駁馬國ᠬᠡᠳᠡᠭ ᠨᠡᠷ᠎ᠠ ᠨᠢ ︽ᠲᠦᠩ ᠳ᠋ᠢᠶᠠᠨ ᠪᠢᠴᠢᠭ︾ᠳᠦ2᠂ ︽ᠲᠠᠩ ᠤᠯᠤᠰ ᠤᠨ ᠬᠤᠷᠢᠶᠠᠩᠭᠤᠢ ᠪᠢᠴᠢᠭ︾ ᠲᠤ1᠂ ︽ᠬᠠᠭᠤᠴᠢᠨ ᠲᠠᠩ ᠤᠯᠤᠰ ᠤᠨ ᠪᠢᠴᠢᠭ︾ᠳᠦ 2᠂ ︽ᠰᠢᠨ᠎ᠠ ᠲᠠᠩ ᠤᠯᠤᠰ ᠤᠨ ᠪᠢᠴᠢᠭ︾ ᠳᠦ 3ᠤᠳᠠᠭ᠎ᠠ ᠲᠤᠬᠢᠶᠠᠯᠳᠤᠵᠤ ᠪᠠᠢᠨ᠎ᠠ᠃
駁馬國 ᠭᠡᠬᠦ ᠦᠬᠡᠨ ᠣ ᠲᠠᠭᠤᠳᠠᠯᠭ᠎ᠠ ᠲᠠᠢ ᠲᠤᠬᠢᠷᠠᠬᠤ ᠨᠡᠷ᠎ᠠ ᠢ ᠤᠩᠭᠤᠯ ᠤᠨ ᠦᠰᠦᠭ ᠪᠢᠴᠢᠭ ᠦᠨ ᠲᠡᠮᠳᠡᠭᠯᠡᠯ ᠡᠴᠡ ᠪᠢᠳ᠋ᠨ ᠤᠯᠵᠤ ᠬᠠᠷᠠᠬᠤ ᠦᠬᠡᠢ᠂ ᠬᠠᠷᠢᠨ ᠲᠤᠤᠯᠢ︽ᠵᠠᠩᠭᠠᠷ︾ ᠳᠦ ᠪᠠᠢᠩᠭᠤ ᠳᠤᠷᠠᠳᠤᠭᠳᠠᠬᠤ ᠠᠷᠤ ᠪᠤᠮᠪᠠ ᠶᠢᠨ ᠤᠷᠤᠨ ᠪᠤᠶᠤ ᠪᠤᠮᠪᠠ ᠶᠢᠨ ᠤᠷᠤᠨ ᠭᠡᠳᠡᠭ ᠦᠨ ᠪᠤᠮᠪᠠ ᠨᠢ ᠡᠨᠡᠬᠦ ᠨᠡᠷ᠎ᠠ ᠲᠠᠢ ᠲᠠᠭᠤᠳᠠᠯᠭ᠎ᠠ ᠮᠠᠰᠢᠳ᠋ᠨ ᠤᠢᠷᠠᠯᠴᠠᠭ᠎ᠠ ᠪᠠᠢᠳᠠᠭ᠂ ᠠᠷᠤ ᠪᠤᠮᠪᠠ ᠶᠢᠨ ᠤᠷᠤᠨ ᠪᠤᠶᠤ ᠪᠤᠮᠪᠠ ᠶᠢᠨ ᠤᠷᠤᠨ ᠬᠡᠳᠡᠭ ᠢ ᠲᠤᠤᠯᠢ ᠶᠢᠨ ᠰᠡᠳᠬᠢᠯᠴᠢᠯᠠᠨ ᠪᠦᠲᠦᠭᠡᠭᠰᠡᠨ ᠤᠷᠠᠨ ᠰᠠᠢᠬᠠᠨ ᠣ ᠳᠦᠷᠢ ᠬᠡᠮᠡᠨ ᠰᠤᠳᠤᠯᠤᠭᠠᠴᠢᠳ ᠤᠢᠭᠤᠯ ᠦᠬᠡᠦ ᠳᠠᠪᠲᠠᠨ ᠬᠡᠯᠡᠭᠰᠡᠭᠡᠷ ᠢᠷᠡᠵᠡᠢ᠂ ᠲᠡᠭᠡᠲᠡᠯ᠎ᠠ ᠦᠰᠦᠭ ᠪᠢᠴᠢᠭ ᠦᠨ ᠡᠷᠲᠡᠨ ᠣ ᠤᠯᠠᠮᠵᠢᠯᠠᠯ ᠲᠠᠢ ᠬᠢᠲᠠᠳ ᠤᠨ ᠠᠷᠠᠳ ᠲᠦᠮᠡᠨ ᠣ ᠲᠡᠥᠬᠡᠨ ᠰᠤᠷᠪᠤᠯᠵᠢ ᠳᠤ ᠡᠷᠲᠡᠨ ᠣ ᠤᠢᠷᠠᠳ ᠤᠨ ᠪᠠᠢᠭᠤᠯᠤᠭᠰᠠᠨ ᠪᠤᠮᠪᠠ ᠶᠢᠨ ᠤᠷᠤᠨ ᠬᠡᠮᠡᠨ ᠪᠢᠴᠢᠵᠦ ᠲᠡᠮᠳᠡᠭᠯᠡᠵᠦ ᠪᠠᠢᠨ᠎ᠠ᠂ ᠲᠤᠤᠯᠢ︽ᠵᠠᠩᠭᠠᠷ︾ ᠨᠢ ᠵᠦᠪᠬᠡᠨ ᠤᠢᠷᠠᠳ ᠳᠤᠲᠤᠷ᠎ᠠ ᠡᠬᠦᠰᠴᠤ ᠤᠯᠠᠮᠵᠢᠯᠠᠭᠳᠠᠭᠰᠠᠨ ᠭᠡᠳᠡᠭ ᠢᠶᠡᠷ ᠢᠶᠡᠨ ᠬᠤᠯᠪᠤᠵᠤ ᠪᠤᠳᠤᠬᠤ ᠶᠠᠭᠤᠮ᠎ᠠ ᠤᠯᠠᠨ ᠪᠤᠢ᠂ ᠰᠤᠨᠢᠷᠬᠠᠯᠲᠠᠢ ᠯᠠ ᠪᠠᠢᠨ᠎ᠠ᠃
ᠳᠡᠭᠡᠷᠡᠬᠢ ᠠᠢᠮᠠᠭ ᠤᠳ ᠲᠠᠢ ᠨᠢᠬᠡᠨ ᠴᠠᠭ ᠦᠶ᠎ᠡ ᠳᠠᠬᠢ ᠡᠷᠲᠡᠨ ᠣ ᠬᠢᠲᠠᠳ ᠰᠤᠷᠪᠤᠯᠵᠢ ᠳᠤ ᠲᠡᠮᠳᠡᠭᠯᠡᠭᠳᠡᠭᠰᠡᠨ 拔野古 ᠭᠡᠵᠤ ᠪᠤᠢ᠂ ᠤᠳᠤ ᠦᠶ᠎ᠡ ᠶᠢᠨ ᠰᠤᠳᠤᠯᠤᠭᠠᠴᠢᠳ ᠡᠨᠡ ᠠᠢᠮᠠᠭ ᠢ ᠶᠡᠬᠡᠪᠴᠢᠯᠠᠨ ᠮᠤᠩᠭᠤᠯ ᠬᠡᠯᠡᠲᠠᠢ᠂ ᠮᠤᠩᠭᠤᠯ ᠠᠢᠮᠠᠭ ᠪᠤᠯᠬᠤ ᠪᠠᠶᠠᠭᠤᠳ︵ᠪᠠᠶᠠᠳ︶ᠭᠡᠵᠤ ᠦᠵᠡᠳᠡᠭ᠃
ᠲᠤᠬᠠᠢ ᠶᠢᠨ ᠦᠶ᠎ᠡ ᠶᠢᠨ ᠡᠷᠲᠡᠨ ᠣ ᠬᠢᠲᠠᠳ ᠰᠤᠷᠪᠤᠯᠵᠢ ᠳᠤ ᠡᠳᠡᠭᠡᠷ ᠠᠢᠮᠠᠭ ᠤᠨ ᠨᠤᠲᠤᠭᠯᠠᠵᠤ ᠪᠠᠢᠭᠰᠠᠨ ᠭᠠᠵᠠᠷ ᠨᠤᠲᠤᠭ᠂ ᠲᠤᠬᠠᠢ ᠶᠢᠨ ᠦᠶ᠎ᠡ ᠶᠢᠨ ᠬᠢᠲᠠᠳ ᠤᠨ ᠨᠡᠢᠰᠯᠡᠯ ᠡᠴᠡ ᠬᠢᠷᠢ ᠵᠡᠷᠭᠡ ᠬᠤᠯᠨ ᠪᠠᠢᠭ᠎ᠠ ᠂ ᠡᠳᠡᠭᠡᠷ ᠠᠢᠮᠠᠭ ᠤᠨ ᠬᠦᠮᠦᠰ ᠦᠨ ᠠᠵᠤ ᠲᠦᠷᠦᠵᠦ ᠪᠠᠢᠭ᠎ᠠ ᠪᠠᠢᠳᠠᠯ᠂ ᠡᠳᠡᠨ ᠣ ᠵᠠᠰᠠᠭ ᠵᠠᠬᠢᠷᠭᠠᠨ ᠣ ᠪᠠᠢᠳᠠᠯ᠂ ᠮᠦᠨ ᠲᠤᠬᠠᠢ ᠶᠢᠨ ᠦᠶ᠎ᠡ ᠶᠢᠨ ᠶᠠᠮᠠᠷ ᠤᠨ ᠢᠶᠠᠷ ᠬᠢᠲᠠᠳ ᠤᠯᠤᠰ ᠲᠠᠢ ᠬᠠᠷᠢᠯᠴᠠᠭ᠎ᠠ ᠲᠠᠢ ᠪᠠᠢᠭᠰᠠᠨ ᠭᠡᠬᠦ ᠮᠡᠲᠤ ᠮᠡᠳᠡᠭᠡᠯᠡᠯ ᠢᠶᠡᠷ ᠲᠤᠪᠴᠢᠬᠠᠨ ᠲᠡᠮᠳᠡᠭᠯᠡᠭᠰᠡᠨ ᠪᠠᠢᠭ᠎ᠠ ᠶᠢ ᠪᠢᠳ᠋ᠨ ᠤᠩᠰᠢᠵᠤ ᠪᠠᠢᠨ᠎ᠠ᠃
ᠬᠤᠶᠠᠷ
ᠡᠬᠦᠨ ᠡᠴᠡ ᠭᠠᠳᠠᠨ᠎ᠠ᠂ ᠡᠮᠦᠨ᠎ᠠ ᠤᠮᠠᠷᠠᠳᠤ ᠲᠦᠷᠦ ᠶᠢᠨ ᠦᠶ᠎ᠡ ᠶᠢᠨ ᠲᠡᠥᠬᠡᠨ ᠰᠤᠷᠪᠤᠯᠵᠢ ᠪᠤᠯᠬᠤ ︽ᠸᠸᠢ ᠤᠯᠤᠰ ᠤᠨ ᠪᠢᠴᠢᠭ︾ ᠲᠤ烏洛侯ᠭᠡᠬᠦ ᠠᠢᠮᠠᠭ ᠦᠨ ᠨᠡᠷ᠎ᠠ ᠳᠤᠷᠠᠳᠤᠭᠳᠠᠨ᠎ᠠ᠂烏洛侯ᠢ ᠪᠠᠰᠨ 烏羅護᠂烏護 ᠭᠡᠵᠤ ᠲᠡᠮᠳᠡᠭᠯᠡᠭᠰᠡᠨ ᠪᠤᠢ᠂ ᠡᠳᠡᠭᠡᠷ ᠠᠢᠮᠠᠭ ᠶᠢᠨ ᠨᠡᠷ᠎ᠠ᠂ ᠡᠷᠲᠡᠨ ᠣ ᠬᠢᠲᠠᠳ ᠰᠤᠷᠪᠤᠯᠵᠢ ᠳᠤ ᠲᠤᠬᠢᠶᠠᠯᠳᠤᠬᠤ ᠪᠠᠢᠳᠠᠯ ᠢ ᠠᠪᠴᠤ ᠦᠵᠡᠪᠡᠯ᠄
乌洛侯ᠬᠡᠳᠡᠭ ᠨᠡᠷ᠎ᠠ᠂ ︽ᠸᠸᠢ ᠤᠯᠤᠰ ᠤᠨ ᠪᠢᠴᠢᠭ︾ᠲᠤ5᠂︽ᠬᠠᠭᠤᠴᠢᠨ ᠲᠠᠩ ᠤᠯᠤᠰ ᠤᠨ ᠪᠢᠴᠢᠭ︾ᠳᠦ1᠂ ︽ᠰᠢᠨ᠎ᠠ ᠲᠠᠩ ᠤᠯᠤᠰ ᠤᠨ ᠪᠢᠴᠢᠭ︾2᠂ ︽ᠤᠮᠠᠷᠠᠳᠤ ᠶᠢᠨ ᠲᠡᠥᠬᠡ︾ᠳᠦ4᠂ ︽ ᠳᠠᠯᠠᠢ ᠶᠢᠨ ᠤᠯᠤᠰ ᠤᠨ ᠵᠢᠷᠤᠭᠲᠤ ᠤᠢᠯᠠᠯᠭ᠎ᠠ︾ᠳᠤ5 ᠤᠳᠠᠭ᠎ᠠ ᠲᠤᠬᠢᠶᠠᠯᠳᠤᠵᠤ ᠪᠠᠢᠨ᠎ᠠ᠃
乌罗护ᠬᠡᠳᠡᠭ ᠨᠡᠷ᠎ᠠ᠂ ︽ᠬᠠᠭᠤᠴᠢᠨ ᠲᠠᠩ ᠤᠯᠤᠰ ᠤᠨ ᠪᠢᠴᠢᠭ︾ᠳᠦ3᠂ ︽ᠰᠢᠨ᠎ᠠ ᠲᠠᠩ ᠤᠯᠤᠰ ᠤᠨ ᠪᠢᠴᠢᠭ︾2᠂ ︽ᠳᠠᠯᠠᠢ ᠶᠢᠨ ᠤᠯᠤᠰ ᠤᠨ ᠵᠢᠷᠤᠭᠲᠤ ᠤᠢᠯᠠᠯᠭ᠎ᠠ︾ᠳᠤ1 ᠤᠳᠠᠭ᠎ᠠ ᠲᠤᠬᠢᠶᠠᠯᠳᠤᠵᠤ ᠪᠠᠢᠨ᠎ᠠ᠃
乌罗浑ᠬᠡᠳᠡᠭ ᠨᠡᠷ᠎ᠠ᠂ ︽ᠬᠠᠭᠤᠴᠢᠨ ᠲᠠᠩ ᠤᠯᠤᠰ ᠤᠨ ᠪᠢᠴᠢᠭ︾ᠳᠦ4᠂ ︽ᠰᠢᠨ᠎ᠠ ᠲᠠᠩ ᠤᠯᠤᠰ ᠤᠨ ᠪᠢᠴᠢᠭ︾4᠂ ︽ᠳᠠᠯᠠᠢ ᠶᠢᠨ ᠤᠯᠤᠰ ᠤᠨ ᠵᠢᠷᠤᠭᠲᠤ ᠤᠢᠯᠠᠯᠭ᠎ᠠ︾ᠳᠤ1 ᠤᠳᠠᠭ᠎ᠠ ᠲᠤᠬᠢᠶᠠᠯᠳᠤᠵᠤ ᠪᠠᠢᠨ᠎ᠠ᠃
乌护ᠬᠡᠳᠡᠭ ᠨᠡᠷ᠎ᠠ᠂ ︽ᠰᠦᠢ ᠤᠯᠤᠰ ᠤᠨ ᠪᠢᠴᠢᠭ︾1᠂ ︽ᠰᠢᠨ᠎ᠠ ᠲᠠᠩ ᠤᠯᠤᠰ ᠤᠨ ᠪᠢᠴᠢᠭ︾ ᠳᠤ1 ᠂ ︽ᠤᠮᠠᠷᠠᠳᠤ ᠶᠢᠨ ᠲᠡᠥᠬᠡ︾ᠳᠦ1 ᠤᠳᠠᠭ᠎ᠠ ᠲᠤᠬᠢᠶᠠᠯᠳᠤᠵᠤ ᠪᠠᠢᠨ᠎ᠠ᠃
ᠲᠡᠥᠬᠡᠨ ᠰᠤᠷᠪᠤᠯᠵᠢ ᠳᠤ᠂ 乌洛侯ᠠᠢᠮᠠᠭ ᠢ ᠰᠢᠶᠠᠨᠪᠢ ᠭᠠᠷᠤᠯᠲᠠᠢ ᠬᠡᠮᠡᠨ ᠲᠡᠮᠳᠡᠭᠯᠡᠵᠡᠢ᠂ ᠲᠡᠭᠡᠪᠠᠰᠤ ᠡᠳᠡᠨ ᠪᠤᠯᠪᠠᠰᠤ ᠳᠡᠭᠡᠭᠰᠢ ᠪᠡᠨ ᠳ᠋ᠦᠩᠬᠤ ᠠᠴᠠ ᠢᠷᠠᠯᠲᠠᠢ ᠪᠠᠢᠭ᠎ᠠ ᠪᠦᠬᠡᠳ ᠮᠠᠰᠢ ᠡᠷᠲᠡᠨ ᠣ ᠲᠡᠥᠬᠡᠨ ᠤᠯᠪᠠᠭ᠎ᠠ ᠲᠠᠢ ᠨᠢᠬᠡᠨ ᠠᠢᠮᠠᠭ ᠪᠤᠯᠬᠤ ᠠᠵᠠᠢ᠂ ᠲᠠᠩ ᠤᠯᠤᠰ ᠤᠨ ᠦᠶ᠎ᠡ ᠲᠡᠥᠬᠡᠨ ᠰᠤᠷᠪᠤᠯᠵᠢ ᠳᠤ ᠡᠨᠡ ᠠᠢᠮᠠᠭ ᠢ ᠱᠢᠸ᠋ᠸᠢ ᠶᠢᠨ ᠠᠢᠮᠠᠭ ᠤᠨ ᠨᠢᠬᠡ ᠬᠡᠮᠡᠭᠰᠡᠨ ᠪᠠᠢᠨ᠎ᠠ᠃
室韦 ︵ᠮᠧᠩ ᠦ᠋ ᠱᠢᠧᠧᠢ︶ᠨᠢ ᠭᠠᠵᠠᠷ ᠨᠤᠲᠤᠭ ᠤᠨ ᠬᠤᠪᠢ ᠳᠤ᠂ ᠬᠦᠯᠦᠨ ᠪᠤᠢᠷ᠂ ᠬᠢᠩᠭᠠᠨ ᠠᠭᠤᠯᠨ ᠤ ᠪᠠᠷᠠᠭᠤᠨ᠂ ᠬᠢᠩᠭᠠᠨ ᠠᠭᠤᠯᠨ ᠤ ᠪᠠᠷᠠᠭᠤᠨ ᠬᠤᠢᠨ᠎ᠠ ᠬᠦᠷᠲᠡᠯᠠᠬᠢ ᠭᠠᠵᠠᠷ ᠨᠤᠲᠤᠭ ᠲᠤ ᠠᠮᠢᠳᠤᠷᠴᠤ ᠪᠠᠢᠵᠠᠢ᠃
ᠬᠢᠲᠠᠳ ᠰᠤᠳᠤᠯᠤᠭᠠᠴᠢᠳ乌洛侯ᠠᠢᠮᠠᠭ ᠢ ᠢ ᠡᠷᠲᠡᠨ ᠣ ᠬᠤᠩᠬᠢᠷᠠᠳ ᠠᠢᠮᠠᠭ ᠪᠤᠯᠬᠤ ᠮᠠᠭᠠᠳᠯᠠᠯ ᠭᠡᠰᠡᠨ ᠲᠠᠭᠠᠮᠠᠭᠯᠠᠯ ᠳᠡᠪᠰᠢᠬᠦᠯᠡᠭᠰᠡᠨ ᠬᠠᠷᠠᠭᠳᠠᠨ᠎ᠠ᠃
ᠭᠤᠷᠪᠠ
ᠲᠠᠩ ᠤᠯᠤᠰ ᠤᠨ ᠦᠶ᠎ᠡ ᠶᠢᠨ ᠬᠢᠲᠠᠳ ᠲᠡᠥᠬᠡᠨ ᠰᠤᠷᠪᠤᠯᠵᠢ ᠳᠤ ᠭᠠᠷᠬᠤ蒙兀室韦 ︵ᠮᠧᠩ ᠦ᠋ ᠱᠢᠧᠧᠢ︶ᠭᠡᠳᠡᠭ ᠲᠡᠮᠳᠡᠭᠯᠡᠯ ᠠᠴᠠ ᠰᠢᠯᠲᠠᠭᠠᠢᠯᠠᠨ᠂ ᠲᠠᠩ ᠤᠯᠤᠰ ᠠᠴᠠ ᠡᠮᠦᠨ᠎ᠠ ᠮᠤᠩᠭᠤᠯᠴᠤᠳ ᠭᠡᠵᠤ ᠪᠠᠢᠭ᠎ᠠ ᠦᠬᠡᠢ᠂ ᠲᠡᠢᠮᠦ ᠡᠴᠡ ᠲᠠᠩ ᠤᠯᠤᠰ ᠠᠴᠠ ᠡᠮᠦᠨ᠎ᠠ ᠮᠤᠩᠭᠤᠯ ᠤᠨ ᠲᠡᠥᠬᠡ ᠭᠡᠵᠤ ᠪᠠᠢᠳᠠᠭ ᠦᠬᠡᠢ ᠬᠡᠮᠡᠨ ᠦᠬᠦᠨ ᠬᠠᠲᠠᠨ ᠬᠡᠯᠡᠳᠡᠭ ᠬᠦᠮᠦᠰ ᠪᠤᠢ᠂ ᠡᠳᠡᠨ ᠢ ᠡᠰᠨ ᠲᠤᠭᠠᠴᠠᠪᠠᠯ᠂ ᠶᠡᠬᠡᠩᠬᠢ ᠬᠦᠮᠦᠰ ᠤᠨ ᠡᠨᠡᠬᠦ ᠲᠤᠳᠤᠷᠬᠠᠢ ᠦᠰᠦᠭ ᠪᠢᠴᠢᠭ ᠦᠨ ᠲᠡᠮᠳᠡᠭᠯᠡᠯ ᠡᠴᠡ ᠡᠮᠦᠨ᠎ᠠ᠂ ᠮᠤᠩᠭᠤᠯᠴᠤᠳ ᠭᠡᠵᠦ ᠬᠡᠨ᠂ ᠬᠠᠮᠢᠭᠠᠭᠤᠷ ᠪᠠᠢᠭᠰᠠᠨ ᠪᠤᠢ ᠭᠡᠰᠡᠨ ᠠᠰᠠᠭᠤᠯᠳ᠋ᠨ ᠪᠠᠢᠪᠠ᠃
蒙兀室韦 ︵ᠮᠧᠩ ᠦ᠋ ᠱᠢᠧᠧᠢ︶ᠠᠢᠮᠠᠭ ᠤᠨ ᠤᠷᠤᠰᠢᠵᠤ ᠪᠠᠢᠭᠰᠠᠨ ᠭᠠᠵᠠᠷ ᠨᠤᠲᠤᠭ ᠤᠨ ᠪᠠᠢᠷᠢᠯᠡᠯ ᠪᠠᠷ ᠵᠢᠱᠢᠶᠡᠯᠡᠪᠡᠯ᠂ ᠲᠠᠩ ᠤᠯᠤᠰ ᠤᠨ ᠦᠶ᠎ᠡ᠂ ᠮᠤᠩᠭᠤᠯ ᠤᠨ ᠦᠨᠳᠦᠷᠯᠢᠭ ᠦᠨ ᠵᠡᠬᠦᠨ ᠬᠡᠰᠡᠭ᠂ ᠬᠢᠩᠭᠠᠨ ᠠᠭᠤᠯᠨ ᠶᠢᠨ ᠪᠠᠷᠠᠭᠤᠨ᠂ ᠪᠠᠷᠠᠭᠤᠨ ᠬᠤᠢᠭᠤᠷ ᠂ ᠱᠢᠧᠧᠢ ᠬᠡᠮᠡᠭᠰᠡᠨ ᠤᠯᠠᠨ ᠠᠢᠮᠠᠭ ᠤᠳ ᠪᠦᠬᠡᠬᠡᠨᠡᠷᠡᠨ ᠠᠮᠢᠳᠤᠷᠴᠤ ᠪᠠᠢᠭᠰᠠᠨ ᠲᠤᠬᠠᠢ ᠦᠰᠦᠭ ᠪᠢᠴᠢᠭ ᠦᠨ ᠲᠡᠮᠳᠡᠭᠯᠡᠯ ᠪᠤᠢ᠂ ᠡᠳᠡᠭᠡᠷ ᠱᠢᠧᠧᠢ ᠠᠢᠮᠠᠭ ᠦᠳ ᠨᠢ ᠠᠷᠪᠠᠨ ᠬᠤᠶᠠᠷ ᠪᠠᠢᠭ᠎ᠠ ᠪᠦᠭᠡᠳ ᠡᠳᠡᠭᠡᠷ ᠠᠷᠪᠠᠨ ᠬᠤᠶᠠᠷ ᠠᠢᠮᠠᠭ ᠤᠨ ᠳᠤᠲᠤᠷ᠎ᠠ᠂ ᠪᠢᠳᠡᠨ ᠣ ᠬᠡᠯᠡᠵᠦ ᠪᠤᠢ蒙兀室韦 ︵ᠮᠧᠩ ᠦ᠋ ᠱᠢᠧᠧᠢ︶ᠠᠢᠮᠠᠭ ᠪᠠᠭᠲᠠᠨ᠎ᠠ᠂ ᠲᠡᠥᠬᠡᠨ ᠰᠤᠷᠪᠤᠯᠵᠢ ᠶᠢ ᠨᠢᠭᠲᠠᠯᠠᠪᠠᠰᠤ蒙兀室韦 ︵ᠮᠧᠩ ᠦ᠋ ᠱᠢᠧᠧᠢ︶ᠭᠡᠳᠡᠭ ᠠᠢᠮᠠᠭ ᠨᠢ ᠶᠡᠬᠡ ᠲᠦᠯᠦᠪ ᠬᠢᠩᠭᠠᠨ ᠠᠭᠤᠯᠨ ᠶᠢᠨ ᠪᠠᠷᠠᠭᠤᠨ ᠬᠤᠢᠭᠤᠷ ᠨᠤᠲᠤᠭᠯᠠᠵᠤ ᠪᠠᠢᠭᠰᠠᠨ ᠲᠦᠯᠦᠪ ᠲᠠᠢ᠃
ᠡᠳᠡᠭᠡᠷ ᠤᠯᠠᠨ ᠱᠢᠧᠧᠢ ᠤᠳ ᠢ ᠲᠡᠥᠬᠡᠨ ᠰᠤᠷᠪᠤᠯᠵᠢ ᠳᠤ ᠰᠢᠶᠠᠨᠪᠢ ᠠᠴᠠ ᠭᠠᠷᠤᠯᠲᠠᠢ ᠬᠡᠳᠡᠭ᠂ ᠰᠢᠶᠠᠨᠪᠢ ᠨᠠᠷ ᠶᠢ ᠳ᠋ᠦᠩᠬᠤ ᠠᠴᠠ ᠭᠠᠷᠤᠯᠲᠠᠢ ᠬᠡᠮᠡᠨ ᠲᠡᠥᠬᠡᠨ ᠰᠤᠷᠪᠤᠯᠵᠢ ᠳᠤ ᠤᠯᠠᠨ ᠳᠠᠬᠢᠨ ᠲᠡᠮᠳᠡᠭᠯᠡᠭᠰᠡᠨ ᠪᠠᠢᠳᠠᠭ᠂ ᠱᠢᠸ᠋ᠸᠢ᠂ ᠰᠢᠶᠠᠨᠪᠢ᠂ ᠳ᠋ᠦᠩᠬᠤ ᠭᠡᠵᠤ ᠪᠦᠬᠦᠳᠡᠭᠡᠷ ᠢᠶᠡᠨ ᠮᠤᠩᠭᠤᠯ ᠤᠨ ᠦᠨᠳᠦᠷᠯᠢᠭ ᠦᠨ ᠵᠡᠬᠦᠨ ᠪᠦᠰᠨ ᠨᠤᠲᠤᠭ ᠢᠶᠠᠷ ᠨᠤᠲᠤᠭᠯᠠᠵᠤ ᠪᠠᠢᠭᠰᠠᠨ ᠬᠡᠳᠡᠭ ᠢ ᠪᠢᠳ᠋ᠨ ᠮᠡᠳᠡᠨ᠎ᠡ᠃
ᠰᠤᠨᠢᠷᠬᠠᠯᠲᠠᠢ ᠨᠢ ᠡᠨᠡᠬᠦᠷ ᠡᠷᠬᠦᠨ᠎ᠡ ᠬᠡᠳᠡᠭ ᠭᠠᠵᠠᠷ ᠪᠤᠢ᠂ ᠡᠷᠬᠦᠨ᠎ᠡ ᠨᠢ ᠷᠠᠰᠢᠳ᠋ ᠠᠳ᠋ ᠳ᠋ᠢᠨ ᠣ ᠪᠢᠴᠢᠭᠰᠡᠨ︽ᠰᠤᠳᠤᠷ ᠤᠨ ᠴᠢᠭᠤᠯᠭᠠᠨ︾ᠳᠤ ᠭᠠᠷᠬᠤ ᠡᠷᠲᠡᠨ ᠣ ᠮᠤᠩᠭᠤᠯᠴᠤᠳ ᠤᠨ ᠳᠡᠭᠡᠳᠦᠰ ᠂ ᠬᠦᠷᠰᠢ ᠠᠢᠮᠠᠭ ᠤᠭᠰᠠᠭᠠᠨ ᠳᠤ ᠬᠢᠳᠤᠭᠤᠯᠵᠤ ᠂ ᠬᠤᠶᠠᠷ ᠡᠷ᠎ᠡ ᠡᠮ᠎ᠠ ᠡᠷᠬᠦᠨ᠎ᠡ ᠬᠤᠨ ᠬᠡᠮᠡᠬᠦ ᠬᠦᠨ ᠭᠠᠩᠭ᠎ᠠ ᠬᠠᠪᠴᠢᠯ ᠳᠤ ᠨᠢᠭᠤᠭᠳᠠᠭᠰᠠᠨ ᠳᠤᠮᠤᠭ ᠲᠠᠢ ᠬᠤᠯᠪᠤᠭ᠎ᠠ ᠲᠠᠢ ᠪᠤᠯᠵᠤ ᠭᠠᠷᠳᠠᠭ᠃
ᠡᠳᠡᠭᠡᠷ ᠵᠦᠢᠯ ᠡᠴᠡ ᠰᠢᠯᠲᠠᠭᠠᠢᠯᠠᠨ᠂ ᠱᠢᠧᠧᠢ ᠮᠤᠩᠭᠤᠯ᠂ ᠰᠢᠶᠠᠨᠪᠢ᠂ ᠳ᠋ᠦᠩᠬᠤ ᠭᠡᠰᠡᠨ ᠲᠡᠥᠬᠡᠨ ᠰᠤᠷᠪᠤᠯᠵᠢ ᠶᠢᠨ ᠲᠡᠮᠳᠡᠭᠯᠡᠯ ᠬᠠᠪᠰᠤᠷᠭᠠᠭᠠᠳ᠂ ᠮᠤᠩᠭᠤᠯᠴᠤᠳ ᠨᠢ ᠳ᠋ᠦᠩᠬᠤ ᠠᠴᠠ ᠭᠠᠷᠤᠯᠲᠠᠢ ᠬᠡᠴᠢᠬᠡᠬᠡᠳ᠂ ᠮᠤᠩᠭᠤᠯᠴᠤᠳ ᠨᠢ ᠾᠦᠩᠨᠦ ᠲᠠᠢ ᠬᠤᠯᠪᠤᠭ᠎ᠠ ᠦᠬᠡᠢ ᠬᠡᠮᠡᠨ ᠦᠵᠡᠳᠡᠭ ᠰᠤᠳᠤᠯᠤᠭᠠᠴᠢᠳ ᠲᠦᠷᠦᠪᠠ᠂ ᠡᠬᠦᠨ ᠳᠦ ᠯᠢᠨ ᠭᠠᠨ᠂ ᠶᠡᠬᠡᠩᠮᠢᠩᠭᠠᠲᠠᠢ ᠢᠷᠢᠨᠴᠢᠨ ᠢ ᠳᠤᠷᠠᠳᠤᠴᠤ ᠪᠤᠯᠤᠨ᠎ᠠ᠃
ᠡᠨᠡ ᠪᠤᠯ ᠮᠤᠩᠭᠤᠯ ᠬᠡᠯᠡᠲᠠᠢ ᠪᠤᠶᠤ ᠮᠤᠩᠭᠤᠯᠴᠤᠳ ᠢ ᠨᠢᠬᠡᠨ ᠱᠤᠭᠤᠮ ᠢᠶᠠᠷ ᠲᠠᠲᠠᠵᠤ ᠦᠵᠡᠬᠦᠯᠡᠬᠦ ᠶᠢ ᠬᠢᠴᠢᠶᠠᠭᠰᠠᠨ ᠵᠢᠱᠢᠶ᠎ᠡ ᠪᠤᠯᠤᠨ᠎ᠠ᠃
ᠡᠳᠡᠭᠡᠷ ᠰᠤᠳᠤᠯᠤᠭᠠᠴᠢᠳ ᠨᠢ ᠲᠠᠩ ᠤᠯᠤᠰ ᠤᠨ ᠦᠶ᠎ᠡ ᠶᠢᠨ ᠪᠤᠰᠤᠳ ᠲᠡᠥᠬᠡᠨ ᠰᠤᠷᠪᠤᠯᠵᠢ ᠳᠤ ᠲᠡᠮᠳᠡᠭᠯᠡᠭᠳᠡᠭᠰᠡᠨ ᠮᠤᠩᠭᠤᠯ ᠬᠡᠯᠡᠲᠠᠢ ᠪᠤᠶᠤ ᠬᠤᠵᠢᠮ ᠤᠨ ᠮᠤᠩᠭᠤᠯᠴᠤᠳ ᠤᠨ ᠪᠦᠷᠢᠯᠳᠦᠬᠦᠨ ᠣ ᠨᠢᠬᠡ ᠪᠤᠯᠬᠤ ᠤᠢᠷᠠᠳ ᠂ ᠪᠤᠷᠢᠶᠠᠳ᠂ ᠦᠬᠡᠯᠡᠳ᠂ ᠪᠠᠶᠠᠳ ᠵᠡᠷᠭᠡ ᠠᠢᠮᠠᠭ ᠤᠨ ᠲᠤᠬᠠᠢ ᠮᠡᠳᠡᠭᠡ ᠶᠢ ᠬᠦᠨᠳᠡᠯᠡᠨ ᠡᠴᠡ ᠠᠪᠴᠤ ᠦᠵᠡᠭᠰᠡᠨ ᠦᠬᠡᠢ ᠨᠢ ᠬᠠᠷᠠᠮᠰᠠᠯᠲᠠᠢ ᠪᠠᠢᠭᠰᠠᠨ ᠪᠦᠬᠡᠳ ᠭᠠᠭᠴᠠᠬᠠᠨ蒙兀室韦 ︵ᠮᠧᠩ ᠦ᠋ ᠱᠢᠧᠧᠢ︶ᠭᠡᠳᠡᠭ ᠪᠠᠷᠢᠮᠳ᠋ᠨ ᠤᠨ ᠳᠡᠭᠡᠷ᠎ᠠ ᠠᠵᠢᠯᠯᠠᠭᠰᠠᠨ ᠤᠴᠢᠷ ᠠᠴᠠ ᠲᠡᠳᠡᠨ ᠣ ᠦᠵᠡᠯᠳ᠋ᠨ ᠲᠠᠩᠴᠤ ᠢᠲᠡᠭᠡᠬᠦ ᠶᠢᠨ ᠴᠤ ᠠᠷᠭ᠎ᠠ ᠦᠬᠡᠢ ᠦᠵᠡᠯᠳ᠋ᠨ ᠪᠤᠯᠤᠭᠰᠠᠨ ᠪᠠᠢᠯ᠎ᠠ᠃
ᠮᠤᠩᠭᠤᠯᠴᠤᠳ ᠪᠤᠶᠤ ᠮᠤᠩᠭᠤᠯ ᠬᠡᠯᠡᠲᠠᠢ ᠬᠦᠮᠦᠰ ᠦᠨ ᠪᠦᠯᠦᠭᠯᠡᠯ︵ᠤᠲᠤᠭ ᠠᠢᠮᠠᠭ︶᠂ ᠲᠠᠩ ᠤᠯᠤᠰ ᠡᠴᠡ ᠡᠮᠦᠨ᠎ᠠ ᠪᠠᠢᠭᠰᠠᠨ ᠬᠡᠳᠡᠭ ᠢ ᠪᠢᠳ᠋ᠨ ᠪᠠᠲᠤᠲᠠᠢ ᠨᠤᠲᠠᠯᠠᠵᠤ ᠴᠢᠳᠠᠨ᠎ᠠ᠂ ᠵᠢᠱᠢᠶᠡᠯᠡᠪᠡᠯ ᠿᠧᠤ ᠷᠠᠨ ᠤᠯᠤᠰ ᠤᠨ ᠠᠷᠪᠠᠨ ᠨᠢᠬᠡᠨ ᠬᠠᠭᠠᠳ ᠤᠨ ᠴᠤᠯᠨ ᠢ ᠬᠢᠲᠠᠳ ᠦᠰᠦᠭ ᠢᠶᠡᠷ ᠭᠠᠯᠢᠭᠴᠢᠯᠠᠭᠰᠠᠨ ᠲᠠᠭᠤᠳᠠᠯᠭ᠎ᠠ᠂ ᠡᠳᠡᠭᠡᠷ ᠬᠠᠭᠠᠳ ᠤᠨ ᠬᠦᠨᠳᠦᠳᠬᠡᠯ ᠴᠤᠯᠨ ᠤᠨ ᠤᠳᠬ᠎ᠠ ᠶᠢ ᠬᠢᠲᠠᠳ ᠬᠡᠯᠨ ᠢᠶᠡᠷ ᠲᠠᠢᠯᠪᠤᠷᠢᠯᠠᠭᠰᠠᠨ ᠢ ᠰᠡᠷᠬᠦᠭᠡᠨ ᠤᠩᠰᠢᠪᠠᠰᠤ᠂ ᠪᠦᠬᠦᠳᠡᠭᠡᠷ ᠢᠶᠡᠨ ᠮᠤᠩᠭᠤᠯ ᠦᠬᠡ᠂ ᠮᠤᠩᠭᠤᠯ ᠨᠠᠷᠠ ᠪᠠᠢᠭ᠎ᠠ᠃ ᠾᠦᠩᠨᠦᠴᠤᠳ ᠤᠨ ᠬᠠᠭᠠᠳ᠂ ᠢᠵᠠᠭᠤᠷᠲᠠᠳ ᠤᠨ ᠬᠦᠨᠳᠦᠳᠬᠡᠯ ᠴᠤᠯᠨ ᠵᠡᠷᠭᠡ ᠶᠢ ᠠᠪᠴᠤ ᠦᠵᠡᠪᠠᠰᠤ᠂ ᠮᠦᠨ ᠮᠤᠩᠭᠤᠯ ᠦᠬᠡ ᠪᠤᠯᠵᠤ ᠪᠠᠢᠨ᠎ᠠ᠃
ᠰᠡᠬᠦᠯ ᠦᠨ ᠦᠶ᠎ᠡ ᠶᠢᠨ ᠮᠣᠯᠧᠺᠤᠯ ᠤᠨ ᠠᠨᠲᠷᠣᠫᠣᠯᠣᠭᠢ ᠤᠨ ᠰᠤᠳᠤᠯᠭᠠᠨ ᠣ ᠳ᠋ᠦᠩ ᠢᠶᠡᠷ ᠪᠤᠯ᠂ ᠾᠦᠩᠨᠦ᠂ ᠳ᠋ᠦᠩᠬᠤ ᠨᠢ ᠪᠦᠬᠦᠳᠡᠭᠡᠷ ᠢᠶᠡᠨ ᠮᠤᠩᠭᠤᠯᠴᠤᠳ ᠲᠠᠢ ᠰᠠᠯᠤᠰᠢ ᠦᠬᠡᠢ ᠬᠤᠯᠪᠤᠭ᠎ᠠ ᠲᠠᠢ ᠪᠤᠯᠬᠤ ᠶᠢ ᠲᠤᠳᠤᠷᠬᠠᠢᠯᠠᠵᠤ ᠪᠠᠢᠳᠠᠭ᠂ ᠨᠦᠬᠦᠬᠡ ᠲᠠᠯ᠎ᠠ ᠪᠠᠷ ᠮᠤᠩᠭᠤᠯᠴᠤᠳ ᠭᠡᠨ ᠪᠤᠯᠬᠤ ᠲᠤᠬᠠᠢ ᠠᠰᠠᠭᠤᠳᠠᠯ ᠪᠤᠯ ᠰᠤᠳᠤᠯᠤᠭᠠᠴᠢᠳ ᠤᠨ ᠨᠠᠷᠢᠨ ᠲᠤᠩᠭᠠᠵᠤ ᠪᠤᠳᠤᠬᠤ ᠵᠦᠢᠯ ᠪᠦᠭᠡᠳ ᠮᠤᠩᠭᠤᠯ ᠭᠡᠳᠡᠭ ᠨᠡᠷ᠎ᠠ ᠶᠢ ᠬᠡᠨ ᠨᠢᠬᠡᠨ ᠳᠦ ᠤᠨᠤᠭᠳᠠᠭᠤᠯᠬᠤ᠂ ᠦᠮᠴᠢᠯᠡᠬᠦᠯᠬᠦ ᠪᠠᠷ ᠠᠰᠠᠭᠤᠳᠠᠯ ᠡᠴᠦᠰᠯᠠᠨ ᠰᠢᠢᠳᠦᠭᠳᠦᠬᠦ ᠦᠬᠡᠢ ᠭᠡᠳᠡᠭ ᠢ ᠮᠡᠳᠡᠬᠦ ᠬᠡᠷᠡᠭᠲᠡᠢ᠃ ᠮᠤᠩᠭᠤᠯ ᠭᠡᠳᠡᠭ ᠨᠢ ᠨᠢᠬᠡᠨ ᠨᠡᠷ᠎ᠠ ᠲᠡᠳᠦᠢ ᠪᠢᠰᠢ᠂ ᠪᠠᠷᠠᠭᠤᠨᠰᠢ ᠪᠠᠨ ᠠᠯᠲᠠᠢ ᠳᠠᠪᠠᠭᠤᠯᠤᠨ ᠨᠡᠷᠨ ᠵᠢᠷᠭᠠᠬᠤ ᠶᠢ ᠬᠠᠷᠠᠭᠰᠠᠨ᠂ ᠤᠷᠤᠭᠰᠢ ᠪᠠᠨ ᠴᠠᠭᠠᠨ ᠬᠡᠷᠡᠮ ᠬᠦᠷᠲᠡᠯ᠎ᠠ ᠬᠦᠯ ᠢᠶᠡᠨ ᠵᠢᠢᠢᠭᠰᠡᠨ᠂ ᠤᠷᠭᠤᠬᠤ ᠵᠦᠭ ᠤᠨ ᠳᠠᠯᠠᠢ ᠶᠢᠨ ᠳᠠᠪᠠᠯᠭᠠᠨ ᠠᠴᠠ ᠨᠠᠷᠨ ᠰᠤᠭᠤᠷᠠᠬᠤ ᠶᠢ ᠭᠠᠢᠬᠠᠭᠰᠠᠨ᠂ ᠬᠤᠢᠮᠤᠷ ᠪᠠᠢᠭᠠᠯ ᠢᠶᠠᠨ ᠲᠦᠰᠢᠭᠡᠳ ᠬᠤᠷᠮᠤᠢ ᠪᠠᠨ ᠶᠠᠩᠵᠤᠯᠠᠭᠰᠠᠨ ᠬᠦᠮᠦᠨ ᠠᠷᠠᠳ ᠤᠨ ᠲᠤᠤᠯᠢ ᠪᠠᠢᠵᠤ ᠮᠠᠭᠠᠳ ᠦᠬᠡᠢ ᠠᠵᠠᠢ᠃