-
2144179
︽ᠮᠤᠩᠭᠤᠯ ᠤᠨ ᠨᠢᠭᠤᠴᠠ ᠲᠤᠪᠴᠢᠶᠠᠨ︾ ᠨᠡᠷ᠎ᠡ ᠪᠠᠷ ᠨᠡᠷᠡᠶᠢᠳᠦᠭᠰᠡᠨ ᠮᠦᠽᠸᠢ
2019-12-05 20:41
336
0
ᠳᠡᠯᠡᠭᠡᠢ ᠳᠡᠭᠡᠷᠡᠬᠢ ᠴᠤᠷ ᠤᠨ ᠭᠠᠭᠴᠠ ︽ᠮᠤᠩᠭᠤᠯ ᠤᠨ ᠨᠢᠭᠤᠴᠠ ᠲᠤᠪᠴᠢᠶᠠᠨ︾ ᠨᠡᠷ᠎ᠡ ᠪᠠᠷ ᠨᠡᠷᠡᠶᠢᠳᠦᠭᠰᠡᠨ ᠮᠦᠽᠸᠢ
ᠮᠠᠨ ᠤ ᠡᠨᠡ ︽ᠮᠤᠩᠭᠤᠯ ᠤᠨ ᠨᠢᠭᠤᠴᠠ ᠲᠤᠪᠴᠢᠶᠠᠨ ᠮᠦᠽᠸᠢ︾ ᠪᠤᠯ ᠳᠡᠯᠡᠬᠡᠢ ᠲᠡᠭᠡᠷᠡᠬᠢ ᠴᠣᠷ ᠤᠨ ᠭᠠᠭᠴᠠ ᠨᠤᠮ ᠤᠨ ᠨᠠᠷᠠ ᠪᠠᠷ ᠨᠡᠷᠡᠶᠢᠳᠦᠭᠰᠡᠨ᠂ ᠲᠡᠷᠡᠴᠢᠯᠡᠨ ︽ᠮᠤᠩᠭᠤᠯ ᠤᠨ ᠨᠢᠭᠤᠴᠠ ᠲᠤᠪᠴᠢᠶᠠᠨ︾ ᠢᠶᠠᠷ ᠨᠡᠷᠡᠶᠢᠳᠦᠭᠰᠡᠨ ᠮᠦᠽᠸᠢ ᠶᠤᠮ᠃ ︽12 ᠰᠠᠷ᠎ᠠ ᠶᠢᠨ 4 ᠤ ᠦᠳᠡ ᠶᠢᠨ ᠡᠮᠦᠨ᠎ᠠ᠂ ᠤᠳᠤᠭ ᠬᠤᠰᠢᠭᠤᠨ ᠤ ᠤᠯᠠᠭᠠᠨᠪᠠᠯᠭᠠᠰᠤ ᠳᠠᠬᠢ ︽ᠮᠤᠩᠭᠤᠯ ᠤᠨ ᠨᠢᠭᠤᠴᠠ ᠲᠤᠪᠴᠢᠶᠠᠨ ᠮᠦᠽᠸᠢ︾ ᠶᠢᠨ ᠲᠠᠳ᠋ ᠲᠠᠷᠤᠭ᠎ᠠ ᠤᠳᠬᠤᠨᠳᠠᠯᠠᠢ ᠪᠢᠳᠠᠨ ᠤ ᠰᠤᠷᠪᠤᠯᠵᠢᠯᠠᠭ᠎ᠠ ᠶᠢ ᠬᠦᠯᠢᠶᠠᠨ ᠠᠪᠬᠤ ᠳᠠᠭᠠᠨ ᠤᠮᠤᠭ ᠪᠠᠭ᠋ᠠᠳᠤᠯ ᠲᠠᠢ ᠲᠠᠨᠢᠯᠴᠠᠭᠤᠯᠤᠯ᠎ᠠ᠃
ᠲᠤᠰ ᠮᠦᠽᠸᠢ ᠶᠢ ᠶᠠᠭᠠᠬᠢᠭᠠᠳ ᠤᠳᠤᠭ ᠬᠤᠰᠢᠭᠤᠨ ᠳᠤ ᠪᠠᠶᠢᠭᠤᠯᠤᠭᠰᠠᠨ ᠪᠤᠶᠤ ᠶᠠᠭᠠᠬᠢᠭᠠᠳ ᠤᠳᠤᠭ ᠬᠤᠰᠢᠭᠤ ᠲᠤᠰ ᠮᠦᠽᠸᠢ ᠶᠢ ᠪᠠᠶᠢᠭᠤᠯᠤᠭᠰᠠᠨ ᠤ ᠤᠴᠢᠷ ᠰᠢᠯᠳᠠᠭᠠᠨ ᠤ ᠲᠤᠬᠠᠢ ᠤᠳᠬᠤᠨᠳᠠᠯᠠᠢ ᠪᠢᠳᠠᠨ ᠳᠤ 3 ᠲᠠᠯ᠎ᠠ ᠪᠠᠷ ᠲᠠᠶᠢᠯᠪᠤᠷᠢᠯᠠᠭᠰᠠᠨ ᠶᠤᠮ᠄ ᠨᠢᠭᠡ ᠳᠤ᠂ ᠴᠢᠩᠭᠢᠰ ᠬᠠᠭᠠᠨ ᠪᠠᠷᠠᠭᠤᠨᠰᠢ ᠲᠠᠩᠭᠤᠳ ᠢ ᠲᠠᠶᠢᠯᠠᠬᠤ ᠳᠠᠭᠠᠨ ᠤᠳᠤ ᠶᠢᠨ ᠤᠳᠤᠭ ᠬᠤᠰᠢᠭᠤᠨ ᠤ ᠭᠠᠵᠠᠷ ᠨᠤᠳᠤᠭ ᠢᠶᠠᠷ ᠦᠡᠭᠭᠡᠷᠡᠭᠰᠡᠨ ᠪᠠᠶᠢᠳᠠᠭ ᠢ ︽ᠮᠤᠩᠭᠤᠯ ᠤᠨ ᠨᠢᠭᠤᠴᠠ ᠲᠤᠪᠴᠢᠶᠠᠨ︾᠂ ︽ᠮᠤᠩᠭᠤᠯ ᠤᠨ ᠲᠡᠦᠭᠡᠨ ᠲᠡᠮᠳᠡᠭᠯᠡᠯ︾ ᠵᠡᠷᠭᠡ ᠰᠤᠷᠪᠤᠯᠵᠢ ᠪᠢᠴᠢᠭ ᠤᠳ ᠲᠤ ᠲᠡᠮᠳᠡᠭᠯᠡᠵᠤ ᠪᠠᠶᠢᠳᠠᠭ᠃ ᠬᠤᠶᠠᠷ ᠲᠤ᠂ ᠤᠳᠤᠭ ᠬᠤᠰᠢᠭᠤᠨ ᠤ ᠬᠡᠰᠢᠭᠪᠡᠳᠤ ᠬᠡᠭᠴᠢ ᠬᠦᠮᠦᠨ 1940 ᠤᠨ ᠳᠤ ︽ᠮᠤᠩᠭᠤᠯ ᠤᠨ ᠨᠢᠭᠤᠴᠠ ᠲᠤᠪᠴᠢᠶᠠᠨ︾ ᠢ ᠬᠠᠮᠤᠭ ᠤᠨ ᠠᠩᠬ᠎ᠠ ᠮᠤᠩᠭᠤᠯ ᠪᠢᠴᠢᠭ ᠤᠨ ᠬᠤᠷᠭᠤᠯᠵᠢᠠ ᠪᠠᠷ ᠢᠶᠠᠷ ᠨᠤᠮ ᠪᠤᠯᠭᠠᠨ ᠬᠡᠪᠯᠡᠬᠦᠯᠦᠭᠰᠡᠨ᠃ ᠭᠤᠷᠪᠠ ᠳᠤ᠂ 2010 ᠤᠨ ᠤ ᠱᠠᠩᠬᠠᠢ ᠶᠢᠨ ᠳᠡᠯᠡᠬᠡᠢ ᠶᠢᠨ ᠦᠵᠡᠰᠭᠦᠯᠡᠩ ᠳᠤ ᠮᠠᠨ ᠤ ᠦᠪᠦᠷ ᠮᠤᠩᠭᠤᠯ ᠤᠨ ᠦᠪᠡᠷᠲᠡᠬᠡᠨ ᠵᠠᠰᠠᠬᠤ ᠣᠷᠣᠨ ᠠᠴᠠ ᠪᠡᠯᠡᠭᠯᠡᠭᠰᠡᠨ ᠴᠣᠷ ᠤᠨ ᠭᠠᠭᠴᠠ ᠨᠠᠨᠳᠢᠨ ᠪᠡᠯᠡᠭ ᠲᠤ ᠨᠠᠷᠠᠳᠤ ᠮᠤᠩᠭᠤᠯ ᠤᠷᠠᠨ ᠪᠢᠴᠢᠯᠭᠡᠳᠡᠨ᠂ ᠮᠦᠨ ᠴᠤ ᠲᠤᠰ ᠮᠦᠽᠧᠢ ᠶᠢ ᠡᠭᠦᠰᠭᠡᠨ ᠪᠠᠶᠢᠭᠤᠯᠤᠭᠴᠢ᠂ ᠤᠳᠤᠭ ᠬᠤᠰᠢᠭᠤᠨ ᠤ ᠪᠤᠤ ᠶᠢᠨ ᠱᠠᠨ ᠤ ︽ᠮᠤᠩᠭᠤᠯ ᠤᠨ ᠨᠢᠭᠤᠴᠠ ᠲᠤᠪᠴᠢᠶᠠᠨ︾ ᠢ ᠬᠠᠭᠤᠯᠤᠨ ᠪᠢᠴᠢᠭᠰᠡᠨ ᠤᠷᠠᠨ ᠪᠢᠴᠢᠯᠭᠡ ᠶᠢᠨ ᠡᠪᠭᠡᠮᠡᠯ ᠰᠤᠩᠭᠤᠭᠳᠠᠭᠰᠠᠨ ᠪᠠᠶᠢᠳᠠᠭ ᠬᠡᠪᠡ᠃
ᠲᠣᠰ ᠮᠦᠽᠧᠢ ᠨᠢ 2 ᠵᠢᠯ ᠤᠨ ᠲᠤᠷᠰᠢᠨ ᠠᠵᠢᠯᠯᠠᠬᠤ ᠪᠠᠷ ᠲᠠᠮᠵᠢᠭᠠᠳ ᠡᠨᠡ ᠵᠢᠯ ᠤᠨ 7 ᠰᠠᠷ᠎ᠠ ᠳᠤ ᠠᠯᠪᠠᠨ ᠶᠤᠰᠤᠭᠠᠷ ᠨᠡᠭᠡᠭᠡᠯᠳᠡ ᠪᠠᠨ ᠬᠢᠵᠠᠢ᠃ ᠲᠡᠯᠭᠡᠨ ᠦᠵᠡᠬᠦᠯᠭᠡ ᠶᠢᠨ ᠲᠠᠯᠠᠪᠠᠢ ᠨᠢ 2840 ᠲᠡᠭᠰᠢ ᠲᠦᠷᠪᠡᠯᠵᠢᠨ ᠮᠧᠲᠷ ᠪᠠᠶᠢᠵᠦ᠂ ᠲᠡᠮᠡᠭᠡᠨ ᠶᠠᠰᠤ᠂ ᠦᠬᠡᠷ ᠤᠨ ᠰᠢᠷᠢ᠂ ᠲᠣᠷᠭ᠎ᠠ᠂ ᠮᠦᠩᠭᠦᠨ ᠬᠠᠪᠳᠠᠰᠤ᠂ ᠤᠯᠠᠭᠠᠨ ᠽᠠᠨᠳᠠᠨ ᠮᠤᠳᠤ᠂ ᠭᠠᠨᠳᠢᠭ ᠴᠢᠯᠠᠭᠤ᠂ ᠱᠠᠭᠠᠵᠠᠩ ᠪᠠᠭᠠᠨ᠎ᠠ ᠪᠠ ᠤᠷᠠᠨ ᠵᠢᠷᠤᠭ ᠭᠡᠬᠦ ᠮᠡᠲᠦ ᠶᠢᠨ 12 ᠵᠦᠢᠯ ᠤᠨ ᠮᠠᠲ᠋ᠧᠷᠢᠶᠠᠯ ᠪᠤᠶᠤ ᠢᠯᠡᠳᠭᠡᠬᠦ ᠠᠷᠭ᠎ᠠ ᠪᠠᠷ ᠪᠢᠴᠢᠵᠦ ᠰᠠᠶᠢᠯᠵᠦ ᠬᠠᠳᠬᠤᠮᠠᠯᠯᠠᠵᠦ ᠵᠢᠷᠤᠵᠤ ᠭᠠᠷᠭᠠᠭᠰᠠᠨ ︽ᠮᠤᠩᠭᠤᠯ ᠤᠨ ᠨᠢᠭᠤᠴᠠ ᠲᠤᠪᠴᠢᠶᠠᠨ︾ ᠵᠢᠴᠢ ︽ᠮᠤᠩᠭᠤᠯ ᠤᠨ ᠨᠢᠭᠤᠴᠠ ᠲᠤᠪᠴᠢᠶᠠᠨ︾ ᠤ ᠣᠯᠠᠨ ᠵᠦᠢᠯ ᠤᠨ ᠪᠠᠷ ᠬᠡᠪᠯᠡᠯ ᠪᠠ ᠮᠤᠩᠭᠤᠯ ᠬᠡᠯᠡ ᠲᠡᠥᠬᠡ ᠰᠣᠶᠣᠯ ᠲᠠᠢ ᠬᠤᠯᠪᠤᠭᠳᠠᠬᠤ ᠰᠣᠳᠣᠯᠭᠠᠨ ᠤ ᠨᠤᠮ᠂ ᠴᠢᠬᠤᠯᠠ ᠲᠡᠥᠬᠡ ᠶᠢᠨ ᠳᠣᠷᠠᠰᠬᠠᠯᠲᠤ ᠵᠦᠢᠯᠡᠰ ᠢ ᠨᠠᠶᠢᠳᠠ 2000 ᠭᠠᠷᠤᠢ ᠲᠡᠯᠭᠡᠨ ᠦᠵᠡᠬᠦᠯᠵᠦ ᠪᠠᠶᠢᠨ᠎ᠠ᠃ ᠵᠣᠬᠢᠶᠠᠭᠴᠢ᠄ ᠬᠡᠰᠢᠭᠪᠡᠶᠠᠷ ᠴᠠᠩ ᠶᠠᠨ ᠵᠢᠶᠦ᠋ᠨ ᠠᠯᠤᠰ ᠭᠦᠨᠪᠢᠯᠢᠭ ᠪᠣᠣ ᠦᠷᠭᠡᠨ ᠳᠡᠯᠭᠡᠷᠭᠦᠦ ᠰᠡᠴᠡᠨᠪᠢᠯᠢᠭ ᠬᠤᠣᠰᠪᠢᠯᠢᠭ᠌