 

19 ᠺᠢᠯᠥᠮᠧᠲᠷ ᠤᠨ ᠰᠠᠬᠢᠨ ᠬᠠᠮᠠᠭᠠᠯᠠᠭᠴᠢ

2019-11-13 14:48
  210
  0


   11 ᠰᠠᠷ᠎ᠠ ᠶᠢᠨ 12 ᠤᠨ ᠡᠳᠤᠷ ᠤᠨ ᠦᠳᠡ ᠶᠢᠨ ᠡᠮᠦᠨ᠎ᠠ᠂ ᠪᠤᠭᠤᠲᠤ ᠬᠤᠳᠠ ᠶᠢᠨ ᠬᠠᠳᠤᠨ ᠭᠤᠤᠯ ᠤᠨ ᠵᠢᠤᠶᠤᠸᠠᠨ ᠲᠤᠭᠤᠷᠢᠭ ᠤᠨ ᠬᠡᠰᠡᠭ ᠤᠨ ᠰᠠᠨ ᠴᠠ ᠺᠧᠦ ᠪᠠᠶᠢᠭᠠᠯᠢᠯᠢᠭ ᠲᠤᠰᠬᠤᠨ ᠤ ᠲᠡᠷᠭᠡᠳᠡ ᠲᠤᠰ ᠲᠤᠭᠤᠷᠢᠭ ᠤᠨ ᠯᠠᠨ ᠬᠦᠢ ᠬᠠᠯᠢᠶ᠎ᠠ ᠶᠢ ᠰᠡᠷᠭᠡᠶᠢᠯᠡᠬᠦ ᠦᠶᠡᠷ ᠢ ᠰᠡᠷᠭᠡᠶᠢᠯᠡᠬᠦ ᠵᠢᠯᠤᠭᠤᠤᠡᠬᠤ ᠭᠠᠵᠠᠷ ᠤᠨ ᠲᠠᠷᠤᠭ᠎ᠠ ᠳ᠋ᠤᠸᠠᠨ ᠡᠦ ᠴᠧᠩ ᠪᠤᠰᠤᠳ 6 ᠨᠦᠬᠦᠳ ᠲᠠᠢ ᠪᠠᠨ ᠬᠠᠮᠳᠤ ᠬᠠᠳᠤᠨ ᠭᠤᠤᠯ ᠤᠨ ᠬᠠᠰᠢᠯᠭ᠎ᠠ ᠶᠢᠨ ᠠᠶᠤᠯ ᠭᠠᠷᠬᠤ ᠪᠤᠯᠤᠮᠵᠢᠳᠠᠢ ᠬᠡᠰᠡᠭ ᠢ ᠨᠦᠬᠦᠨ ᠶᠠᠭᠠᠷᠠᠯᠳᠤᠵᠦ ᠪᠠᠶᠢᠯ᠎ᠠ᠃ ᠬᠦᠢᠳᠡᠨ ᠤᠷᠤᠰᠬᠠᠯ ᠤᠨ ᠨᠦᠯᠦᠭᠡ ᠪᠠᠷ ᠰᠠᠯᠬᠢᠨ ᠤ ᠡᠷᠴᠢ ᠴᠢᠩᠭ᠎ᠠ ᠪᠠᠶᠢᠬᠰᠠᠨ ᠴᠦ ᠡᠳᠡᠭᠡᠷ ᠬᠠᠳᠤᠨ ᠭᠤᠤᠯ ᠤᠨ ᠬᠠᠰᠢᠯᠭ᠎ᠠ ᠪᠠᠷᠢᠯᠭ᠎ᠠ ᠶᠢ ᠰᠠᠬᠢᠨ ᠬᠠᠮᠠᠭᠠᠯᠠᠬᠴᠢᠳ ᠬᠦᠢᠳᠡᠨ ᠢ ᠬᠠᠶᠢᠬᠤᠷᠤᠯ ᠦᠭᠡᠢ ᠤᠭᠤᠳᠠ ᠲᠠᠢ ᠰᠢᠷᠤᠢ᠂ ᠴᠢᠯᠠᠭᠤ᠂ ᠲᠡᠮᠦᠷ ᠲᠤᠤᠷ ᠵᠡᠷᠭᠡ ᠪᠠᠷ ᠭᠤᠤᠯ ᠤᠨ ᠭᠤᠯᠳᠤᠷᠢᠯ ᠤᠨ ᠠᠶᠤᠯᠳᠠᠢ ᠬᠡᠰᠡᠭ ᠢ ᠨᠦᠭᠦᠨ᠂ ᠬᠠᠳᠤᠨ ᠭᠤᠤᠯ ᠤᠨ ᠤᠰᠤ ᠬᠠᠰᠢᠯᠭ᠎ᠠ ᠤᠷᠤᠭᠤ ᠨᠦᠷᠢᠨ ᠢᠷᠡᠬᠦ ᠠᠴᠠ ᠰᠡᠷᠭᠡᠶᠢᠯᠡᠵᠦ ᠪᠠᠶᠢᠯ᠎ᠠ᠃
   51 ᠨᠠᠰᠤᠳᠠᠢ ᠳ᠋ᠤᠸᠠᠨ ᠡᠦ ᠴᠧᠩ 2018 ᠤᠨ ᠤ 3 ᠰᠠᠷ᠎ᠠ ᠳᠤ ᠵᠢᠤᠶᠤᠸᠠᠨ ᠲᠤᠭᠤᠷᠢᠭ ᠤᠨ ᠯᠠᠨ ᠬᠦᠢ ᠬᠠᠯᠢᠶ᠎ᠠ ᠶᠢ ᠰᠡᠷᠭᠡᠶᠢᠯᠡᠬᠦ ᠦᠶᠡᠷ ᠢ ᠰᠡᠷᠭᠡᠶᠢᠯᠡᠬᠦ ᠵᠢᠯᠤᠭᠤᠤᠡᠬᠤ ᠭᠠᠵᠠᠷ ᠤᠨ ᠲᠠᠷᠤᠭ᠎ᠠ ᠪᠠᠷ ᠲᠤᠮᠢᠯᠠᠬᠳᠠᠨ᠂ ᠬᠠᠳᠤᠨ ᠭᠤᠤᠯ ᠤᠨ ᠵᠢᠤᠶᠤᠸᠠᠨ ᠲᠤᠭᠤᠷᠢᠭ ᠤᠨ ᠬᠡᠰᠡᠭ ᠤᠨ ᠨᠡᠶᠢᠳᠡ 19 ᠺᠢᠯᠤᠮᠧᠳ᠋ᠷ ᠤᠨ ᠨᠢᠭᠡ ᠭᠡᠰᠡᠭ ᠭᠤᠤᠯ ᠤᠨ ᠬᠠᠰᠢᠯᠭ᠎ᠠ ᠶᠢ ᠰᠠᠬᠢᠨ ᠬᠠᠮᠠᠭᠠᠯᠠᠬᠴᠢ ᠪᠤᠯᠪᠠ᠃
   ᠦᠩᠬᠡᠷᠡᠭᠰᠡᠨ ᠳᠤ ᠠᠵᠢᠯ ᠤᠨ ᠬᠠᠷᠠᠭ᠎ᠠ ᠪᠠᠷ ᠬᠠᠳᠤᠨ ᠭᠤᠤᠯ ᠲᠠᠢ ᠬᠡᠳᠦ᠋ᠢᠪᠡᠷ ᠬᠤᠷᠢᠭᠠᠳ ᠵᠢᠯ ᠨᠤᠴᠤᠯᠳᠤᠵᠦ ᠦᠩᠬᠡᠷᠡᠭᠰᠡᠨ ᠪᠤᠯᠪᠠᠴᠦ᠂ ᠬᠠᠳᠤᠨ ᠭᠤᠤᠯ ᠤᠨ ᠦᠶᠡᠷ ᠢ ᠰᠡᠷᠭᠡᠶᠢᠯᠡᠬᠦ ᠡᠮᠦᠨ᠎ᠠ ᠹᠷᠤᠨᠲ ᠤᠨ ᠠᠵᠢᠯ ᠢ ᠰᠢᠭᠤᠳ ᠬᠠᠷᠢᠭᠤᠴᠠᠭᠰᠠᠨ ᠨᠢ ᠠᠩᠬ᠎ᠠ ᠤᠳᠠᠭ᠎ᠠ ᠪᠠᠶᠢᠯ᠎ᠠ᠃ ︽ᠨᠢᠳᠤᠨᠤᠨ ᠵᠤᠨ ᠨᠠᠮᠤᠷ ᠤᠨ ᠦᠶᠡᠷ ᠤᠨ ᠬᠤᠭᠤᠴᠠᠭᠠᠨ ᠳᠤ ᠮᠠᠨ ᠤ ᠲᠤᠯᠤᠭᠤᠯᠠ 100 ᠭᠠᠷᠤᠢ ᠡᠳᠦᠷ ᠪᠠᠶᠢᠭᠤᠯᠭ᠎ᠠ ᠳᠠᠭᠠᠨ ᠬᠤᠨᠤᠪᠠ᠂ ᠡᠨᠡ ᠵᠤᠨ ᠨᠠᠮᠤᠷ ᠤᠨ ᠦᠶᠡᠷ ᠤᠨ ᠬᠤᠭᠤᠴᠠᠭᠠᠨ ᠳᠤ ᠬᠠᠷᠢᠨ ᠭᠠᠶᠢᠭᠤᠢ᠂ ᠬᠡᠳᠦ᠋ᠢᠪᠡᠷ ᠨᠢᠭᠡ ᠤᠳᠠᠭ᠎ᠠ ᠬᠠᠮᠤᠭ ᠤᠨ ᠦᠨᠳᠤᠷ ᠤᠷᠤᠰᠬᠠᠯ ᠤᠨ ᠬᠡᠮᠵᠢᠶ᠎ᠠ 2800m3/s ᠳᠤ ᠬᠦᠷᠴᠦ ᠦᠩᠬᠡᠷᠡᠭᠰᠡᠨ ᠪᠤᠯᠪᠠᠴᠦ᠂ ᠨᠢᠳᠤᠨᠤᠨ ᠤ ᠦᠷᠬᠦᠯᠵᠢᠯᠡᠭᠰᠡᠨ ᠦᠶᠠᠷ ᠤᠨ ᠲᠦᠯᠬᠢᠯᠡᠯ ᠠᠴᠠ ᠭᠤᠤᠯ ᠤᠨ ᠬᠤᠪᠢᠯ ᠲᠤᠭᠤᠬᠰᠢᠯᠠᠵᠦ᠂ ᠦᠶᠡᠷ ᠤᠨ ᠤᠰᠤ ᠭᠤᠤᠯ ᠤᠨ ᠬᠤᠪᠢᠯ ᠢᠶᠠᠷ ᠲᠤᠭᠤᠯᠬᠤ ᠳᠤ ᠨᠡᠯᠢᠶᠡᠳ ᠢᠯᠭᠤᠮ ᠪᠤᠯᠵᠠᠢ︾ ᠬᠡᠵᠦ ᠳ᠋ᠤᠸᠠᠨ ᠡᠦ ᠴᠧᠩ ᠰᠤᠷᠪᠤᠯᠵᠢᠯᠠᠭᠴᠢ ᠳᠤ ᠶᠠᠷᠢᠯ᠎ᠠ᠃
   2018 ᠤᠨ ᠤ ᠬᠠᠳᠤᠨ ᠭᠤᠤᠯ ᠤᠨ ᠵᠤᠨ ᠨᠠᠮᠤᠷ ᠤᠨ ᠦᠶᠡᠷ ᠤᠨ ᠬᠤᠭᠤᠴᠠᠭᠠᠨ ᠳᠤ᠂ ᠬᠠᠳᠤᠨ ᠭᠤᠤᠯ ᠤᠨ ᠪᠤᠭᠤᠲᠤ ᠶᠢᠨ ᠬᠡᠰᠡᠭ ᠤᠨ ᠬᠠᠮᠤᠭ ᠤᠨ ᠦᠨᠳᠤᠷ ᠤᠷᠤᠰᠬᠠᠯ ᠤᠨ ᠬᠡᠮᠵᠢᠶ᠎ᠠ 3140m3/s ᠳᠤ ᠬᠦᠷᠴᠦ᠂ ᠤᠢᠢᠷ᠎ᠠ ᠶᠢᠨ 35 ᠵᠢᠯ ᠤᠨ ᠬᠠᠮᠤᠭ ᠤᠨ ᠦᠨᠳᠤᠷ ᠤᠷᠤᠰᠬᠠᠯ ᠤᠨ ᠬᠡᠮᠵᠢᠶ᠎ᠠ ᠪᠤᠯᠵᠡᠢ᠃ ᠲᠡᠷᠡᠴᠢᠯᠡᠨ 2000m3/s ᠠᠴᠠ ᠲᠡᠭᠡᠭᠰᠢᠬᠢ ᠤᠷᠤᠰᠬᠠᠯ ᠤᠨ ᠬᠡᠮᠵᠢᠶ᠎ᠠ 84 ᠡᠳᠦᠷ ᠦᠷᠬᠦᠯᠵᠢᠯᠡᠵᠦ᠂ ᠬᠠᠳᠤᠨ ᠭᠤᠤᠯ ᠤᠨ ᠪᠤᠭᠤᠲᠤ ᠶᠢᠨ ᠬᠡᠰᠡᠭ ᠤᠨ ᠬᠠᠰᠢᠯᠭ᠎ᠠ ᠬᠠᠮᠠᠭᠠᠯᠠᠯᠳᠠ ᠳᠤ ᠨᠢᠭᠡ ᠤᠳᠠᠭᠠᠨ ᠤ ᠬᠦᠴᠦᠳᠠᠢ ᠰᠢᠯᠭᠠᠯᠳᠠ ᠳᠤ ᠳᠤᠯᠭᠠᠷᠠᠵᠠᠢ᠃ ᠵᠤᠷᠰᠢᠯ ᠶᠤᠰᠤᠭᠠᠷ 6 ᠰᠠᠷ᠎ᠠ ᠶᠢᠨ 1 ᠤ ᠡᠳᠦᠷ ᠦᠶᠡᠷ ᠤᠨ ᠬᠤᠭᠤᠴᠠᠭ᠎ᠠ ᠡᠬᠢᠯᠡᠭᠰᠡᠨ ᠠᠴᠠ ᠠᠪᠤᠭᠠᠳ ᠳ᠋ᠤᠸᠠᠨ ᠡᠦ ᠴᠧᠩ ᠪᠤᠰᠤᠳ ᠨᠦᠬᠦᠳ ᠲᠠᠢ ᠪᠠᠨ ᠬᠠᠮᠳᠤ ᠵᠢᠷᠦᠭᠡ ᠪᠠᠨ ᠭᠠᠷ ᠲᠠᠭᠠᠨ ᠪᠠᠷᠢᠨ᠂ 100 ᠭᠠᠷᠤᠢ ᠡᠳᠦᠷ ᠬᠤᠨᠤᠭ ᠦᠶᠠᠷ ᠤᠰᠤ᠂ ᠰᠢᠪᠡᠷ ᠱᠠᠯᠴᠢᠭ ᠲᠠᠢ ᠨᠤᠴᠤᠯᠳᠤᠵᠦ ᠶᠠᠪᠤᠯ᠎ᠠ᠃ ᠭᠤᠤᠯ ᠤᠨ ᠤᠰᠤ ᠬᠠᠮᠢᠭ᠎ᠠ ᠳᠡᠭᠡᠭᠰᠢᠯᠡᠨ ᠬᠠᠰᠢᠯᠭ᠎ᠠ ᠤᠷᠤᠭᠤ ᠯᠡᠪᠡᠷᠡᠬᠦ ᠠᠶᠤᠯ ᠲᠠᠢ ᠪᠤᠯ ᠲᠡᠨᠳᠡ ᠲᠡᠳᠡᠨᠤᠰ ᠤᠨ ᠪᠠᠷ᠎ᠠ ᠬᠠᠷᠠᠭᠳᠠᠳᠠᠭ᠃ ᠡᠳᠤᠷ ᠰᠦᠨᠢ ᠬᠤᠷᠢᠨ ᠲᠦᠷᠪᠡᠨ ᠴᠠᠭ ᠢᠯᠭᠠᠯ ᠦᠭᠡᠢ ᠬᠤᠪᠢᠳᠠᠨ ᠬᠠᠮᠢᠶᠠᠷᠴᠦ ᠪᠦᠬᠦᠢ 19 ᠺᠢᠯᠥᠮᠧᠲᠷ ᠤᠨ ᠬᠠᠳᠤᠨ ᠭᠤᠤᠯ ᠤᠨ ᠬᠡᠰᠡᠭ ᠢᠶᠠᠨ ᠰᠡᠷᠭᠡᠢ ᠴᠠᠬᠳᠠᠵᠦ᠂ ᠶᠡᠭᠡ ᠪᠤᠷᠤᠭᠠᠨ ᠤᠷᠤᠵᠦ ᠭᠤᠤᠯ ᠤᠨ ᠤᠰᠤ ᠲᠡᠭᠡᠭᠰᠢᠯᠡᠬᠦ ᠪᠠᠷ ᠲᠤᠩ ᠴᠤ ᠬᠢᠨᠠᠮᠠᠭᠠᠢ ᠪᠠᠷ ᠠᠵᠢᠯ ᠬᠢᠳᠠᠯ ᠢᠶᠠᠨ ᠠᠮᠵᠢᠭᠤᠯᠵᠦ ᠪᠠᠶᠢᠪᠠ᠃ ᠢᠩᠬᠢᠭᠡᠳ ᠬᠡᠳᠤ ᠤᠳᠠᠭ᠎ᠠ ᠶᠢᠨ ᠶᠡᠭᠡ ᠲᠦᠭᠰᠢᠭᠦᠷᠢ ᠶᠢ ᠴᠢᠳᠠᠮᠠᠭᠠᠢ ᠰᠢᠢᠳᠪᠦᠷᠢᠯᠡᠵᠦ᠂ ᠭᠤᠤᠯ ᠤᠨ ᠬᠠᠰᠢᠯᠭ᠎ᠠ ᠶᠢᠨ ᠠᠶᠤᠯ ᠭᠠᠷᠬᠤ ᠪᠤᠯᠤᠮᠵᠢᠳᠠᠢ ᠬᠡᠰᠡᠭ ᠢ ᠴᠠᠭ ᠲᠤᠬᠠᠢ ᠳᠤᠨᠢ ᠨᠦᠬᠦᠵᠦ᠂ ᠡᠨᠡ ᠬᠡᠰᠡᠭ ᠤᠨ ᠬᠠᠳᠤᠨ ᠭᠤᠤᠯ ᠤᠨ ᠬᠠᠰᠢᠯᠭ᠎ᠠ ᠶᠢ ᠪᠠᠳᠤ ᠪᠠᠬᠢ ᠬᠠᠮᠠᠭᠠᠯᠠᠨ᠂ ᠤᠢᠢᠷ᠎ᠠ ᠤᠷᠴᠢᠮ ᠤᠨ ᠭᠠᠴᠠᠭ᠎ᠠ ᠲᠤᠰᠬᠤᠨ ᠤ ᠠᠷᠠᠳ ᠢᠷᠭᠡᠳ ᠤᠨ ᠠᠮᠢ ᠨᠠᠰᠦ᠂ ᠡᠳ᠋ ᠬᠤᠬᠰᠢᠯ ᠤᠨ ᠠᠮᠤᠷ ᠲᠦᠪᠰᠢᠨ ᠢ ᠰᠠᠬᠢᠨ ᠬᠠᠮᠠᠭᠠᠯᠠᠪᠠ᠃ ︽ᠶᠡᠷᠦᠳᠠ ᠶᠢᠨ ᠪᠠᠶᠢᠳᠠᠯ ᠳᠤ ᠬᠠᠳᠤᠨ ᠭᠤᠤᠯ ᠤᠨ ᠪᠤᠭᠤᠲᠤ ᠶᠢᠨ ᠬᠡᠰᠡᠭ ᠤᠨ ᠵᠤᠨ ᠨᠠᠮᠤᠷ ᠤᠨ ᠦᠶᠡᠷ ᠤᠨ ᠬᠤᠭᠤᠴᠠᠭ᠎ᠠ 9 ᠰᠠᠷ᠎ᠠ ᠶᠢᠨ ᠲᠤᠮᠳᠠᠴᠢ ᠪᠠᠷ ᠲᠠᠭᠤᠰᠳᠠᠭ᠂ ᠬᠡᠳᠡᠯ᠎ᠠ ᠨᠢᠳᠤᠨᠤᠨ 10 ᠰᠠᠷ᠎ᠠ ᠶᠢᠨ ᠬᠤᠷᠢᠳ ᠪᠤᠯᠳᠠᠯ᠎ᠠ ᠦᠷᠬᠦᠯᠵᠢᠯᠠᠵᠠᠢ︾ ᠬᠡᠵᠦ ᠳ᠋ᠤᠸᠠᠨ ᠡᠦ ᠴᠧᠩ ᠶᠠᠷᠢᠪᠠ᠃
   2018 ᠤᠨ ᠳᠤ ᠦᠶᠡᠷ ᠢ ᠬᠠᠮᠠᠭᠠᠯᠠᠬᠤ ᠡᠮᠦᠨ᠎ᠠ ᠹᠷᠤᠨᠲ ᠤᠨ ᠵᠢᠯᠤᠭᠤᠳᠬᠤ ᠭᠠᠵᠠᠷ ᠤᠨ ᠲᠠᠷᠤᠭ᠎ᠠ ᠪᠠᠷ ᠲᠤᠮᠢᠯᠠᠬᠳᠠᠭᠰᠠᠨ ᠠᠴᠠ ᠨᠠᠭᠠᠰᠢ ᠳ᠋ᠤᠸᠠᠨ ᠡᠦ ᠴᠧᠩ ᠨᠢᠭᠡ ᠵᠢᠯ ᠦᠪᠡᠷ ᠤᠨ ᠲᠡᠷᠭᠡ ᠪᠠᠨ ᠠᠵᠢᠯ ᠤᠨ ᠤᠨᠤᠭ᠎ᠠ ᠪᠤᠯᠭᠠᠵᠦ᠂ 3 ᠰᠠᠷ᠎ᠠ ᠠᠴᠠ 10 ᠰᠠᠷ᠎ᠠ ᠶᠢᠨ ᠬᠤᠷᠢᠳ ᠢᠶᠠᠷ ᠦᠶᠡᠷ ᠤᠨ ᠬᠤᠭᠤᠴᠠᠭ᠎ᠠ ᠲᠠᠭᠤᠰᠬᠤ ᠪᠤᠯᠳᠠᠯ᠎ᠠ᠂ ᠲᠡᠭᠦᠨ ᠤ ᠲᠡᠷᠭᠡ ᠨᠢ 3 ᠲᠦᠮᠡ ᠭᠠᠷᠤᠢ ᠺᠢᠯᠤᠮᠧᠳ᠋ᠷ ᠠᠶᠠᠯᠠᠴᠢᠬᠠᠭᠰᠠᠨ ᠪᠠᠶᠢᠯ᠎ᠠ᠃ ᠰᠤᠷᠪᠤᠯᠵᠢᠯᠠᠬᠴᠢ ᠶᠢᠨ ︽100 ᠭᠠᠷᠤᠢ ᠬᠤᠨᠤᠭ ᠲᠤ ᠲᠤᠭᠠᠳᠠᠢ ᠬᠤᠶᠠᠷ ᠡᠳᠦᠷ ᠭᠡᠷ ᠤᠨ ᠪᠠᠷ᠎ᠠ ᠬᠠᠷᠠᠭᠠᠳ ᠡᠬᠡᠨᠠᠷ ᠬᠡᠤᠬᠡᠳ ᠴᠢᠨᠢ ᠰᠠᠨᠠᠯ ᠦᠭᠡᠢ ᠤᠤ︾ ᠬᠡᠬᠦ ᠠᠰᠠᠭᠤᠯᠳᠠ ᠳᠤ ᠳ᠋ᠤᠸᠠᠨ ᠡᠦ ᠴᠧᠩ᠄ ︽ᠰᠠᠨᠠᠯ ᠦᠭᠡᠢ ᠬᠡᠪᠡᠯ ᠬᠤᠳᠠᠯ᠂ ᠬᠡᠪᠡᠴᠦ ᠪᠢᠳᠠᠨ ᠤ ᠬᠠᠮᠢᠶᠠᠷᠴᠦ ᠪᠠᠶᠢᠭ᠎ᠠ ᠬᠠᠳᠤᠨ ᠭᠤᠤᠯ ᠤᠨ ᠬᠠᠰᠢᠯᠭ᠎ᠠ ᠶᠢᠨ ᠨᠠᠭᠠᠨ᠎ᠠ ᠬᠡᠳᠤᠨ ᠮᠢᠩᠭᠠᠨ ᠬᠦᠮᠦᠨ ᠠᠷᠠᠳ ᠠᠮᠢᠳᠤᠷᠠᠵᠦ ᠪᠠᠶᠢᠨ᠎ᠠ᠂ ᠡᠵᠢ ᠭᠤᠤᠯ ᠤᠨ ᠡᠷᠬᠢ ᠬᠠᠰᠢᠯᠭ᠎ᠠ ᠠᠮᠤᠭᠤᠯᠠᠩ ᠲᠠᠶᠢᠪᠤᠩ ᠪᠠᠶᠢᠬᠤ ᠪᠤᠯ ᠮᠠᠨ ᠤ ᠬᠠᠳᠤᠨ ᠭᠤᠤᠯ ᠤᠨ ᠰᠠᠬᠢᠨ ᠬᠠᠮᠠᠭᠠᠯᠠᠬᠴᠢᠳ ᠤᠨ ᠬᠠᠷᠠᠯᠳᠡ ᠶᠤᠮ︾ ᠬᠡᠵᠦ ᠬᠠᠷᠢᠭᠤᠯᠤᠯ᠎ᠠ᠃ ᠵᠣᠬᠢᠶᠠᠭᠴᠢ᠄  ᠸ᠊ · ᠭᠡᠷᠡᠯᠳᠤ 



  
     
     