 

ᠨᠤᠮ ᠤᠩᠰᠢᠭᠰᠠᠨ ᠲᠡᠮᠳᠡᠭᠯᠡᠯ_ ᠡᠷ᠎ᠡ ᠶᠢᠨ ᠭᠤᠷᠪᠠᠨ ᠨᠠᠭᠠᠳᠤᠮ

2020-01-08 21:39
  395
  0
ᠡᠷ᠎ᠡ ᠶᠢᠨ ᠭᠤᠷᠪᠠᠨ ᠨᠠᠭᠠᠳᠤᠮ
ᠨᠠᠢᠷᠠᠭᠤᠯᠤᠭᠴᠢ᠄ ᠲᠠᠮᠤᠷᠵᠢᠷᠥᠭᠡ᠂ ᠠᠷᠤᠤᠬᠠᠨ
ᠬᠡᠪᠯᠡᠯ ᠤᠨ ᠬᠤᠷᠢᠶ᠎ᠠ᠄ ᠥᠪᠤᠷ ᠮᠤᠩᠭᠤᠯ  ᠤᠨ ᠰᠤᠷᠭᠠᠨ ᠬᠥᠮᠥᠵᠢᠯ ᠤᠨ ᠬᠡᠪᠯᠡᠯ ᠤᠨ ᠬᠤᠷᠢᠶ᠎ᠠ
ᠬᠡᠪᠯᠡᠯ ᠤᠨ ᠳ᠋ᠤᠭᠠᠷ᠄1998 ᠤᠨ ᠤ8 ᠰᠠᠷ᠎ᠠ ᠶᠢᠨ ᠠᠩᠬ᠎ᠠ ᠤᠳᠠᠭ᠎ᠠ ᠬᠡᠪᠯᠡᠪᠡ
ᠨᠠᠢᠷᠠᠭᠤᠯᠤᠭᠴᠢ ᠶᠢᠨ ᠲᠠᠨᠢᠯᠴᠠᠭᠤᠯᠭ᠎ᠠ
ᠲᠠᠮᠤᠷᠵᠢᠷᠥᠭᠡ᠄ ᠮᠤᠩᠭᠤᠯ ᠥᠨᠳᠥᠰᠥᠳᠡᠨ ᠤ ᠠᠯᠳᠠᠷᠳᠤ ᠪᠥᠭᠡᠴᠢᠨ ᠪᠥᠭᠡᠳ ᠠᠷᠠᠳ ᠲᠥᠮᠡᠨ ᠦ ᠬᠠᠢᠷ᠎ᠠ ᠬᠥᠨᠳᠥᠳᠭᠡᠯ  ᠢ ᠤᠯᠤᠭᠰᠠᠨ ᠠᠬᠠᠮᠠᠳ ᠪᠠᠭᠰᠢ᠃1922 ᠤᠨ  ᠤ12 ᠰᠠᠷ᠎ᠠ ᠳ᠋ᠥ ᠵᠢᠷᠢᠮ ᠠᠢᠮᠠᠭ  ᠤᠨ ᠬᠤᠢᠳᠤ ᠬᠤᠰᠢᠭᠤᠨ ᠤ ᠵᠢᠷᠭᠠᠯᠠᠩ ᠪᠠᠯᠭᠠᠰᠤ ᠶᠢᠨ ᠮᠠᠯᠴᠢᠨ ᠠᠢᠯ ᠳ᠋ᠥ ᠲᠥᠷᠥᠪᠡ᠃
ᠠᠷᠣᠣᠬᠠᠨ᠄1944 ᠤᠨ ᠳ᠋ᠥ ᠵᠢᠷᠢᠮ ᠠᠢᠮᠠᠭ   ᠤᠨ ᠬᠤᠢᠳᠤ ᠬᠤᠰᠢᠭᠤᠨ ᠤ ᠮᠠᠨᠳᠤᠬᠤ ᠰᠤᠮᠤ ᠶᠢᠨ ᠬᠠᠢᠯᠠᠰᠤᠳᠠᠢ ᠠᠢᠯ ᠳ᠋ᠥ ᠲᠥᠷᠥᠪᠡ᠃
ᠠᠭᠤᠯᠭ᠎ᠠ ᠶᠢᠨ ᠲᠤᠢᠮᠤ
.ᠲᠤᠳᠤᠷᠬᠠᠢᠯᠠᠯᠳᠠ᠂ ᠭᠠᠷᠴᠠᠭ᠂ ᠤᠷᠤᠰᠢᠯ᠂ ᠨᠢᠭᠡᠳᠤᠭᠡᠷ ᠪᠥᠯᠥᠭ︵ ᠡᠷ᠎ᠡ ᠶᠢᠨ ᠭᠤᠷᠪᠠᠨ ᠨᠠᠭᠠᠳᠤᠮ︶᠂ ᠬᠤᠶᠠᠳᠤᠭᠠᠷ ᠪᠥᠯᠥᠭ︵ ᠪᠥᠭᠡ ᠪᠠᠷᠢᠯᠳᠤᠬᠤ︶᠂ ᠭᠤᠷᠪᠠᠳᠤᠭᠠᠷ ᠪᠥᠯᠥᠭ︵  ᠮᠤᠷᠢ ᠤᠷᠤᠯᠳᠤᠬᠤ)᠂ ᠲᠥᠷᠪᠠᠳᠤᠭᠡᠷ ᠪᠥᠯᠥᠭ︵ ᠰᠤᠷ ᠬᠠᠷᠪᠤᠯᠳᠠ︶᠂ ᠲᠠᠭᠠᠯᠳᠤᠭᠤᠯᠤᠯ︵ ᠮᠤᠩᠭᠤᠯ ᠰᠢᠳᠠᠷ᠎ᠠ᠂ ᠲᠡᠮᠡᠭᠡᠨ ᠤᠷᠤᠯᠳᠤᠭᠠᠨ᠂ ᠪᠢᠯᠠᠭᠤ ᠰᠢᠳᠡᠭᠥ︶᠂ ᠡᠰᠢᠯᠡᠯ ᠤᠨ  ᠵᠡᠷᠭᠡ ᠪᠥᠳᠥᠴᠠ ᠪᠠᠷ ᠨᠠᠢᠷᠠᠭᠤᠯᠪᠠ᠃
ᠨᠢᠭᠡᠳᠤᠭᠡᠷ ᠪᠥᠯᠥᠭ ᠲᠤ᠄ ᠡᠷ᠎ᠡ ᠶᠢᠨ ᠭᠤᠷᠪᠠᠨ ᠨᠠᠭᠠᠳᠤᠮ ᠤᠨ ᠡᠭᠥᠰᠥᠯ ᠪᠠ ᠬᠥᠭᠵᠢᠯ ᠵᠢᠴᠢ ᠴᠢᠩᠭᠢᠰ ᠬᠠᠭᠠᠨ  ᠦ ᠥᠶ᠎ᠡ᠂ ᠴᠢᠯᠥᠭᠡᠯᠡᠭᠳᠡᠭᠥ ᠡᠴᠡ ᠡᠮᠤᠨᠡᠭᠢ᠂ ᠴᠢᠯᠥᠭᠡᠯᠡᠭᠳᠡᠭᠰᠡᠨ ᠦ ᠲᠠᠷᠠᠭᠠᠭᠢ ᠥᠶ᠎ᠠ ᠬᠡᠵᠤ ᠭᠤᠷᠪᠠᠨ ᠱᠠᠳᠤ ᠬᠤᠪᠢᠶᠠᠨ ᠪᠤᠳᠠᠳᠠᠢ ᠥᠭᠥᠯᠡᠪᠡ᠃
1᠂ ᠡᠷ᠎ᠡ ᠶᠢᠨ ᠭᠤᠷᠪᠠᠨ ᠨᠠᠭᠠᠳᠤᠮ ᠪᠤᠯ ᠮᠤᠩᠭᠤᠯ ᠥᠨᠳᠥᠰᠥᠳᠡᠨ ᠦ ᠬᠥᠳᠡᠯᠮᠤᠷᠢᠴᠢᠨ ᠠᠷᠠᠳ ᠲᠥᠮᠡᠨ ᠦ ᠬᠥᠳᠡᠯᠮᠤᠷᠢ ᠤᠢᠯᠡᠳᠪᠤᠷᠢᠯᠠᠯ ᠪᠠ ᠠᠩ ᠬᠥᠷᠥᠭᠡ ᠠᠩᠨᠠᠬᠤ ᠶᠠᠪᠤᠴᠠ ᠳ᠋ᠥ ᠠᠶᠠᠨᠳᠠᠭᠠᠨ ᠪᠤᠢ ᠪᠤᠯᠤᠭᠰᠠᠨ ᠶᠤᠮ᠃ ᠶᠠᠭ ᠡᠭᠢ ᠡᠭᠥᠰᠥᠯ ᠨᠢ ᠡᠷᠳᠡᠨ ᠦ ᠮᠤᠩᠭᠤᠯᠴᠤᠳ ᠤᠨ ᠠᠭᠤᠯᠠ ᠪᠠ ᠤᠪᠤᠭ᠎ᠠ ᠲᠡᠭᠢᠬᠤ ᠲᠡᠭᠢᠯᠭ᠎ᠠ ᠶᠢᠨ ᠶᠤᠰᠤᠳᠠᠢ ᠡᠴᠡ ᠢᠷᠡᠯ ᠲᠠᠢ ᠬᠡᠵᠤ ᠥᠵᠡᠵᠤ ᠪᠤᠢ᠃
ᠡᠷ᠎ᠡ ᠶᠢᠨ ᠭᠤᠷᠪᠠᠨ ᠨᠠᠭᠠᠳᠤᠮ  ᠢ ᠪᠠᠶᠠᠷ ᠲᠤᠷᠠᠰᠬᠠᠯ ᠤᠨ ᠠᠳᠠᠯᠢ ᠪᠤᠰᠤ ᠠᠭᠤᠯᠭ᠎ᠠ ᠶᠢ ᠥᠨᠳᠥᠰᠥᠯᠡᠨ ᠶᠠᠪᠤᠭᠤᠯᠬᠤ ᠪᠥᠭᠡᠳ ᠠᠳᠠᠯᠢ ᠪᠤᠰᠤ ᠨᠡᠷᠡᠢᠳᠤᠯ ᠲᠠᠢ᠃ ᠨᠠᠢᠷ ᠨᠠᠭᠠᠳᠤᠮ᠂ ᠪᠠᠶᠠᠷ ᠨᠠᠭᠠᠳᠤᠮ᠂ ᠢᠮ  ᠤᠨ ᠨᠠᠭᠠᠳᠤᠮ ᠬᠡᠵᠤ ᠨᠡᠷᠡᠯᠡᠳᠡᠭ᠃
ᠨᠠᠢᠷ ᠪᠠ ᠨᠠᠭᠠᠳᠤᠮ  ᠪᠤᠯ ᠢᠯᠭᠠᠯ ᠲᠠᠢ ᠶᠤᠮ᠂ ᠨᠠᠭᠠᠳᠤᠮ ᠪᠤᠯ ᠡᠷ᠎ᠡ ᠶᠢᠨ ᠭᠤᠷᠪᠠᠨ ᠨᠠᠭᠠᠳᠤᠮ ᠤᠨ ᠭᠤᠷᠪᠠᠨ ᠵᠥᠢᠯ ᠦᠨ ᠤᠷᠤᠯᠳᠤᠭᠠᠨ ᠪᠥᠷᠢᠨ ᠪᠠᠢᠬᠤ ᠪᠤᠶᠤ ᠠᠳᠠᠭ ᠪᠠᠭ᠎ᠠ  ᠳ᠋ᠤ ᠪᠠᠨ ᠬᠤᠶᠠᠷ ᠵᠥᠢᠯ ᠨᠢ ᠪᠠᠢᠬᠤ ᠵᠢ ᠰᠠᠶ᠋ᠢ ᠨᠠᠭᠠᠳᠤᠮ ᠬᠡᠵᠤ ᠲᠠᠭᠤᠳᠠᠬᠤ ᠪᠥᠭᠡᠳ ᠵᠠᠪᠠᠯ ᠪᠥᠭᠡ ᠪᠠᠷᠢᠯᠳᠤᠬᠤ ᠪᠠᠢᠬᠤ ᠬᠡᠷᠡᠭᠳᠡᠢ᠃ ᠪᠥᠭᠡ ᠪᠠᠷᠢᠯᠳᠤᠬᠤ ᠥᠭᠡᠢ ᠪᠤᠯ ᠪᠠᠰᠠ ᠨᠠᠭᠠᠳᠤᠮ ᠬᠡᠵᠤ ᠲᠠᠭᠤᠳᠠᠬᠤ ᠥᠭᠡᠢ᠂ ᠲᠡᠷᠡᠴᠢᠯᠠᠨ ᠭᠠᠭᠴᠠ ᠪᠥᠭᠡ ᠪᠠᠷᠢᠯᠳᠤᠬᠤ ᠶᠢ ᠪᠠᠰᠠ ᠨᠠᠭᠠᠳᠤᠮ ᠬᠡᠵᠤ ᠬᠡᠯᠡᠭᠥ ᠥᠭᠡᠢ ᠨᠠᠢᠷ ᠬᠡᠵᠤ ᠬᠡᠯᠡᠳᠡᠭ ᠶᠤᠮ᠃ ᠬᠠᠮᠢᠭ᠎ᠠ ᠨᠠᠢᠷ ᠬᠢᠵᠤ ᠪᠠᠢᠨ᠎ᠡ ᠬᠡᠰᠡᠨ ᠥᠭᠡ ᠨᠢ ᠵᠥᠪᠭᠡᠨ ᠪᠥᠭᠡ ᠪᠠᠷᠢᠯᠳᠤᠵᠤ ᠪᠠᠢᠬᠤ ᠶᠢ ᠬᠡᠯᠡᠵᠤ ᠪᠠᠢᠨ᠎ᠡ᠃ ᠡᠷᠳᠡ ᠡᠴᠡ ᠡᠳᠤᠭᠡ ᠪᠤᠯᠳᠠᠯ᠎ᠠ ᠢᠯᠭᠠᠭ᠎ᠠ ᠲᠠᠢ ᠪᠥᠭᠡᠳ ᠲᠤᠳᠤᠷᠬᠠᠢ ᠪᠠᠢᠳᠠᠭ᠃
ᠮᠤᠩᠭᠤᠯᠴᠤᠳ ᠤᠨ ᠡᠷ᠎ᠡ ᠶᠢᠨ ᠭᠤᠷᠪᠠᠨ ᠨᠠᠭᠠᠳᠤᠮ ᠳ᠋ᠥ ᠪᠥᠭᠡ ᠪᠠᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ ᠬᠡᠵᠤ ᠲᠤᠭᠳᠠᠭᠰᠠᠨ ᠲᠠᠰ ᠲᠠᠷᠠᠭ᠎ᠠ ᠪᠠᠷ ᠬᠡᠯᠡᠳᠡᠭ᠃ ᠡᠨᠡ ᠬᠥ ᠲᠠᠰ ᠲᠠᠷᠠᠭ᠎ᠠ ᠶᠢ ᠰᠤᠯᠢᠨ ᠥᠭᠡᠷᠡᠴᠢᠯᠠᠵᠤ ᠲᠠᠭᠤᠳᠠᠬᠤ ᠥᠭᠡᠢ ᠪᠠᠢᠳᠠᠭ᠃
2.ᠴᠢᠯᠥᠭᠡᠯᠡᠭᠳᠡᠭᠰᠡᠨ ᠤ ᠲᠠᠷᠠᠭ᠎ᠠ ᠡᠷ᠎ᠡ ᠶᠢᠨ ᠭᠤᠷᠪᠠᠨ ᠨᠠᠭᠠᠳᠤᠮ ᠤᠨ ᠠᠭᠤᠯᠭ᠎ᠠ ᠮᠠᠰᠢ ᠪᠠᠶᠠᠯᠢᠭ ᠪᠤᠯᠪᠠ᠃ ᠲᠤᠬᠠᠢᠯᠠᠪᠠᠯ᠂ ᠤᠯᠤᠰ ᠲᠥᠷᠥ᠂ ᠠᠵᠤ ᠠᠬᠤᠢ᠂ ᠪᠠᠶ᠎ᠠ ᠶᠢᠨ ᠲᠠᠮᠢᠷ ᠪᠠ ᠰᠤᠶᠤᠯ  ᠤᠨ ᠠᠮᠢᠳᠤᠷᠠᠯ ᠤᠨ ᠠᠭᠤᠯᠭ᠎ᠠ ᠨᠠᠮᠡᠭᠳᠡᠪᠡ᠃
ᠬᠤᠶᠠᠳᠤᠭᠠᠷ ᠪᠥᠯᠥᠭ ᠲᠤ᠄ ᠪᠥᠭᠡ ᠪᠠᠷᠢᠯᠳᠤᠬᠤ ᠶᠢᠨ ᠲᠤᠬᠠᠢ ᠪᠤᠳᠠᠳᠠᠢ ᠲᠠᠨᠢᠯᠴᠠᠭᠤᠯᠪᠠ᠃
ᠪᠥᠭᠡ ᠪᠠᠷᠢᠯᠳᠤᠬᠤ ᠪᠤᠯ ᠬᠤᠶᠠᠷ ᠡᠳᠡᠭᠡᠳ ᠬᠠᠷᠢᠯᠴᠠᠨ ᠡᠰᠡᠷᠭᠥᠴᠡᠯᠳᠤᠨ ᠮᠥᠷᠥᠢᠴᠡᠵᠤ ᠬᠤᠷᠤᠮᠬᠠᠨ ᠵᠠᠭᠤᠷ᠎ᠠ ᠬᠤᠨᠵᠢᠨ ᠬᠤᠨᠵᠢᠭᠳᠠᠬᠤ ᠲᠡᠮᠡᠴᠡᠭᠡᠨ ᠪᠤᠯᠤᠨ᠎ᠠ᠃ ᠪᠥᠭᠡ ᠶᠢᠨ ᠮᠠᠷᠭᠡᠵᠢᠯ   ᠤᠨ ᠵᠠᠩᠭᠢᠯᠠᠭ᠎ᠠ ᠪᠤᠯ ᠨᠥᠭᠥᠭᠡ ᠡᠳᠡᠭᠡᠳ ᠤᠨ ᠬᠥᠴᠥᠯᠡᠭᠰᠡᠨ ᠪᠠᠢᠳᠠᠯ  ᠢ ᠠᠰᠢᠭᠯᠠᠵᠤ ᠥᠪᠡᠷ ᠤᠨ ᠬᠥᠣᠤ ᠪᠠᠨ ᠪᠠᠳᠠᠷᠠᠭᠤᠯᠤᠨ᠎ᠠ᠃ ᠪᠥᠭᠡ ᠶᠢᠨ ᠮᠠᠷᠭᠡᠵᠢᠯ  ᠢ ᠡᠩ   ᠤᠨ ᠦᠭᠡᠨ ᠳ᠋ᠥ︽ ᠲᠥᠷᠪᠡᠨ ᠯᠠᠩ ᠤᠨ ᠬᠥᠴᠤ ᠪᠠᠷ ᠮᠢᠩᠭᠠᠨ ᠵᠢᠩ ᠦᠨ ᠬᠥᠴᠥ ᠶᠢ ᠬᠤᠷᠢᠭᠯᠠᠨ᠎ᠠ︾ ᠬᠡᠳᠡᠭ ᠨᠢ ᠬᠡᠳᠤᠢᠪᠠᠷ ᠬᠡᠳᠤᠷᠡᠭᠰᠡᠨ ᠬᠡᠯᠡᠯᠭᠡ ᠪᠤᠯᠪᠠᠴᠤ ᠪᠥᠭᠡ ᠶᠢᠨ ᠮᠡᠷᠭᠡᠵᠢᠯ ᠤᠨ ᠵᠥᠭᠡᠯᠡᠨ  ᠢᠶᠠᠷ ᠬᠠᠳᠠᠭᠤ ᠶᠢ᠂ ᠪᠠᠭ᠎ᠠ ᠪᠠᠷ ᠶᠡᠭᠡ ᠶᠢ ᠬᠤᠷᠢᠭᠯᠠᠬᠤ ᠶᠤᠰᠤ ᠵᠥᠢ ᠶᠢ ᠬᠠᠷᠠᠭᠤᠯᠵᠤ ᠪᠠᠢᠳᠠᠭ᠃
2.ᠮᠤᠩᠭᠤᠯ ᠪᠥᠭᠡ ᠶᠢᠨ ᠥᠪᠡᠷᠮᠢᠴᠡ ᠤᠨᠴᠠᠯᠢᠭ ᠪᠤᠯ ᠪᠥᠭᠡ ᠶᠢᠨ ᠪᠠᠷᠢᠯᠳᠤᠭᠠᠨ ᠤ ᠨᠤᠭᠤᠯᠤᠭ᠎ᠠ ᠪᠥᠷᠢ ︵ ᠲᠠᠪᠠᠭ᠎ᠠ︶ ᠶᠢ ᠵᠠᠪᠠᠯ ᠬᠤᠤᠰ ᠲᠠᠭᠠᠷᠠᠭᠤᠯᠬᠤ ᠲᠤᠯᠠ ᠬᠡᠢ ᠲᠠᠪᠠᠬᠤ ᠤᠴᠢᠷ ᠥᠭᠡᠢ᠃
3.ᠥᠪᠥᠷ ᠮᠤᠩᠭᠤᠯ ᠤᠨ ᠪᠥᠭᠡ ᠳ᠋ᠥ ᠥᠵᠥᠮᠥᠴᠢᠨ ᠪᠥᠭᠡ᠂ ᠬᠥᠯᠥᠨ ᠪᠤᠢᠷ ᠪᠥᠭᠡ᠂ ᠱᠠᠯᠪᠤᠷ ᠪᠥᠭᠡ᠂ ᠤᠷᠳᠤᠰ ᠪᠥᠭᠡ ᠪᠤᠢ᠃
4.ᠪᠥᠭᠡ ᠰᠤᠩᠭᠤᠬᠤ ᠳ᠋ᠥ ᠤᠳᠤᠮ ᠢ ᠥᠵᠡᠵᠤ ᠰᠤᠩᠭᠤᠬᠤ᠂ ᠨᠤᠳᠤᠭ ᠤᠷᠤᠨ  ᠢ ᠨᠢ ᠠᠰᠠᠭᠤᠨ ᠯᠠᠪᠯᠠᠵᠤ ᠰᠤᠩᠭᠤᠬᠤ᠂ ᠢᠳᠡᠷ ᠵᠠᠯᠠᠭᠤ ᠨᠠᠰᠤᠨ  ᠳᠠᠭᠠᠨ ᠤᠯᠤᠭᠰᠠᠨ ᠬᠡᠥᠬᠡᠳ ᠡᠴᠡ ᠰᠤᠩᠭᠤᠬᠤ᠂ ᠰᠠᠢᠨ
ᠲᠤᠷ᠎ᠠ ᠶᠢ ᠥᠨᠳᠥᠰᠥᠯᠡᠨ ᠰᠤᠩᠭᠤᠬᠤ᠂ ᠵᠠᠩ ᠠᠭᠠᠯᠢ ᠶᠢ ᠥᠵᠡᠵᠤ ᠰᠤᠩᠭᠤᠬᠤ ᠵᠡᠷᠭᠡ ᠪᠤᠢ᠃
5.︽ ᠰᠤᠷᠢᠶ᠎ᠠ ᠶᠢᠨ ᠰᠠᠢᠨ  ᠢᠶᠠᠷ ᠪᠥᠭᠡ ᠭᠠᠷᠳᠠᠭ᠂ ᠰᠤᠨᠤᠰᠬᠠᠯ ᠤᠨ ᠰᠠᠢᠨ  ᠢᠶᠠᠷ ᠮᠡᠷᠭᠡᠳ ᠭᠠᠷᠳᠠᠭ︾ ᠬᠡᠳᠡᠭ᠃ ᠮᠤᠩᠭᠤᠯ ᠪᠥᠭᠡ ᠰᠤᠷᠢᠶ᠎ᠠ ᠪᠤᠯᠪᠠᠰᠤᠷᠠᠯ  ᠢ ᠠᠩᠬᠠᠷᠳᠠᠭ᠃ᠰᠤᠷᠢᠶ᠎ᠠ ᠪᠤᠯᠪᠠᠰᠤᠷᠠᠯ ᠳ᠋ᠥ ᠭᠤᠤᠯᠳᠠᠬᠤ ᠴᠤᠪᠤᠭᠤᠯᠤᠨ ᠪᠠᠷᠢᠯᠳᠤᠬᠤ ᠠᠷᠭ᠎ᠠ᠂ ᠭᠠᠯᠵᠠᠭᠤ ᠪᠠᠷᠢᠯᠳᠤᠭᠠᠨ ᠤ ᠠᠷᠭ᠎ᠠ᠂ ᠲᠡᠵᠢᠭᠡᠵᠤ ᠪᠠᠷᠢᠯᠳᠤᠬᠤ ᠠᠷᠭ᠎ᠠ ᠶᠢ ᠪᠤᠯᠪᠠᠰᠤᠷᠠᠭᠤᠯᠳᠠᠭ᠃
ᠪᠥᠭᠡᠴᠤᠳ ᠪᠤᠰᠤᠳ ᠲᠤ ᠮᠡᠷᠭᠡᠵᠢᠯ ᠬᠡᠷᠡᠭᠯᠡᠭᠥ ᠳ᠋ᠥ ᠪᠠᠨ ᠯᠠᠪᠳᠠᠭᠤᠨ᠂ ᠤᠨᠤᠪᠴᠢᠳᠠᠢ᠂ ᠡᠷᠡᠰ᠂ ᠲᠥᠭᠥᠷᠡᠩ ᠬᠡᠭᠥ ᠲᠥᠷᠪᠡᠨ ᠥᠭᠡ ᠶᠢ ᠪᠠᠳᠤ ᠴᠡᠭᠡᠵᠢᠯᠡᠭᠥ ᠬᠡᠷᠡᠭᠳᠡᠢ᠃
6.ᠮᠤᠩᠭᠤᠯ ᠪᠥᠭᠡᠴᠤᠳ ᠮᠥᠩᠭᠥ ᠪᠤᠶᠤ ᠭᠠᠤᠯᠢᠨ ᠲᠤᠪᠤᠷᠤᠤ ᠲᠠᠢ ᠵᠤᠳᠤᠭ ᠡᠮᠤᠰᠴᠤ ᠥᠷᠭᠡᠨ ᠴᠠᠭᠠᠨ ᠪᠥᠭᠡ ᠶᠢᠨ ᠥᠮᠥᠳᠤᠨ ᠲᠡᠭᠡᠭᠥᠷ ᠥᠩᠭᠡ ᠪᠥᠷᠢ ᠶᠢᠨ ᠬᠡ ᠤᠭᠠᠯᠵᠠ ᠲᠠᠢ ᠲᠤᠤᠰᠢᠤ ᠲᠠᠷᠤᠭᠤᠯᠤᠨ ᠡᠮᠤᠰᠴᠤ᠂ ᠲᠡᠭᠥᠨ ᠤ ᠲᠡᠭᠡᠭᠥᠷ ᠬᠥᠭᠡ᠂ ᠤᠯᠠᠭᠠᠨ᠂ ᠰᠢᠷ᠎ᠠ ᠭᠤᠷᠪᠠᠨ ᠥᠩᠭᠡ ᠲᠠᠢ ᠴᠠᠷᠪᠠᠭ︵ ᠯᠠᠪᠠᠷᠢ᠂ ᠬᠤᠷᠮᠤᠢᠪᠴᠢ︶ ᠲᠠᠳᠠᠵᠤ᠂ ᠤᠷᠤᠰ ᠭᠤᠳᠤᠯ᠂ ᠪᠤᠯᠢᠭᠠᠷᠢ ᠭᠤᠳᠤᠯ᠂ ᠮᠤᠩᠭᠤᠯ ᠭᠤᠳᠤᠯ  ᠢ ᠬᠥᠯ  ᠳᠡᠬᠡᠨ ᠢᠰᠭᠥᠯᠵᠤ᠂ ᠭᠤᠳᠤᠯ  ᠤᠨ ᠨᠢᠭᠡ ᠥᠵᠥᠭᠥᠷ ᠲᠤᠨᠢ ᠭᠠᠤᠯᠢᠨ ᠭᠠᠷᠠᠬ᠎ᠠ ᠲᠠᠢ ᠲᠠᠪᠤᠨ ᠲᠤᠬᠤᠢ ᠤᠷᠳᠤ ᠰᠤᠷ  ᠢᠶᠠᠷ ᠪᠤᠭᠤᠵᠤ ᠡᠷᠳᠡᠯᠡᠭᠡᠳ ᠥᠩᠭᠡ ᠪᠥᠷᠢ ᠶᠢᠨ ᠭᠭᠢᠪ ᠲᠤᠷᠳᠤᠩ ᠤᠨ ᠪᠥᠳᠥᠭᠥᠨ ᠵᠠᠩᠭᠢᠶ᠎ᠠ ᠶᠢ ᠬᠥᠵᠥᠭᠥᠨ ᠳᠡᠬᠡᠨ ᠵᠡᠭᠥᠵᠤ᠂16.32.64 ᠪᠥᠭᠡ ᠬᠠᠮᠳᠤ ᠪᠠᠷ ᠲᠡᠪᠢᠨ ᠮᠠᠭᠰᠢᠨ ᠭᠠᠷᠴᠤ ᠢᠷᠡᠭᠥ ᠨᠢ ᠥᠨᠡᠭᠡᠷ ᠰᠥᠷᠯᠢᠭ ᠪᠥᠭᠡᠳ ᠥᠵᠡᠰᠭᠥᠯᠡᠩ ᠭᠠᠢᠬᠠᠯᠳᠠᠢ᠃
7.ᠮᠤᠩᠭᠤᠯ ᠪᠥᠭᠡ ᠶᠢᠨ ᠪᠠᠢᠯᠳᠤᠬᠤ ᠤᠯᠠᠮᠵᠢᠯᠠᠯᠳᠤ ᠵᠠᠩᠰᠢᠯ ᠳ᠋ᠥ
︵1︶ ᠪᠥᠭᠡᠴᠤᠳ ᠲᠤ ᠠᠳᠢᠰ ᠲᠥᠭᠡᠭᠡᠭᠥ
︵2︶ ᠪᠥᠭᠡ ᠶᠢᠨ ᠤᠷᠢᠶ᠎ᠠ ᠤᠷᠢᠬᠤ
︵3︶ ᠪᠥᠭᠡ ᠶᠢᠨ ᠤᠨᠤᠭᠤᠭ᠎ᠠ ᠲᠠᠭᠠᠷᠠᠭᠤᠯᠬᠤ
︵4︶ ᠤᠶᠠᠭ᠎ᠠ ᠪᠥᠭᠡ
8.ᠪᠥᠭᠡ ᠶᠢᠨ ᠲᠡᠪᠢᠯᠳᠠ
9.ᠪᠥᠭᠡ ᠲᠠᠷᠬᠠᠯᠠᠬᠤ
10ᠪᠥᠭᠡ ᠶᠢᠨ ᠱᠠᠩᠨᠠᠯ
ᠲᠡᠷᠢᠭᠥᠨ ᠳ᠋ᠤ ᠤᠷᠤᠭᠰᠠᠨ ᠪᠥᠭᠡ  ᠳᠤ ᠶᠢᠰᠤ ᠶᠢᠰᠤ ᠨᠠᠶᠠᠨ ᠨᠢᠭᠡ  ᠶᠢᠨ ᠱᠠᠩᠨᠠᠯ ᠤᠯᠭᠤᠨ᠎ᠠ ᠃ ᠡᠭᠥᠨ ᠳ᠋ᠥ ᠵᠠᠪᠠᠯ ᠮᠥᠩᠭᠥᠨ ᠪᠤᠢᠯᠠ ᠲᠠᠢ ᠴᠠᠭᠠᠨ ᠲᠡᠮᠡᠭᠡ ᠪᠠᠷ ᠲᠥᠷᠥᠭᠥᠥ ᠪᠤᠯᠭᠠᠳᠠᠭ᠃
11. ᠲᠤᠮᠤ ᠬᠡᠪᠴᠢᠶᠡᠨ ᠦ ᠨᠠᠢᠷ ᠨᠠᠭᠠᠳᠤᠮ  ᠢ ᠲᠤᠷᠠᠳᠪᠠ᠃
12 ᠠᠯᠳᠠᠷᠳᠤ ᠪᠥᠭᠡᠴᠢᠨ ᠲᠥᠭᠥᠷᠡᠩᠵᠠᠨ᠎ᠠ᠂ ᠰᠢᠷᠤᠢᠳᠠᠭᠰᠠᠨ ᠥᠭᠡᠢ ᠮᠤᠩᠭᠤᠯ ᠪᠥᠭᠡ ᠤᠯᠠᠭᠠᠨ᠂ ᠪᠠᠷᠰ ᠤᠨ ᠬᠥᠴᠤ ᠲᠠᠢ ᠪᠥᠭᠡ ᠪᠠᠭᠠᠳᠤᠷᠴᠤᠭᠳᠤ ᠵᠡᠷᠭᠡ ᠤᠯᠠᠨ ᠪᠥᠭᠡᠴᠤᠳ  ᠤᠨ ᠥᠯᠢᠭᠡᠷ ᠲᠤᠮᠤᠭ  ᠢ ᠶᠠᠷᠢᠯ᠎ᠠ᠃
ᠭᠤᠷᠪᠠᠳᠤᠭᠠᠷ ᠪᠥᠯᠥᠭ ᠲᠤ᠄ ᠮᠤᠷᠢ ᠤᠷᠤᠯᠳᠤᠬᠤ
ᠮᠤᠷᠢ ᠤᠷᠤᠯᠳᠤᠬᠤ ᠨᠢ ᠮᠤᠩᠭᠤᠯᠴᠤᠳ ᠤᠨ ᠡᠷ᠎ᠡ ᠶᠢᠨ ᠭᠤᠷᠪᠠᠨ ᠨᠠᠭᠠᠳᠤᠮ ᠤᠨ ᠴᠢᠬᠤᠯᠠ ᠨᠢᠭᠡ ᠵᠥᠢᠯ ᠪᠤᠯᠤᠨ᠎ᠠ᠃
ᠤᠨᠠᠭᠠᠨ ᠳ᠋ᠥ ᠤᠶᠠᠵᠤ᠂ ᠲᠠᠭ᠎ᠠ ᠳ᠋ᠤᠨᠢ ᠲᠠᠪᠳᠠᠵᠤ᠂ ᠰᠢᠳᠤᠯᠠᠩ ᠳ᠋ᠤᠨᠢ ᠰᠤᠷᠭᠠᠵᠤ᠂ ᠬᠢᠵᠡᠯᠠᠩ ᠳ᠋ᠥ ᠨᠢ ᠬᠢᠨᠠᠵᠤ᠂ ᠰᠤᠶᠤᠯᠠᠩ ᠳ᠋ᠥ ᠨᠢ ᠰᠤᠢᠵᠤ ᠰᠤᠩᠭᠤᠬᠤ ᠬᠡᠷᠡᠭᠳᠡᠢ ᠬᠡᠵᠤ ᠬᠠᠰᠢᠷ ᠮᠠᠯᠴᠢᠳ ᠬᠡᠯᠡᠳᠡᠭ᠃
1. ᠬᠤᠷᠳᠤᠨ ᠮᠤᠷᠢᠨ ᠤ ᠥᠯᠢᠭᠡᠷ ᠲᠤᠮᠤᠭ᠂ ᠲᠤᠬᠠᠢᠯᠠᠪᠠᠯ ᠵᠢᠭᠠᠬᠠᠨ ᠰᠠᠭᠠᠷᠠᠯ᠂ ᠵᠢᠭᠥᠷᠳᠤ ᠮᠤᠷᠢ ᠪᠤᠢ᠃
2. ᠮᠤᠷᠢᠨ ᠤᠷᠤᠯᠳᠤᠭᠠᠨ  ᠦ ᠡᠭᠥᠰᠥᠯ ᠪᠠ ᠬᠥᠭᠵᠢᠯ ᠦᠨ ᠲᠤᠬᠠᠢ ᠥᠭᠥᠯᠡᠪᠡ᠃
3. ᠤᠷᠤᠯᠳᠤᠭᠠᠨ ᠤ ᠮᠤᠷᠢ ᠶᠢ ᠰᠢᠯᠢᠨ ᠰᠤᠩᠭᠤᠬᠤ ᠪᠠ ᠤᠷᠤᠯᠳᠤᠬᠤ ᠪᠡᠯᠡᠳᠭᠡᠯ
ᠤᠷᠤᠯᠳᠤᠭᠠᠨ ᠤ ᠮᠤᠷᠢ ᠶᠢ ᠰᠢᠯᠢᠨ ᠰᠤᠩᠭᠤᠬᠤ ᠠᠷᠭ᠎ᠠ ᠪᠤᠯ ᠤᠳᠤᠮ ᠤᠭᠰᠠᠭ᠎ᠠ ᠶᠢ ᠥᠵᠡᠵᠤ ᠰᠤᠩᠭᠤᠬᠤ᠂ ᠪᠤᠳᠠᠳᠤ ᠥᠢᠯᠡᠳᠤᠯᠭᠡ ᠶᠢᠨ ᠲᠤᠮᠳᠠ ᠰᠢᠯᠢᠨ ᠰᠤᠩᠭᠤᠬᠤ᠂ ᠶᠠᠪᠤᠳᠠᠯ ᠮᠥᠷ ᠦᠨ ᠰᠢᠨᠵᠢᠯᠡᠭᠡ ᠬᠢᠵᠤ ᠰᠤᠩᠭᠤᠬᠤ᠂ ᠶᠠᠰᠤ ᠴᠢᠨᠠᠷ  ᠢ ᠨᠢ ᠥᠵᠡᠵᠤ ᠰᠤᠩᠭᠤᠬᠤ︵ ᠰᠢᠳᠤ ᠪᠠᠷ ᠭᠤᠤᠯ ᠪᠠᠷᠢᠮᠵᠢᠶ᠎ᠠ ᠪᠤᠯᠭᠠᠨ᠎ᠠ︶ ᠵᠡᠷᠭᠡ ᠪᠤᠢ᠃
4. ᠮᠤᠷᠢᠨ ᠤ ᠡᠳ᠋ᠯᠡᠯ ᠬᠡᠷᠡᠭᠰᠡᠯ ᠳ᠋ᠥ ᠡᠮᠡᠭᠡᠯ᠂ ᠲᠥᠷᠥᠭᠡ᠂ ᠲᠠᠬ᠎ᠠ ᠵᠡᠷᠭᠡ ᠶᠢ ᠲᠠᠨᠢᠯᠴᠠᠭᠤᠯᠪᠠ᠃
5. ᠮᠤᠷᠢᠨ ᠴᠤᠯᠠ ᠲᠠᠭᠤᠳᠠᠬᠤ ᠶᠤᠰᠤ ᠳ᠋ᠥ ᠠᠢᠷᠠᠭ ᠤᠨ ᠲᠠᠪᠤ ᠬᠡᠵᠤ ᠴᠤᠯᠠᠯᠠᠨ ᠲᠠᠭᠤᠳᠠᠬᠤ ᠶᠤᠰᠤ᠂ ᠠᠶ᠎ᠠ ᠵᠡᠷᠭᠡ ᠶᠢ ᠪᠤᠳᠠᠳᠠᠢ ᠲᠠᠨᠢᠯᠴᠠᠭᠤᠯᠪᠠ᠃
6. ᠮᠤᠩᠭᠤᠯᠴᠤᠳ ᠤᠨ ᠪᠡᠯᠡᠭ ᠱᠠᠩᠨᠠᠯ ᠤᠨ ᠶᠤᠰᠤ ᠨᠢ ᠶᠠᠷᠤᠩᠭᠡᠢ ᠳ᠋ᠥ ᠪᠠᠨ ᠴᠠᠭᠠᠨ ᠥᠩᠭᠡ ᠵᠢᠰᠤᠮ᠂ ᠥᠷᠥᠭᠡᠰᠤᠨ ᠰᠤᠨᠳᠤᠭᠤᠢ ᠲᠤᠭ᠎ᠠ ᠶᠢ ᠪᠡᠯᠭᠡ ᠲᠠᠢ ᠬᠡᠮᠡᠨ ᠡᠷᠭᠢᠮ᠎  ᠢᠶᠠᠷ ᠥᠵᠡᠨ︽ ᠠᠰᠢᠳᠠ ᠶᠢᠨ ᠭᠤᠷᠪᠠᠨ ᠪᠡᠯᠡᠭ︾᠂︽ ᠶᠢᠰᠤᠨ ᠴᠠᠭᠠᠨ ᠪᠡᠯᠡᠭ︾᠂︽ ᠶᠢᠰᠤ ᠶᠢᠰᠤ ᠨᠠᠶᠠᠨ ᠨᠢᠭᠡᠨ ᠦ ᠪᠡᠯᠡᠭ︾ ᠬᠡᠳᠡᠭ  ᠢ ᠶᠡᠭᠡ ᠡᠷᠭᠢᠮᠯᠡᠳᠡᠭ᠃
7.ᠬᠠᠨ ᠬᠥᠯᠥᠭᠴᠢ ᠵᠠᠭᠠᠨ᠎ᠠ1992 ᠤᠨ  ᠤ4 ᠰᠠᠷ᠎ᠠ ᠳ᠋ᠥ ᠭᠤᠸᠠᠩᠵᠸᠤ ᠶᠢᠨ ᠬᠤᠸᠠᠩ ᠫᠦ᠋ ᠴᠥᠨ ᠪᠠᠶ᠎ᠠ ᠶᠢᠨ ᠲᠠᠮᠢᠷ ᠤᠨ ᠪᠤᠯᠪᠠᠰᠤᠷᠠᠯ ᠤᠨ ᠥᠨᠳᠥᠰᠥᠨ ᠰᠠᠭᠤᠷᠢᠨ ᠭᠠᠵᠠᠷ ᠲᠤ ᠪᠤᠯᠤᠭᠰᠠᠨ︽ ᠠᠯᠳᠠᠨ ᠮᠤᠷᠢᠨ ᠬᠤᠨᠳᠠᠭ᠎ᠠ︾ ᠤᠷᠤᠯᠳᠤᠭᠠᠨ ᠳ᠋ᠥ ᠲᠡᠷᠢᠭᠥᠯᠡᠪᠡ᠃
ᠲᠥᠷᠪᠡᠳᠤᠭᠡᠷ ᠪᠥᠯᠥᠭ ᠲᠤ ᠄ ᠰᠤᠷ ᠬᠠᠷᠪᠤᠯᠳᠠ ᠶᠢᠨ ᠡᠭᠥᠰᠥᠯ ᠪᠠ ᠬᠥᠭᠵᠢᠯ᠂ ᠰᠤᠷ ᠬᠠᠷᠪᠤᠯᠳᠠ ᠶᠢᠨ ᠪᠠᠭᠠᠵᠢ ᠬᠡᠷᠡᠭᠰᠡᠯ ᠦᠨ ᠥᠭᠡᠷᠡᠴᠢᠯᠡᠯᠳᠡ ᠪᠠ ᠲᠠᠪᠰᠢᠯᠳᠠ᠂ ᠰᠤᠷ ᠬᠠᠷᠪᠤᠯᠳᠠ ᠪᠠ ᠲᠥᠷᠢᠮ ᠲᠤᠭᠳᠠᠭᠠᠯ᠂ ᠥᠪᠥᠷ ᠮᠤᠩᠭᠤᠯ ᠵᠢᠴᠢ ᠲᠤᠮᠳᠠᠳᠤ ᠤᠯᠤᠰ  ᠤᠨ ᠰᠤᠷ ᠬᠠᠷᠪᠤᠯᠳᠠ ᠶᠢᠨ ᠪᠠᠢᠳᠠᠯ  ᠢ ᠲᠠᠨᠢᠯᠴᠠᠭᠤᠯᠪᠠ᠃
1.ᠡᠷᠳᠡ ᠥᠶ᠎ᠡ ᠶᠢᠨ ᠮᠤᠩᠭᠤᠯᠴᠤᠳ ᠨᠤᠮᠤ ᠰᠤᠮᠤ ᠶᠢ︽ ᠬᠤᠷ︾ ᠬᠡᠮᠡᠳᠡᠭ᠃
2.ᠰᠤᠮᠤ ᠪᠤᠯ ᠭᠤᠳᠤᠯᠢ᠂ ᠰᠤᠮᠤᠨ ᠡᠰᠢ᠂ ᠰᠤᠮᠤᠨ  ᠰᠡᠭᠥᠯ ᠂ ᠰᠡᠭᠥᠯ   ᠤᠨ ᠥᠳᠥ ᠵᠡᠷᠭᠡ ᠪᠠᠷ ᠪᠥᠳᠥᠨ᠎ᠡ᠃
ᠲᠠᠭᠠᠯᠳᠤᠭᠤᠯᠤᠯ ᠄ ᠡᠷ᠎ᠡ  ᠶᠢᠨ ᠭᠤᠷᠪᠠᠨ ᠨᠠᠭᠠᠳᠤᠮ ᠤᠨ ᠲᠠᠭᠠᠯᠳᠤᠭᠤᠯᠤᠭᠰᠠᠨ ᠵᠥᠢᠯᠠᠰ ᠲᠤ ᠮᠤᠩᠭᠤᠯ ᠰᠢᠳᠠᠷ᠎ᠠ᠂ ᠲᠡᠮᠡᠭᠡᠨ ᠤᠷᠤᠯᠳᠤᠭᠠᠨ᠂ ᠪᠢᠯᠠᠭᠤ ᠰᠢᠳᠡᠭᠥ ᠶᠢ ᠲᠠᠨᠢᠯᠴᠠᠭᠤᠯᠪᠠ᠃
ᠲᠤᠰ ᠨᠤᠮ  ᠤᠨ ᠥᠨ᠎ᠡ ᠥᠷᠳᠡᠭ᠄ ᠲᠤᠰ ᠨᠤᠮ ᠨᠢ ᠲᠤᠰᠬᠠᠢ ᠮᠡᠷᠭᠡᠵᠢᠯᠳᠠᠨ ᠤ ᠭᠠᠷ ᠠᠪᠤᠯᠭ᠎ᠠ ᠪᠤᠯᠬᠤ ᠪᠠᠷ ᠥᠯᠥ ᠪᠠᠷᠠᠮ ᠡᠷ᠎ᠡ ᠶᠢᠨ ᠭᠤᠷᠪᠠᠨ ᠨᠠᠭᠠᠳᠤᠮ ᠳ᠋ᠥ ᠲᠤᠷ᠎ᠠ ᠪᠠᠬ᠎ᠠ ᠲᠠᠢ ᠥᠷᠭᠡᠨ ᠣᠯᠠᠨ ᠲᠥᠮᠡᠨ ᠪᠠ ᠥᠰᠪᠤᠷᠢ ᠶᠢᠨ ᠵᠠᠯᠠᠭᠤᠴᠤᠳ ᠪᠠᠭᠠᠴᠤᠳ ᠤᠨ ᠮᠤᠩᠭᠤᠯ ᠥᠨᠳᠥᠰᠥᠳᠡᠨ ᠦ ᠰᠤᠶᠤᠯ ᠤᠨ ᠥᠪ ᠬᠥᠷᠥᠩᠭᠡ ᠶᠢ ᠤᠢᠯᠠᠭᠠᠨ ᠡᠵᠡᠮᠰᠢᠭᠥ ᠳ᠋ᠥ ᠤᠯᠳᠠᠰᠢ ᠥᠭᠡᠢ  ᠪᠤᠯᠵᠤ ᠪᠤᠯᠬᠤ ᠶᠤᠮ᠃   
     
     