-
2077228
ᠮᠠᠯ ᠤᠨ ᠪᠤᠭᠤᠮ᠎ᠠ ᠡᠪᠡᠳᠴᠢᠨ ᠢ ᠰᠡᠷᠭᠡᠶᠢᠯᠡᠬᠦ ᠳᠣᠬᠠᠢ
2019-05-31 09:29
388
0
ᠪᠤᠭᠤᠮ᠎ᠠ ᠡᠪᠡᠳᠴᠢᠨ ᠪᠤᠯ ᠪᠤᠭᠤᠮ᠎ᠠ ᠶ᠋ᠢᠨ ᠰᠠᠪᠬᠠᠨᠴᠢᠷ ᠪᠠᠺᠲ᠋ᠸᠷᠢ ᠡᠴᠨ ᠪᠤᠯᠤᠠᠨᠰᠠᠨ ᠭᠦᠮᠦᠨ ᠮᠠᠯ ᠳ᠋ᠤ ᠬᠠᠮᠲᠦ ᠲᠤᠰᠲᠠᠭ ᠨᠢᠭᠡ ᠵᠦᠢᠯ ᠤᠨ ᠬᠠᠯᠠᠭᠤᠷᠠᠬᠤ ᠴᠢᠨᠠᠷᠲᠠᠢ ᠂ ᠴᠢᠰᠤ ᠦᠵᠢᠷᠡᠬᠦ ᠴᠢᠨᠠᠷᠲᠠᠢ ᠴᠤᠴᠢᠮᠠᠭ ᠬᠠᠯᠲᠠᠪᠤᠷᠢᠲᠤ ᠡᠪᠡᠳᠴᠢᠨ ᠪᠤᠯᠤᠨ᠎ᠠ ᠃ ᠦᠷᠭᠦᠯᠵᠢ ᠵᠤᠨ ᠂ ᠨᠠᠮᠤᠷ ᠡᠭᠦᠰᠴᠦ ᠂ ᠶᠡᠷᠦᠲᠡᠭᠡᠨ ᠲᠠᠷᠬᠠᠠᠢ ᠪᠤᠲᠠᠷᠬᠠᠢ ᠪᠤᠶᠤ ᠤᠷᠤᠨ ᠨᠤᠲᠤᠭ ᠤᠨ ᠴᠢᠨᠠᠷᠲᠠᠢ ᠲᠡᠯᠭᠡᠷᠡᠲᠡᠭ ᠃ ︽ ᠪᠦᠭᠦᠲᠠ ᠨᠠᠶᠢᠷᠠᠮᠳᠠᠬᠤ ᠲᠤᠮᠲᠠᠲᠤ ᠠᠷᠠᠳ ᠤᠯᠤᠰ ᠤᠨ ᠠᠮᠢᠲᠠᠨ ᠤ ᠬᠢᠵᠢᠭ ᠢ ᠰᠡᠷᠭᠡᠶᠢᠯᠡᠭᠦ ᠬᠠᠤᠯᠢ ︾ ᠳ᠋ᠦ ᠪᠤᠭᠤᠮ᠎ᠠ ᠡᠪᠡᠳᠴᠢᠨ ᠢ ᠬᠤᠶᠠᠲᠤᠭᠠᠷ ᠲᠦᠷᠦᠯ ᠤᠨ ᠠᠮᠢᠲᠡᠨ ᠤ ᠬᠢᠵᠢᠭ ᠢᠶᠠᠷ ᠳᠣᠭᠳᠠᠭᠠᠭᠰᠠᠨ ᠶᠣᠮ ᠃
ᠨᠢᠭᠡ ᠂ ᠡᠪᠡᠳᠴᠢᠨ ᠡᠭᠦᠰᠭᠡᠭᠴᠢ
ᠪᠤᠭᠤᠮ᠎ᠠ ᠶ᠋ᠢᠨ ᠰᠠᠪᠬᠠᠨᠴᠢᠷ ᠪᠠᠺᠲ᠋ᠸᠷᠢ ᠨᠢ ᠭᠷᠠᠮ ᠤᠨ ᠠᠷᠭ᠎ᠠ ᠴᠢᠨᠠᠷᠲᠠᠢ ᠲᠤᠮᠤ ᠰᠠᠪᠬᠠᠨᠴᠢᠷ ᠪᠠᠺᠲ᠋ᠸᠷᠢ ᠪᠠᠶᠢᠵᠤ ᠂ ᠦᠭᠦᠭᠦ ᠰᠢᠬᠠᠭᠰᠠᠨ ᠡᠪᠡᠳᠴᠢᠨ ᠲᠠᠢ ᠮᠠᠯ ᠤᠨ ᠴᠢᠰᠦᠨ ᠳ᠋ᠤ ᠶᠠᠭᠡ ᠭᠡᠮᠵᠢᠶᠠᠨ ᠤ ᠪᠠᠺᠲ᠋ᠸᠷᠢ ᠦᠷᠭᠦᠯᠵᠢ ᠳ᠋ᠠᠩ ᠢᠶᠠᠷ ᠪᠤᠶᠤ ᠬᠤᠤᠰ ᠢᠶᠠᠷ ᠤᠷᠤᠰᠢᠵᠤ ᠂ ᠬᠤᠶᠠᠷ ᠦᠵᠤᠭᠦᠷ ᠨᠢ ᠲᠡᠭᠰᠢᠭᠡᠨ ᠬᠤᠯᠤᠰᠤᠨ ᠤ ᠦᠶ᠎ᠠ ᠬᠡᠯᠪᠡᠷᠢ ᠲᠠᠢ ᠺᠠᠫᠠᠰᠤᠯ ᠡᠭᠦᠰᠲᠡᠭ ᠃ ᠲᠠᠵᠢᠭᠡᠯ ᠤᠨ ᠪᠤᠲᠠᠰ ᠲᠡᠭᠡᠷ᠎ᠡ ᠤᠷᠭᠤᠭᠤᠯᠤᠠᠠᠰᠠᠨ ᠪᠠᠺᠲ᠋ᠸᠷᠢ ᠶ᠋ᠢᠨ ᠪᠠᠶ᠎ᠠ ᠨᠢ ᠲᠤᠮᠤ ᠮᠦᠷᠲᠡᠭᠡᠨ ᠣᠯᠠᠩᠬᠢ ᠳ᠋ᠠᠭᠠᠨ ᠤᠷᠲᠤ ᠪᠠᠷ ᠭᠢᠨᠵᠢᠯᠡᠵᠤ
ᠬᠤᠯᠪᠤᠯᠲᠤᠭᠠᠳ ᠺᠠᠫᠠᠰᠤᠯ ᠡᠭᠦᠰᠲᠡᠭ ᠦᠭᠡᠢ ᠃ ᠲᠤᠰ ᠪᠠᠺᠲ᠋ᠸᠷᠢ ᠠᠮᠢᠲᠠᠨ ᠤ ᠪᠠᠶ᠎ᠠ ᠳᠤᠳᠤᠷ᠎ᠠ ᠰᠫᠤᠷ ᠡᠭᠦᠰᠲᠡᠭ ᠦᠭᠡᠢ ᠂ ᠡᠰᠡᠷᠭᠦᠴᠡᠭᠦ ᠭᠦᠴᠦᠨ ᠨᠢ ᠰᠤᠯᠠᠪᠲᠤᠷ ᠪᠤᠯᠪᠠᠴᠤ ᠠᠭᠠᠷ ᠲᠤ ᠰᠫᠤᠷ ᠡᠭᠦᠰᠴᠤ ᠂ ᠰᠫᠤᠷ ᠤᠨ ᠡᠰᠡᠷᠭᠦᠴᠡᠭᠦ ᠭᠦᠴᠦᠨ ᠨᠢ ᠮᠠᠰᠢ ᠴᠢᠩᠭ᠎ᠠ ᠂ ᠬᠠᠭᠤᠷᠠᠢ ᠤᠷᠴᠢᠨ ᠳ᠋ᠤ ᠤᠯᠠᠨ ᠵᠢᠯ ᠠᠮᠢᠲᠦᠷᠠᠵᠤ ᠂ ᠦᠨᠲᠦᠷ ᠲᠠᠷᠤᠴᠠᠲᠤ ᠠᠭᠤᠷ ᠲᠤ ︵ 120℃︶ 10 ᠮᠢᠨᠤᠢᠲ ᠪᠤᠯᠤᠭᠠᠳ ᠰᠠᠶᠢ ᠦᠭᠦᠨᠡ ᠃ ᠪᠤᠭᠤᠮ᠎ᠠ ᠶ᠋ᠢᠨ ᠰᠠᠪᠬᠠᠨᠴᠢᠷ ᠪᠠᠺᠲ᠋ᠸᠷᠢ ᠤᠨ ᠲᠠᠷᠬᠠᠯᠳᠠ ᠨᠢ ᠦᠷᠭᠡᠨ ᠂ ᠬᠤᠲᠤᠭᠤᠷ ᠴᠢᠭᠢᠭ ᠲᠠᠢ ᠭᠠᠵᠠᠷ ᠪᠤᠶᠤ ᠭᠤᠤᠯ ᠤᠨ ᠤᠰᠤ ᠦᠶᠡᠷᠯᠡᠲᠡᠭ ᠭᠠᠵᠠᠷ ᠲᠤ ᠭᠡᠷᠪᠡ ᠭᠠᠵᠠᠷ ᠤᠨ ᠭᠦᠷᠦᠰᠦ ᠨᠢ ᠪᠤᠭᠤᠮ᠎ᠠ ᠶ᠋ᠢᠨ ᠰᠠᠪᠬᠠᠨᠴᠢᠷ ᠪᠠᠺᠲ᠋ᠸᠷᠢ ᠶ᠋ᠢᠨ ᠰᠫᠤᠷ ᠲᠤ ᠪᠤᠵᠠᠷᠲᠤᠪᠠᠯ ᠲᠤᠰ ᠡᠪᠡᠳᠴᠢᠨ ᠡᠭᠦᠰᠲᠡᠭ ᠃ ᠬᠠᠯᠲᠠᠪᠤᠷᠢᠯᠠᠬᠤ ᠵᠠᠮ ᠨᠢ
ᠭᠤᠤᠯᠲᠠᠭᠤ ᠰᠢᠩᠭᠡᠭᠡᠯᠳᠡ ᠶ᠋ᠢᠨ ᠵᠠᠮ ᠪᠤᠯᠤᠨ᠎ᠠ ᠃ ᠪᠠᠶᠢᠭᠠᠯᠢ ᠶ᠋ᠢᠨ ᠨᠦᠭᠦᠴᠡᠯ ᠲᠤᠤᠷ᠎ᠠ ᠂ ᠭᠦᠷᠦᠰᠦ ᠰᠢᠷᠤᠢ ᠂ ᠪᠤᠷᠲᠤᠭ᠎ᠠ ᠂ ᠤᠤᠭᠤᠬᠤ ᠤᠰᠤ ᠵᠡᠷᠭᠡ ᠪᠤᠵᠠᠷᠲᠤᠠᠨᠰᠠᠨ ᠡᠴᠠ ᠪᠤᠯᠵᠤ ᠡᠪᠡᠳᠴᠢᠨ ᠡᠭᠦᠰᠲᠡᠭ ᠃ ᠴᠢᠰᠦ ᠤᠷᠤᠠᠠᠴᠢ ᠰᠢᠪᠠᠵᠢ ︵ ᠢᠯᠠᠭ᠎ᠠ ᠂ ᠨᠦᠮᠦᠷᠭᠡ ᠶ᠋ᠢᠨ ᠲᠦᠷᠦᠯ ︶ ᠲᠠᠮᠵᠢᠭᠤᠯᠤᠠᠠᠴᠢ ᠪᠤᠯᠲᠠᠭ ᠃
ᠬᠣᠶᠠᠷ ᠂ ᠡᠪᠡᠳᠴᠢᠨ ᠤ ᠰᠢᠨᠵᠢ ᠲᠠᠮᠲᠡᠭ
ᠲᠠᠯᠲᠠ ᠬᠤᠭᠤᠴᠠᠭ᠎ᠠ ᠨᠢ 1 5 ᠡᠲᠤᠷ ᠂ ᠡᠪᠡᠳᠴᠢᠨ ᠤ ᠶᠠᠪᠤᠴᠨ ᠶ᠋ᠢ ᠨᠢ ᠦᠨᠲᠦᠰᠦᠯᠡᠵᠦ ᠂ ᠬᠠᠮᠤᠭ ᠴᠤᠴᠢᠮᠠᠭ ᠭᠡᠯᠪᠠᠷᠢ ᠂ ᠴᠤᠴᠢᠮᠠᠭ ᠭᠡᠯᠪᠡᠷᠢ ᠪᠠ ᠴᠣᠴᠢᠮᠠᠭᠳᠠᠭᠣ ᠭᠡᠯᠪᠡᠷᠢ ᠭᠡᠵᠦ ᠭᠤᠷᠪᠠᠨ ᠭᠡᠯᠪᠡᠷᠢ ᠬᠤᠪᠢᠶᠠᠲᠠᠭ ᠃ ᠬᠠᠮᠤᠭ ᠴᠤᠴᠢᠮᠠᠭ ᠭᠡᠯᠪᠡᠷᠢ ᠄ ᠠᠮᠢᠲᠦ ᠦᠶ᠎ᠡ ᠳ᠋ᠤ ᠢᠯᠨ ᠰᠢᠨᠵᠢ ᠲᠡᠮᠲᠡᠭ ᠦᠨᠲᠦᠰᠦᠨ ᠳ᠋ᠡᠭᠡᠨ ᠢᠯᠡᠷᠡᠭᠦ ᠦᠭᠡᠢ ᠂ ᠭᠡᠨᠡᠳᠲᠠ ᠰᠠᠪᠠᠵᠤ ᠤᠨᠠᠭᠠᠳ ᠠᠮᠢᠰᠬᠤᠯ ᠨᠢ ᠭᠦᠴᠢᠷᠲᠡᠵᠦ ᠂ ᠰᠠᠯᠢᠰᠤᠲᠤ ᠪᠦᠷᠭᠦᠭᠦᠯ ᠨᠢ ᠭᠦᠷᠡᠡᠭᠲᠡᠵᠦ ᠂ ᠪᠦᠭᠦ ᠪᠠᠶ᠎ᠠ ᠨᠢ ᠴᠡᠴᠡᠷᠡᠵᠦ ᠂ ᠠᠮᠨ ᠬᠠᠮᠠᠷ ᠡᠴᠠ ᠨᠢ ᠴᠢᠰᠤ ᠭᠦᠭᠡᠰᠦ ᠭᠤᠭᠤᠵᠢᠵᠤ ᠂ ᠬᠤᠰᠬᠢᠨᠠᠭ ᠪᠠ ᠰᠢᠭᠡᠰᠤᠨ ᠰᠦᠪᠡ ᠡᠴᠠ ᠨᠢ ᠨᠦᠵᠢᠷᠡᠭᠦ ᠦᠭᠡᠢ ᠂ ᠬᠠᠷ᠎ᠠ ᠦᠩᠭᠡᠲᠠᠢ ᠴᠢᠰᠤ ᠭᠤᠭᠤᠵᠢᠵᠤ ᠂ ᠪᠠᠷᠤᠭ ᠨᠢᠭᠡ ᠴᠠᠭ ᠤᠨ ᠲᠤᠲᠤᠷ᠎ᠠ ᠦᠭᠦᠨᠠ ᠃ ᠴᠤᠴᠢᠮᠠᠭ ᠭᠡᠯᠪᠡᠷᠢ ᠄ ᠪᠠᠶ᠎ᠠ ᠶ᠋ᠢᠨ ᠬᠠᠯᠠᠭᠤᠨ ᠨᠢ ᠲᠡᠭᠡᠭᠰᠢᠯᠡᠵᠤ 40 40℃ᠭᠦᠷᠴᠦ ᠂ ᠲᠡᠵᠢᠭᠡᠯ ᠡᠴᠠ ᠪᠡᠨ ᠭᠠᠷᠴᠤ ᠂ ᠵᠠᠷᠢᠮ ᠳ᠋ᠠᠭᠠᠨ ᠬᠡᠢ ᠳᠦᠭᠦᠷᠡᠨᠠ ᠃ ᠡᠪᠡᠳᠴᠢᠨ ᠲᠠᠢ ᠮᠠᠯ ᠨᠢ ᠡᠬᠢᠯᠡᠭᠡᠳ ᠭᠦᠭᠡᠷᠴᠤ ᠂ ᠰᠡᠭᠦᠯᠡᠷ ᠨᠢ ᠨᠤᠵᠤᠭᠤᠷᠠᠨ᠎ᠠ ᠃ ᠠᠮᠢᠰᠬᠤᠯ ᠨᠢ ᠭᠦᠴᠢᠷᠲᠡᠵᠦ ᠂ ᠰᠠᠯᠢᠰᠤᠲᠤ ᠪᠦᠷᠬᠦᠬᠦᠯ ᠨᠢ ᠬᠦᠭᠡᠷᠡᠵᠦ ᠴᠢᠰᠤᠨ ᠲᠤᠯᠪᠤ᠋ ᠭᠠᠷᠴᠤ ᠂ ᠠᠮᠨ ᠬᠠᠮᠠᠷ ᠡᠴᠠ ᠨᠢ ᠴᠢᠰᠤ ᠲᠠᠢ ᠭᠦᠬᠡᠰᠦ ᠭᠤᠭᠤᠵᠢᠨ᠎ᠠ ᠃
ᠭᠦᠵᠦᠭᠦᠤ ᠂ ᠴᠡᠭᠡᠵᠢ ᠂ ᠭᠡᠪᠡᠯᠢ ᠶ᠋ᠢᠨ ᠭᠡᠰᠡᠭ ᠪᠠ ᠭᠠᠲᠠᠷ ᠪᠡᠯᠭᠡ ᠶ᠋ᠢᠨ ᠡᠷᠭᠡᠲᠠᠨ ᠳ᠋ᠤ ᠤᠰᠤᠨ ᠬᠠᠪᠤᠩ᠌ ᠡᠭᠦᠰᠦᠨ᠎ᠡ ᠃ ᠵᠡᠷᠢᠮ ᠡᠪᠡᠳᠴᠢᠨ ᠲᠠᠢ ᠮᠠᠯ ᠤᠨ ᠪᠠᠭᠠᠰᠤᠨ ᠳ᠋ᠤ ᠴᠢᠰᠤ ᠲᠠᠢ ᠪᠠᠶᠢᠵᠤ ᠂ ᠭᠡᠲᠡᠰᠦ ᠡᠪᠡᠳᠭᠦ ᠰᠢᠨᠵᠢ ᠲᠡᠮᠲᠡᠭ ᠢᠯᠡᠷᠡᠵᠦ ᠂ ᠪᠠᠷᠤᠭ 1 3 ᠡᠲᠤᠷ ᠲᠤ ᠦᠭᠦᠲᠡᠭ ᠃ ᠴᠣᠴᠢᠮᠠᠭᠳᠠᠭᠣ ᠭᠡᠯᠪᠡᠷᠢ ᠄ ᠴᠤᠴᠢᠮᠠᠭ ᠭᠡᠯᠪᠡᠷᠢ ᠲᠠᠢ ᠠᠲᠠᠯᠢᠪᠲᠤᠷ ᠪᠤᠯᠪᠠᠴᠤ ᠡᠪᠡᠳᠴᠢᠨ ᠤ ᠶᠠᠪᠤᠴᠨ ᠨᠢ ᠨᠡᠯᠢᠶᠡᠳ ᠤᠷᠲᠤ ᠂ ᠰᠢᠨᠵᠢ ᠲᠡᠮᠲᠡᠭ ᠨᠢ ᠨᠠᠮᠵᠢᠭᠤᠨ ᠂ ᠪᠠᠶ᠎ᠠ ᠶ᠋ᠢᠨ ᠭᠠᠲᠠᠷᠭᠤ ᠶ᠋ᠢᠨ ᠡᠯ᠎ᠡ ᠭᠡᠰᠡᠭ
ᠲᠤᠬᠠᠶᠢᠯᠡᠪᠠᠯ ᠲᠦᠪᠦᠭᠭᠡᠢ ᠂ ᠭᠦᠵᠦᠭᠦᠤ ᠪᠠ ᠠᠮᠠᠨ ᠭᠦᠨᠲᠠᠢ ᠶ᠋ᠢᠨ ᠰᠠᠯᠢᠰᠤᠲᠤ ᠪᠦᠷᠬᠦᠬᠦᠯ ᠤᠨ ᠭᠡᠰᠡᠭ ᠲᠤ ᠭᠡᠰᠡᠭ ᠪᠠᠶᠢᠷᠢ ᠶ᠋ᠢᠨ ᠴᠢᠨᠠᠷᠲᠠᠢ ᠦᠷᠪᠢᠰᠦᠯᠲᠦ ᠤᠰᠤᠨ ᠬᠠᠪᠤᠩ ᠡᠭᠦᠰᠴᠤ ᠂ ᠬᠠᠪᠤᠲᠤᠠᠠᠰᠠᠨ ᠭᠡᠰᠡᠭ ᠨᠢᠤᠷᠢᠲᠡᠪᠡᠷ ᠬᠠᠲᠠᠭᠤ ᠮᠦᠷᠲᠡᠭᠡᠨ ᠬᠠᠯᠠᠭᠤᠨ ᠂ ᠡᠮᠵᠡᠭᠲᠠᠢ ᠪᠠᠶᠢᠵᠤ ᠂ ᠰᠡᠭᠦᠯᠡᠷ ᠨᠢ ᠭᠦᠷᠦᠵᠦ ᠂ ᠡᠪᠡᠳᠭᠦ ᠰᠡᠷᠡᠯ ᠢᠶᠡᠨ ᠠᠯᠲᠠᠵᠤ ᠂ ᠬᠠᠮᠤᠭ ᠡᠴᠤᠰ ᠲᠡᠭᠡᠨ ᠦᠬᠦᠵᠢᠯ ᠡᠭᠦᠰᠭᠦ ᠪᠤᠶᠤ ᠰᠢᠷᠬᠠᠯᠠᠭ᠎ᠠ ᠪᠤᠯᠲᠠᠭ ᠤᠴᠢᠷ ᠡᠴᠨ ᠡᠭᠦᠨ ᠢ ᠪᠤᠭᠤᠮ᠎ᠠ ᠶ᠋ᠢᠨ ᠬᠠᠲᠠᠭᠢ ᠭᠡᠲᠡᠭ ᠃
ᠲᠤᠰ ᠡᠪᠡᠣᠨᠴᠢᠨ ᠤ ᠦᠪᠡᠷᠮᠢᠴᠠ ᠰᠢᠨᠵᠢ ᠲᠡᠮᠳᠡᠭ ᠄
ᠦᠬᠡᠷ ᠄ ᠭᠤᠤᠯᠳᠠᠭᠤ ᠴᠣᠴᠢᠮᠠᠭ ᠬᠡᠯᠪᠡᠷᠢ ᠪᠡᠷ ᠡᠬᠦᠰᠳᠡᠭ ᠃ ᠲᠡᠬᠡᠷᠡᠬᠢ ᠨᠡᠶᠢᠳᠡᠯᠢᠭ ᠰᠢᠨᠵᠢ
ᠲᠡᠮᠳᠡᠭ ᠡᠴᠡ ᠭᠠᠳᠠᠨ᠎ᠠ ᠪᠠᠰᠠ ᠬᠦᠵᠡᠬᠡ ᠨᠢ ᠬᠦᠬᠡᠬᠦ ᠂ ᠬᠡᠪᠡᠯᠢ ᠨᠢ ᠡᠪᠡᠣᠨᠬᠦ ᠂ ᠡᠬᠢᠨ ᠳ᠋ᠡᠬᠡᠨᠬᠦ᠋ᠬᠡᠷᠬᠦ ᠂ ᠠᠶᠤᠨ ᠰᠣᠴᠢᠬᠤ ᠂ ᠡᠨᠳᠡ ᠲᠡᠨᠳᠡ ᠮᠦᠷᠬᠦᠬᠦ ᠂ ᠰᠡᠬᠦᠯᠡᠷ ᠨᠢ ᠮᠠᠭᠤᠵᠢᠷᠠᠬᠤ ᠵᠡᠷᠭᠡ ᠢᠯᠡᠷᠡᠯ ᠲᠠᠢ ᠃ ᠠᠳᠣᠭᠣ ᠄ ᠭᠤᠤᠯᠳᠠᠭᠤ ᠴᠣᠴᠢᠮᠠᠭ ᠬᠡᠯᠪᠡᠷᠢ ᠪᠡ ᠲᠡᠳ᠋ ᠴᠣᠴᠢᠮᠠᠭ ᠬᠡᠯᠪᠡᠷᠢ ᠪᠡᠷ ᠡᠬᠦᠰᠣᠨᠡ ᠃ ᠲᠡᠬᠡᠷᠡᠬᠢ ᠨᠡᠶᠢᠳᠡᠯᠢᠭ ᠰᠢᠨᠵᠢ ᠲᠠᠮᠳᠠᠭ᠌ ᠡᠴᠡ ᠭᠠᠳᠠᠨ᠎ᠠ ᠪᠠᠰᠠ ᠬᠡᠳᠡᠰᠣ ᠡᠪᠡᠣᠨᠬᠦ ᠂ ᠬᠦᠯᠦᠰᠣ ᠭᠠᠷᠬᠤ ᠂ ᠠᠮᠢᠰᠬᠤᠯ ᠲᠦᠷᠬᠡᠰᠬᠦ ᠵᠡᠷᠬᠡ ᠢᠯᠡᠷᠡᠯ ᠲᠠᠢ ᠃
ᠬᠤᠨᠢ ᠢᠮᠠᠭ᠎ᠠ ᠄ ᠤᠯᠠᠩᠬᠢ ᠳ᠋ᠠᠭᠠᠨ ᠬᠠᠮᠤᠭ ᠴᠣᠴᠢᠮᠠᠭ ᠬᠡᠯᠪᠡᠷᠢ ᠪᠡᠷ ᠡᠬᠦᠰᠳᠡᠭ ᠃ ᠵᠠᠷᠢᠮ ᠨᠢ ᠡᠳᠣᠷ ᠡᠷᠡᠬᠦᠯ ᠪᠠᠯᠴᠢᠵᠤ ᠪᠠᠶᠢᠭ᠎ᠠ ᠬᠤᠨᠢ ᠲᠠᠷᠠᠭ᠎ᠠ ᠡᠷᠳᠡ ᠨᠢ ᠠᠵᠢᠭᠯᠠᠬᠤ ᠳ᠋ᠣ ᠬᠠᠰᠢᠶᠠᠨ ᠲᠤᠳᠣᠷ᠎ᠠ ᠪᠠᠨ
ᠦᠬᠦᠭᠰᠡᠨ ᠪᠠᠶᠢᠳᠠᠭ ᠃ ᠡᠰᠡᠬᠦᠯ᠎ᠡ ᠪᠠᠯᠴᠢᠵᠣ ᠪᠠᠶᠢᠭ᠎ᠠ ᠬᠤᠨᠢᠨ ᠰᠦᠷᠦᠭ ᠡᠴᠡ ᠪᠡᠨ ᠬᠤᠴᠣᠷᠬᠤ ᠂ ᠬᠡᠪᠳᠡᠬᠦ
ᠪᠤᠶᠤ ᠠᠯᠬᠤᠬᠤ ᠳ᠋ᠣ ᠨᠠᠶᠢᠭᠤᠯᠵᠠᠵᠤ ᠂ ᠡᠪᠡᠰᠣ ᠢᠳᠡᠬᠦ ᠲᠤᠷ᠎ᠡ ᠦᠬᠡᠢ ᠪᠠᠶᠢᠵᠤ ᠭᠡᠨᠡᠳᠲᠠ ᠪᠠᠷ ᠠᠮᠢᠰᠬᠤᠯ
ᠲᠦᠷᠬᠡᠣᠨᠴᠣ ᠂ ᠬᠦᠵᠦᠬᠦᠣ ᠪᠡᠨ ᠨᠣᠭᠣᠯᠣᠨ ᠰᠢᠳᠣ ᠬᠠᠪᠢᠷᠴᠣ ᠬᠠᠭᠠᠰ ᠴᠠᠭ ᠪᠤᠶᠤ ᠬᠤᠶᠠᠷ ᠴᠠᠭ ᠤᠨ
ᠲᠤᠳᠣᠷᠡ ᠦᠬᠦᠳᠡᠭ ᠃
ᠭᠠᠬᠠᠢ ᠄ ᠣᠯᠠᠩᠬᠢ ᠳ᠋ᠠᠭᠠᠨ ᠣᠳᠠᠭᠠᠨ ᠬᠡᠯᠪᠡᠷᠢ ᠪᠡᠷ ᠲᠤᠰᠴᠣ ᠂ ᠤᠲᠠᠭᠠᠨ ᠭᠡᠯᠪᠡᠷᠢ ᠶ᠋ᠢᠨ
ᠪᠠᠭᠠᠯᠵᠤᠤᠷ ᠤᠨ ᠦᠷᠪᠢᠰᠣᠯ ᠣᠯᠵᠣ ᠂ ᠵᠠᠷᠢᠮ ᠨᠢ ᠪᠦᠭᠯᠡᠷᠡᠵᠣ ᠦᠬᠦᠳᠡᠭ ᠃ ᠴᠤᠴᠢᠮᠠᠭ ᠪᠠ ᠲᠡᠳ᠋
ᠴᠣᠴᠢᠮᠠᠭ ᠬᠡᠯᠪᠡᠷᠢ ᠪᠡᠷ ᠡᠬᠦᠰᠴᠣ ᠦᠬᠦᠳᠡᠭ ᠴᠣ ᠪᠣᠢ ᠃
ᠭᠦᠮᠦᠨ ᠳ᠋ᠤ ᠣᠯᠠᠩᠬᠢ ᠳ᠋ᠠᠭᠠᠨ ᠠᠷᠠᠰᠤ ᠪᠡᠷ ᠬᠠᠯᠲᠠᠪᠤᠷᠢᠯᠠᠵᠤ ᠂ ᠴᠢᠰᠤ ᠦᠵᠢᠷᠡᠭᠦ ᠭᠡᠮ ᠢᠶᠠᠷ
ᠦᠭᠦᠲᠡᠭ ᠃
ᠭᠣᠷᠪᠠ ᠂ ᠡᠮᠭᠡᠭ ᠤᠨ ᠬᠤᠪᠢᠷᠠᠯ
ᠭᠡᠭᠦᠷ ᠭᠦᠰᠢᠭᠦ ᠨᠢ ᠭᠦᠢᠴᠡᠳ ᠦᠭᠡᠢ ᠂ ᠭᠦᠵᠡᠭᠡᠨ ᠳ᠋ᠤᠨᠢ ᠭᠡᠢ ᠲᠦᠭᠦᠷᠴᠦ ᠂ ᠬᠤᠰᠬᠢᠨᠠᠭ ᠨᠢ
ᠭᠦᠲᠦᠶᠢᠵᠦ ᠂ ᠲᠦᠷᠦᠯᠭᠢ ᠨᠦᠭᠡ ᠰᠦᠪᠡ ᠡᠴᠨ ᠨᠢ ᠴᠢᠰᠤ ᠰᠢᠭ᠋ ᠭᠦᠭᠡᠰᠦ ᠭᠤᠭᠤᠵᠢᠵᠤ ᠂ ᠰᠠᠯᠢᠰᠤᠲᠤ
ᠪᠦᠷᠭᠦᠭᠦᠯ ᠨᠢ ᠭᠦᠷᠡᠩᠲᠡᠵᠦ ᠂ ᠴᠢᠰᠤᠨ ᠲᠤᠯᠪᠤ᠋ ᠲᠠᠢ ᠪᠤᠯᠤᠨ᠎ᠠ ᠃ ᠠᠷᠠᠰᠤᠨ ᠲᠤᠤᠷ᠎ᠠ ᠂ ᠪᠤᠯᠴᠢᠩ ᠪᠠ
ᠰᠠᠯᠢᠰᠣᠳᠣ ᠪᠦᠷᠬᠦᠬᠦᠯ ᠨᠢ ᠤᠯᠠᠭᠠᠨ ᠪᠤᠶᠤ ᠰᠢᠷᠠᠪᠲᠤᠷ ᠦᠩᠭᠡᠲᠠᠢ ᠴᠠᠪᠠᠤᠯᠢᠭ ᠨᠡᠪᠴᠢᠷᠡᠯ ᠲᠠᠢ ᠃ ᠴᠢᠰᠤ ᠨᠢ
ᠬᠠᠷᠠᠪᠲᠤᠷ ᠤᠯᠠᠭᠠᠨ ᠦᠩᠭᠡᠲᠠᠢ ᠂ ᠨᠦᠵᠢᠷᠡᠭᠦ ᠦᠭᠡᠢ ᠂ ᠨᠢᠯᠴᠠᠭᠠᠶᠢᠷᠠᠭᠠᠳ ᠲᠠᠪᠠᠷᠬᠠᠢ ᠶ᠋ᠢᠨ ᠲᠤᠰᠤ
ᠮᠠᠶᠢᠠᠠᠲᠠᠢ ᠪᠤᠯᠲᠠᠭ ᠃ ᠲᠡᠯᠢᠭᠦᠤ ᠨᠢ ᠲᠤᠮᠤᠷᠠᠵᠤ ᠵᠠᠷᠢᠮ ᠦᠶ᠎ᠠ ᠳ᠋ᠤ ᠭᠡᠪ ᠤᠨ ᠬᠢ ᠡᠴᠠ ᠪᠡᠨ 3 4
ᠲᠠᠭᠢᠨ ᠪᠤᠯᠵᠤ ᠬᠠᠷᠠᠪᠲᠤᠷ ᠤᠯᠠᠭᠠᠨ ᠦᠩᠭᠡᠲᠠᠢ ᠬᠡᠤᠷᠭᠡᠭ ᠨᠢᠯᠴᠠᠭᠠᠢ ᠪᠠᠶᠢᠲᠠᠯᠲᠠᠢ ᠪᠤᠯᠵᠤ ᠂ ᠯᠢᠮᠪᠠ ᠶ᠋ᠢᠨ
ᠵᠠᠩᠭᠢᠯᠠᠭ᠎ᠠ ᠳ᠋ᠤᠨᠢ ᠴᠢᠰᠤ ᠭᠠᠷᠴᠤ ᠬᠠᠪᠤᠲᠤᠨᠠ ᠃
ᠳᠦᠷᠪᠡ ᠂ ᠰᠢᠨᠵᠢᠯᠡᠭᠦ
ᠪᠤᠭᠤᠮ᠎ᠠ ᠡᠪᠡᠣᠨᠴᠢᠨ ᠲᠠᠢ ᠮᠠᠯ ᠤᠨ ᠬᠡᠬᠦᠷ ᠢ ᠶᠠᠷᠤᠲᠡᠭᠡᠨ ᠵᠠᠳᠠᠯᠵᠤ ᠰᠢᠨᠵᠢᠯᠡᠵᠤ ᠪᠤᠯᠬᠤ ᠦᠬᠡᠢ ᠃
ᠵᠠᠲᠠᠯᠬᠤ ᠴᠢᠬᠤᠯᠨ ᠲᠠᠢ ᠪᠤᠯ ᠴᠢᠩᠭ᠎ᠠ ᠲᠤᠰᠠᠭᠠᠷᠯᠠᠵᠤ ᠠᠷᠢᠭᠣᠳᠬᠠᠭᠰᠠᠨ ᠲᠠᠯᠠᠪᠠᠢ ᠳ᠋ᠤ ᠠᠶᠤᠯ ᠦᠭᠡᠢ
ᠠᠷᠭ᠎ᠠ ᠭᠡᠮᠵᠢᠶ᠎ᠠ ᠠᠪᠤᠬᠰᠠᠨ ᠪᠠᠶᠢᠲᠠᠯ ᠲᠤᠤᠷ᠎ᠠ ᠭᠢᠨ᠎ᠡ ᠃ ᠪᠤᠭᠤᠮ᠎ᠠ ᠡᠪᠡᠳᠴᠢᠨ ᠤ ᠰᠡᠵᠢᠭᠲᠠᠢ ᠦᠭᠦᠭᠰᠡᠨ
ᠦᠭᠡᠢ ᠬᠤᠨᠢᠨ ᠤ ᠲᠡᠭᠦᠰᠬᠡᠯ ︵ ᠴᠢᠬᠢ ᠂ ᠲᠦᠷᠪᠡᠨ ᠮᠦᠴᠢ ᠂ ᠰᠡᠭᠦᠯ ︶ ᠤᠨ ᠴᠢᠰᠤᠨ ᠰᠤᠲᠠᠯ ᠡᠴᠨ ᠴᠢᠰᠤ
ᠠᠪᠴᠤ ᠂ ᠴᠢᠬᠤᠯᠨ ᠲᠠᠢ ᠪᠤᠯ ᠭᠡᠰᠡᠭ ᠪᠠᠶᠢᠷᠢ ᠶ᠋ᠢ ᠵᠠᠲᠠᠯᠵᠤ ᠂ ᠲᠡᠯᠢᠭᠦᠦ ᠶ᠋ᠢᠨ ᠨᠢᠭᠡ ᠬᠡᠰᠡᠭ ᠡᠴᠨ
ᠲᠦᠷᠭᠢᠴᠨ ᠪᠡᠯᠡᠳᠭᠡᠵᠤ ᠂ ᠬᠢᠮᠰᠨ ᠶ᠋ᠢᠨ ᠪᠤᠲᠤᠭ ᠂ ᠷᠠᠶᠢᠲ ᠤᠨ ᠪᠤᠲᠤᠭ ᠪᠤᠶᠤ ᠮᠧᠲ᠋ᠢᠯ ᠭᠦᠬᠡ ᠪᠡᠷ ᠪᠤᠲᠤᠵᠤ ᠂
ᠲᠤᠲᠤᠳᠬᠠᠬᠤ ᠰᠢᠯ ᠲᠤᠤᠷ᠎ᠠ ᠠᠵᠢᠬᠯᠠᠬᠤ ᠳ᠋ᠤ ᠪᠠᠺᠲ᠋ᠸᠷᠢ ᠨᠢ ᠤᠯᠠᠭᠠᠨ ᠦᠩᠭᠡ ᠪᠡᠷ ᠪᠤᠲᠤᠬᠲᠠᠵᠤ ᠂
ᠺᠠᠫᠠᠰᠤᠯ ᠨᠢ ᠭᠦᠷᠡᠡᠭ ᠦᠡᠭᠭᠡ ᠪᠡᠷ ᠪᠤᠲᠤᠬᠲᠠᠵᠤ ︵ ᠰᠡᠭᠦᠯ ᠤᠨ ᠪᠤᠲᠤᠬᠤ ᠠᠷᠭ᠎ᠠ ᠪᠠᠷ ᠪᠤᠲᠤᠪᠠᠯ ᠪᠠᠺᠲ᠋ᠸᠷᠢ
ᠨᠢ ᠭᠦᠬᠡ ᠦᠩᠭᠡ ᠪᠡᠷ ᠪᠤᠲᠤᠬᠲᠠᠵᠤ ᠂ ᠺᠠᠫᠠᠰᠤᠯ ᠨᠢ ᠣᠯᠠᠭᠠᠨ ᠦᠡᠭᠭᠡ ᠪᠡᠷ ᠪᠤᠲᠤᠬᠲᠠᠨ᠎ᠠ ︶ ᠂ ᠬᠤᠶᠠᠷ
ᠦᠵᠦᠭᠦᠷ ᠨᠢ ᠲᠡᠭᠰᠢᠬᠡᠨ ᠂ ᠬᠤᠯᠤᠰᠤᠨ ᠤ ᠦᠶ᠎ᠡ ᠭᠡᠯᠪᠡᠷᠢᠲᠠᠢ ᠲᠤᠮᠤ ᠰᠠᠪᠬᠠᠠᠴᠢᠷ ᠪᠠᠺᠲ᠋ᠸᠷᠢ ᠬᠠᠷᠠᠬᠲᠠᠪᠠᠯ
ᠲᠡᠭᠦᠨ ᠤ ᠰᠢᠨᠵᠢ ᠲᠠᠮᠲᠡᠭ ᠲᠠᠢ ᠨᠢ ᠤᠶᠠᠯᠲᠤᠭᠤᠯᠵᠤ ᠪᠤᠭᠤᠮ᠎ᠠ ᠡᠪᠡᠳᠴᠢᠨ ᠭᠡᠵᠦ ᠲᠤᠲᠤᠯᠠᠨᠠ ᠃ ᠭᠡᠷᠪᠡ
ᠳᠣᠳᠣᠳᠬᠠᠬᠤ ᠰᠢᠯ ᠲᠤᠤᠷ᠎ᠠ ᠪᠠᠶᠢᠴᠠᠭᠠᠭᠠᠳ ᠤᠨᠤᠪᠴᠢᠲᠠᠢ ᠲᠤᠲᠤᠯᠠᠵᠤ ᠲᠡᠶᠢᠯᠭᠦ ᠦᠬᠡᠢ ᠪᠤᠯ ᠪᠠᠺᠲ᠋ᠸᠷᠢ
ᠶ᠋ᠢᠨ ᠰᠤᠲᠤᠯᠤᠯ ᠪᠤᠶᠤ ᠴᠢᠰᠤᠨ ᠴᠠᠶᠢᠪᠠᠩ ᠤᠨ ᠰᠤᠲᠤᠯᠤᠯ ᠢᠶᠠᠷ ᠪᠠᠶᠢᠴᠠᠭᠠᠨ᠎ᠠ ᠃ ᠭᠤᠤᠯᠲᠠᠭᠤ ᠪᠠᠺᠲ᠋ᠸᠷᠢ
ᠰᠠᠯᠭᠠᠬᠤ ᠂ ᠴᠠᠭᠠᠷᠢᠬᠯᠠᠨ ᠲᠤᠨᠤᠬᠤ ᠤᠷᠪᠠᠯ ᠵᠡᠷᠭᠡ ᠲᠤᠷᠰᠢᠯᠲᠠ ᠶ᠋ᠢᠨ ᠠᠷᠭ᠎ᠠ ᠶ᠋ᠢ ᠦᠨᠲᠦᠰᠦᠯᠡᠨ
ᠲᠤᠲᠤᠯᠠᠨᠠ ᠃ ᠰᠢᠨᠵᠢᠯᠡᠭᠡᠨ ᠲᠡᠭᠡᠷ᠎ᠡ ᠮᠠᠭᠤ ᠴᠢᠨᠠᠷ ᠤᠨ ᠤᠰᠤᠨ ᠬᠠᠪᠤᠩ ᠂ ᠲᠠᠭᠤᠲᠤ ᠬᠠᠪᠤᠲᠠᠷ ᠪᠠ
ᠦᠭᠡᠷ ᠤᠨ ᠪᠠᠰᠲ᠋ᠸᠷ ᠤᠨ ᠰᠠᠪᠬᠠᠨᠴᠢᠷ ᠪᠠᠺᠲ᠋ᠸᠷᠢᠲᠦ ᠡᠪᠡᠳᠴᠢᠨ ᠵᠡᠷᠭᠡ ᠲᠠᠢ ᠢᠯᠭᠠᠬᠤ ᠭᠡᠷᠡᠭᠲᠠᠢ ᠃
ᠳᠠᠪᠣ ᠂ ᠰᠡᠷᠬᠡᠶᠢᠯᠡᠬᠦ
ᠬᠡᠷᠪᠡ ᠪᠤᠭᠤᠮ᠎ᠠ ᠡᠪᠡᠣᠨᠴᠢᠨ ᠢᠶ᠋ᠡᠷ ᠦᠬᠦᠭᠰᠡᠨ ᠮᠠᠯ ᠬᠡᠵᠣ ᠲᠤᠲᠤᠯᠠᠪᠠᠯ ᠲᠠᠷᠣᠢ ᠲᠦᠷᠬᠡᠨ ᠲᠡᠬᠡᠳᠣ
ᠱᠠᠳᠣᠨ ᠤ ᠬᠠᠮᠢᠶ᠎ᠠ ᠪᠦᠬᠦᠢ ᠪᠠᠶᠢᠭᠤᠯᠭ᠎ᠠ ᠳ᠋ᠣ ᠮᠡᠳᠡᠭᠳᠡᠵᠣ ᠡᠪᠡᠣᠨᠴᠢᠨ ᠡᠭᠦᠰᠦᠭᠰᠡᠨ ᠲᠤᠬᠠᠢ ᠶ᠋ᠢᠨ ᠭᠠᠵᠠᠷ
ᠣᠷᠣᠨ ᠢ ᠪᠢᠳᠡᠬᠦᠮᠵᠢᠯᠡᠨ ᠂ ᠬᠦᠮᠦᠨ ᠮᠠᠯ ᠂ ᠲᠡᠷᠬᠡ ᠣᠨᠣᠭ᠎ᠠ ᠵᠡᠷᠬᠡ ᠨᠠᠰᠢ ᠴᠠᠰᠢ ᠭᠠᠷᠴᠣ ᠣᠷᠣᠬᠣ ᠶ᠋ᠢ
ᠬᠢᠵᠠᠭᠠᠷᠯᠠᠨ᠎ᠠ ᠃ ᠲᠡᠷᠡ ᠲᠠᠷᠣᠢ ᠳ᠋ᠣᠨᠢ ᠡᠪᠡᠣᠨᠴᠢᠨ ᠲᠠᠢ ᠮᠠᠯ ᠢ ᠲᠤᠰᠠᠭᠠᠷᠯᠠᠵᠤ ︵ ᠡᠮᠴᠢᠯᠡᠬᠡ ᠬᠢᠵᠣ ᠵᠠᠰᠠᠵᠤ
ᠪᠣᠯᠬᠣ ᠦᠬᠡᠢ ︶ ᠂ ᠣᠷᠴᠢᠨ ᠲᠤᠭᠤᠷᠢᠨ ᠤ ᠡᠷᠡᠬᠦᠯ ᠮᠠᠯ ᠳ᠋ᠣ ᠲᠠᠷᠣᠢ ᠲᠦᠷᠬᠡᠨ ᠰᠡᠷᠬᠡᠶᠢᠯᠡᠬᠦ ᠲᠠᠷᠢᠯᠭ᠎ᠠ
ᠲᠠᠷᠢᠨ᠎ᠠ ᠃ ᠣᠳᠣᠬᠠᠨ ᠳ᠋ᠣ ᠬᠡᠷᠡᠭᠯᠡᠵᠣ ᠪᠠᠶᠢᠭ᠎ᠠ ᠸᠠᠺᠼᠢᠨ ᠪᠤᠯ Ⅱ ᠳ᠋ᠣᠭᠠᠷ ᠨᠣᠮᠸᠷᠳᠣ ᠪᠤᠭᠤᠮ᠎ᠠ ᠶ᠋ᠢᠨ
ᠰᠠᠪᠬᠠᠨᠴᠢᠷ ᠪᠠᠺᠲ᠋ᠸᠷᠢ ᠶ᠋ᠢᠨ ᠰᠫᠣᠷᠳᠣ ᠸᠠᠺᠼᠢᠨ ᠮᠦᠨ ᠂ ᠶᠡᠬᠡ ᠪᠠᠭ᠎ᠠ ᠮᠠᠯ ᠪᠦᠷᠢ ᠳ᠋ᠣ ᠠᠷᠠᠰᠣᠨ ᠲᠤᠤᠷ᠎ᠡ
ᠨᠢᠬᠡ ᠮᠢᠯᠢᠯᠢᠲ᠋ᠷ ᠲᠠᠷᠢᠨ᠎ᠠ ᠃ ᠰᠡᠷᠭᠡᠶᠢᠯᠡᠭᠦ ᠬᠤᠭᠤᠴᠠᠭ᠎ᠠ ᠨᠢ ᠨᠢᠬᠡ ᠵᠢᠯ ᠃
ᠮᠠᠯ ᠤᠨ ᠪᠤᠵᠠᠷᠳᠣᠭᠰᠠᠨ ᠬᠠᠰᠢᠶ᠎ᠠ ᠬᠦᠷᠢᠶ᠎ᠠ ᠶ᠋ᠢ 20% ᠤᠨ ᠴᠠᠶᠢᠷᠠᠭᠤᠯᠬᠤ ᠨᠤᠨᠲᠠᠭ ᠤᠨ
ᠠᠭᠤᠰᠣᠮᠠᠯ ᠢᠶ᠋ᠡᠷ ᠠᠷᠢᠭᠣᠣᠨᠬᠠᠵᠤ ᠂ ᠲᠡᠵᠢᠬᠡᠯ ᠪᠤᠷᠳᠣᠭᠠ ᠂ ᠮᠠᠯ ᠤᠨ ᠪᠠᠭᠠᠰᠣ ᠵᠡᠷᠬᠡ ᠶ᠋ᠢ ᠰᠢᠲᠠᠭᠠᠨ᠎ᠠ ᠃
ᠮᠠᠯ ᠤᠨ ᠬᠡᠬᠦᠷ ᠢ ᠰᠢᠳᠠᠭᠠᠵᠤ ᠬᠦᠨ ᠪᠤᠯᠠᠨ᠎ᠠ ᠂ ᠪᠤᠯᠠᠬᠤ ᠳ᠋ᠠᠭᠠᠨ ᠡᠷᠬᠡᠪᠰᠢ ᠬᠤᠶᠠᠷ ᠮᠸᠲ᠋ᠷ ᠡᠴᠡ ᠲᠤᠷᠤᠭᠰᠢ
ᠬᠦᠨ ᠮᠠᠯᠳᠠᠵᠤ ᠮᠠᠯ ᠤᠨ ᠦᠬᠦᠳᠡᠯ ᠤᠨ ᠲᠡᠬᠡᠷ᠎ᠡ ᠪᠡ ᠲᠤᠤᠷ᠎ᠡ ᠲᠠᠯ᠎ᠠ ᠳ᠋ᠣᠨᠢ ᠵᠣᠵᠠᠭᠠᠨ ᠴᠠᠶᠢᠷᠠᠭᠤᠯᠬᠤ
ᠨᠣᠨᠳᠠᠭ ᠢ ᠲᠠᠪᠢᠰᠤᠨᠠ ᠃ ᠬᠠᠮᠤᠭ ᠤᠨ ᠰᠡᠬᠦᠯ ᠳ᠋ᠣ ᠬᠦᠮᠦᠨ ᠂ ᠲᠡᠷᠬᠡ ᠂ ᠪᠠᠭᠠᠵᠢ ᠬᠡᠷᠡᠭᠰᠡᠯ ᠵᠡᠷᠬᠡ ᠪᠡᠨ
20% ᠤᠨ ᠴᠠᠶᠢᠷᠠᠭᠤᠯᠬᠤ ᠨᠤᠨᠳᠠᠭ ᠪᠤᠶᠤ ᠲᠤᠰᠬᠠᠢ ᠠᠷᠢᠭᠤᠤᠨᠬᠠᠯ ᠤᠨ ᠡᠮ ᠢᠶ᠋ᠡᠷ ᠬᠦᠢᠴᠡᠣᠨ ᠠᠷᠢᠭᠤᠳᠬᠠᠨ᠎ᠠ ᠃
ᠵᠢᠷᠭᠣᠭ᠎ᠠ ᠂ ᠡᠮᠴᠢᠯᠡᠭᠦ
ᠡᠪᠡᠳᠴᠢᠨ ᠤ ᠡᠬᠢᠨ ᠳ᠋ᠥ ᠪᠤᠭᠤᠮ᠎ᠠ ᠶ᠋ᠢᠨ ᠡᠰᠡᠷᠭᠦ ᠴᠢᠰᠤᠨ ᠴᠠᠶᠢᠪᠬᠭ᠌ ᠢ 150 200ml
ᠭᠦᠬᠡ ᠰᠤᠲᠠᠯ ᠢᠶᠠᠷ ᠲᠠᠷᠢᠬᠤ ᠪᠤᠶᠤ ᠭᠦᠬᠡ ᠰᠤᠲᠠᠯ ᠪᠠ ᠠᠷᠠᠰᠤᠨ ᠲᠤᠤᠷ᠎ᠠ ᠨᠢ ᠬᠠᠭᠠᠰ ᠬᠠᠭᠠᠰ ᠢᠶᠠᠷ
ᠲᠠᠷᠢᠨ᠎ᠠ ᠃ ᠴᠢᠩ ᠮᠸᠢ ᠰᠤ ᠶ᠋ᠢ ᠤᠲᠠᠭ᠎ᠠ ᠪᠦᠷᠢ 400 500 ᠲᠦᠮᠡᠨ ᠨᠢᠭᠡᠴᠢ ᠪᠤᠯᠴᠢᠩ ᠳ᠋ᠤᠨᠢ
ᠲᠠᠷᠢᠵᠤ ᠂ ᠡᠲᠤᠷ ᠲᠤ 2 3 ᠤᠲᠠᠭ᠎ᠠ ᠲᠠᠷᠢᠨ᠎ᠠ ᠃ 10% 20% ᠤᠨ ᠬᠤᠸᠠᠠᠭ᠌ ᠠᠨ ᠮᠢ ᠳ᠋ᠢᠠᠭ᠌ ᠨᠠ 100 150 ᠮᠢᠯᠢᠯᠢᠲ᠋ᠷ ᠢ ᠪᠤᠯᠴᠢᠩ ᠳ᠋ᠦ ᠲᠠᠷᠢᠬᠤ ᠪᠤᠶᠤ ᠹᠢᠽᠢᠤᠯᠤᠬᠢ ᠶ᠋ᠢᠨ ᠲᠠᠪᠤᠰᠤᠨ ᠠᠭᠤᠰᠤᠮᠠᠯ ᠪᠤᠯᠭᠠᠨ ᠰᠢᠩᠭᠡᠯᠡᠵᠤ ᠭᠦᠬᠡ ᠰᠤᠲᠠᠯ ᠢᠶᠠᠷ ᠲᠠᠷᠢᠨ᠎ᠠ ᠃ ( ᠬᠠᠷᠢᠭᠤᠴᠠᠭᠰᠠᠨ ᠨᠠᠶᠢᠷᠠᠭᠤᠯᠤᠭᠴᠢ ᠄ ᠴᠦᠨ ᠮᠧᠢ)