-
2144372
ᠡᠷᠡᠭᠳᠠᠶᠢᠴᠤᠳ ᠤᠨ ᠮᠠᠯᠠᠭᠠᠢ ᠡᠮᠦᠰᠬᠦ ᠶᠣᠰᠤᠨ
2019-09-25 10:40
372
0
ᠮᠣᠩᠭᠤᠯᠴᠤᠳ ᠲᠤᠯᠤᠭᠠᠢ ᠪᠠᠨ ᠮᠠᠰᠢ ᠬᠦᠨᠳᠦᠳᠭᠡᠨ ᠪᠣᠰᠤᠳ ᠤᠨ ᠭᠠᠷ ᠬᠦᠷᠬᠦ ᠶ᠋ᠢ ᠣᠨᠴᠠ ᠴᠡᠭᠡᠷᠯᠡᠳᠡᠭ ᠲᠠᠢ ᠠᠳᠠᠯᠢ ᠪᠡᠷ ᠮᠠᠯᠠᠭᠠᠢ ᠳ᠋ᠤᠨᠢ ᠮᠦᠨ ᠪᠣᠰᠤᠳ ᠤᠨ ᠭᠠᠷ ᠬᠦᠷᠬᠦ ᠶ᠋ᠢ ᠤᠨᠴᠠ ᠴᠡᠭᠡᠷᠯᠡᠳᠡᠭ ᠃ ᠮᠣᠩᠭᠤᠯᠴᠤᠳ ᠮᠠᠯᠠᠭᠠᠢ ᠶ᠋ᠢ ᠲᠡᠷᠢᠭᠦᠨ ᠢ ᠲᠦᠯᠦᠭᠡᠯᠡᠬᠦ ᠴᠢᠬᠤᠯᠠ ᠡᠮᠦᠰᠭᠡᠯ ᠂ ᠬᠡᠶᠢᠮᠦᠷᠢ ᠰᠦᠷ ᠰᠦᠯᠳᠡ ᠶ᠋ᠢᠨ ᠪᠡᠯᠬᠡ ᠲᠡᠮᠳᠡᠭ ᠂ ᠮᠠᠨᠳᠤᠵᠦ ᠦᠭᠡᠳᠡᠯᠡᠬᠦ ᠶ᠋ᠢᠨ ᠵᠦᠩ ᠪᠢᠯᠢᠭ ᠂ ᠡᠷ᠎ᠡ ᠬᠦᠮᠦᠨ ᠤ ᠡᠷᠬᠡ ᠰᠦᠷ ᠢ ᠢᠯᠡᠳᠭᠡᠬᠦ ᠭᠤᠤᠯ ᠪᠣᠯᠬᠤ ᠡᠮᠦᠰᠭᠡᠯ ᠭᠡᠵᠦ ᠦᠵᠡᠳᠡᠭ ᠃ ᠡᠶᠢᠮᠦ ᠡᠴᠡ ᠮᠣᠩᠭᠤᠯᠴᠤᠳ ᠤᠨ ᠶᠡᠷᠦ ᠨᠢ ᠬᠣᠶᠠᠷ ᠬᠦᠮᠦᠨ ᠶᠠᠪᠤᠪᠠᠯ ᠨᠢᠭᠡ ᠨᠢ ᠠᠬᠠᠯᠠᠳᠠᠭ ᠂ ᠨᠢᠭᠡ ᠬᠦᠮᠦᠨ ᠶᠠᠪᠤᠪᠠᠯ ᠮᠠᠯᠠᠭᠠᠢ ᠨᠢ ᠠᠬᠠᠯᠠᠳᠠᠭ ᠭᠡᠵᠦ ᠦᠵᠡᠳᠡᠭ ᠲᠤᠯᠠ ᠮᠠᠯᠠᠭᠠᠢ ᠪᠡᠨ ᠪᠣᠰᠤᠳ ᠬᠤᠪᠴᠠᠰᠦ ᠡᠮᠦᠰᠭᠡᠯ ᠡᠴᠡ ᠢᠯᠡᠭᠦᠦ ᠳᠡᠭᠡᠳᠦᠯᠡᠵᠦ ᠂ ᠬᠡᠷᠪᠡ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠤ ᠡᠳᠦᠷ ᠭᠠᠭᠴᠠᠭᠠᠷ ᠢᠶᠡᠨ ᠶᠠᠪᠤᠬᠤ ᠶᠠᠪᠤᠳᠠᠯ ᠳᠤᠬᠢᠶᠠᠯᠳᠤᠪᠠᠯ ᠮᠠᠯᠠᠭᠠᠢ ᠲᠠᠢ ᠪᠠᠨ ᠵᠤᠯᠭᠠᠳᠠᠭ ᠶᠣᠰᠤ ᠲᠠᠢ ᠃ ᠮᠠᠨᠳᠤᠬᠤ ᠲᠦᠷᠦ ᠶ᠋ᠢᠨ ᠮᠠᠯᠠᠭᠠᠢ ᠂ ᠪᠦᠳᠦᠨ ᠲᠦᠷᠦ ᠶ᠋ᠢᠨ ᠪᠦᠰᠡ ᠂ ᠳᠡᠭᠵᠢᠬᠦ ᠲᠦᠷᠦ ᠶ᠋ᠢᠨ ᠳᠡᠪᠡᠯ ᠂ ᠲᠤᠯᠬᠤ ᠲᠦᠷᠦ ᠶ᠋ᠢᠨ ᠭᠤᠳᠤᠯ ᠭᠡᠵᠦ ᠮᠠᠯᠠᠭᠠᠢ ᠂ ᠪᠦᠰᠡ ᠂ ᠳᠡᠪᠡᠯ ᠂ ᠭᠤᠳᠤᠯ ᠢ ᠬᠦᠨᠳᠦᠳᠭᠡᠳᠡᠭ ᠃ ᠮᠠᠯᠠᠭᠠᠢ ᠭᠠᠵᠠᠷ ᠤᠨᠠᠬᠤ ᠂ ᠳᠡᠭᠡᠭᠦᠷ ᠨᠢ ᠠᠯᠬᠤᠬᠤ ᠭᠢᠰᠬᠢᠬᠦ ᠶ᠋ᠢ ᠤᠨᠴᠠ ᠴᠡᠭᠡᠷᠯᠡᠳᠡᠭ ᠃ ᠡᠶᠢᠮᠦ ᠡᠴᠡ ᠮᠠᠯᠠᠭᠠᠢ ᠨᠢ ᠭᠠᠵᠠᠷ ᠤᠨᠠᠬᠤ ᠪᠣᠶᠤ ᠬᠦᠮᠦᠨ ᠳᠡᠭᠡᠭᠦᠷ ᠨᠢ ᠠᠯᠬᠤᠪᠠᠯ ᠲᠡᠷᠡ ᠳᠠᠷᠤᠢ ᠪᠠᠷᠠᠭᠤᠨ ᠭᠠᠷ ᠢᠶᠠᠷ ᠢᠶᠡᠨ ᠰᠢᠭᠦᠷᠦᠨ ᠠᠪᠴᠦ ᠭᠠᠯ ᠳᠡᠭᠡᠭᠦᠷ ᠡᠷᠭᠢᠭᠦᠯᠵᠦ ᠠᠷᠢᠭᠤᠯᠠᠳᠠᠭ ᠃ ᠭᠡᠷ ᠳ᠋ᠤ ᠣᠷᠤᠵᠦ ᠮᠠᠯᠠᠭᠠᠢ ᠪᠠᠨ ᠠᠪᠤᠪᠠᠯ ᠳᠡᠭᠡᠷ᠎ᠡ ᠡᠯᠭᠦᠬᠦ ᠪᠣᠶᠤ ᠳᠡᠪᠡᠯ ᠂ ᠲᠡᠷᠯᠢᠭ ᠂ ᠪᠦᠰᠡᠨ ᠤ ᠪᠠᠨ ᠳᠡᠭᠡᠷ᠎ᠡ ᠬᠦᠮᠦᠷᠢᠵᠦ ᠲᠠᠯᠪᠢᠳᠠᠭ ᠃ ᠮᠠᠯᠠᠭᠠᠢ ᠶ᠋ᠢ ᠳᠡᠭᠡᠭᠰᠢ ᠪᠡᠨ ᠬᠠᠷᠠᠭᠤᠯᠵᠦ ᠲᠠᠯᠪᠢᠬᠤ ᠶ᠋ᠢ ᠴᠡᠭᠡᠷᠯᠡᠳᠡᠭ ᠂ ᠤᠴᠢᠷ ᠨᠢ ᠡᠪᠡᠳᠴᠢᠨ ᠭᠤᠶᠤᠵᠦ ᠪᠠᠶᠢᠨ᠎ᠠ ᠭᠡᠵᠦ ᠦᠵᠡᠳᠡᠭ ᠃ ᠮᠣᠩᠭᠤᠯᠴᠤᠳ ᠠᠯᠢᠪᠠ ᠶᠣᠰᠤᠯᠠᠯ ᠠᠭᠤᠯᠵᠠᠯᠳᠠ ᠬᠢᠬᠦ ᠳ᠋ᠤ ᠵᠠᠪᠠᠯ ᠮᠠᠯᠠᠭᠠᠢ ᠡᠮᠦᠰᠳᠡᠭ ᠶᠣᠰᠤ ᠭᠤᠷᠢᠮ ᠲᠠᠢ ᠃ ᠵᠢᠱᠢᠶᠡᠯᠡᠪᠡᠯ ᠬᠦᠨᠳᠦᠳᠦ ᠵᠣᠴᠢᠨ ᠢ ᠤᠭᠳᠤᠬᠤ ᠂ ᠮᠣᠷᠳᠠᠭᠤᠯᠬᠤ ᠂ ᠵᠣᠴᠢᠨ ᠳ᠋ᠤ ᠬᠠᠳᠠᠭ ᠂ ᠠᠷᠢᠬᠢ ᠂ ᠰᠢᠭᠦᠰᠦ ᠳᠡᠪᠰᠢᠭᠦᠯᠬᠦ ᠂ ᠬᠤᠷᠠᠯ ᠴᠤᠭᠯᠠᠭ᠎ᠠ ᠬᠣᠷᠢᠮ ᠨᠠᠶᠢᠷ ᠲᠤ ᠣᠷᠤᠯᠴᠠᠬᠤ ᠵᠡᠷᠬᠡ ᠲᠦᠪ ᠬᠢᠴᠢᠶᠡᠩᠭᠦᠢ ᠲᠠᠯᠠᠪᠤᠷ ᠲᠤ ᠮᠠᠯᠠᠭᠠᠢ ᠪᠡᠨ ᠳᠡᠷᠢ ᠲᠡᠭᠰᠢ ᠡᠮᠦᠰᠳᠡᠭ ᠶᠣᠰᠤ ᠲᠠᠢ ᠃ ᠭᠡᠪᠡᠴᠦ ᠯᠠᠮᠠ ᠪᠣᠷᠬᠠᠨ ᠳ᠋ᠤ ᠮᠦᠷᠭᠦᠬᠦ ᠦᠶ᠎ᠡ ᠳ᠋ᠤ ᠮᠣᠳᠤᠷᠯᠠᠭᠤᠯᠬᠤ ᠭᠡᠵᠦ ᠮᠠᠯᠠᠭᠠᠢ ᠪᠡᠨ ᠠᠪᠴᠦ ᠮᠦᠷᠭᠦᠳᠡᠭ ᠃ ᠠᠪᠦ ᠡᠵᠢ ᠂ ᠠᠬᠠᠮᠠᠳ ᠬᠦᠮᠦᠨ ᠨᠠᠰᠦ ᠨᠦᠭᠴᠢᠪᠡᠯ ᠮᠠᠯᠠᠭᠠᠢ ᠶ᠋ᠢᠨ ᠰᠠᠮᠫᠠᠨ ᠂ ᠵᠢᠩᠰᠠ ᠶ᠋ᠢ ᠬᠠᠷ᠎ᠠ ᠪᠦᠰ ᠢᠶᠠᠷ ᠪᠠᠭᠯᠠᠬᠤ ᠂ ᠵᠠᠯᠠᠭ᠎ᠠ ᠶ᠋ᠢ ᠨᠢ ᠠᠪᠬᠣ ᠂ ᠰᠠᠷᠠᠪᠴᠢ ᠶ᠋ᠢ ᠨᠢ ᠪᠠᠭᠤᠯᠭᠠᠬᠤ ᠵᠡᠷᠭᠡ ᠪᠡᠷ ᠣᠢ ᠭᠠᠰᠢᠭᠤ ᠪᠡᠨ ᠢᠯᠡᠳᠭᠡᠳᠡᠭ ᠃ ᠮᠣᠩᠭᠤᠯᠴᠤᠳ ᠮᠠᠯᠠᠭᠠᠢ ᠶ᠋ᠢᠨ ᠰᠠᠮᠫᠠᠨ ᠪᠠ ᠵᠢᠩᠰᠠ ᠨᠢ ᠣᠷᠤᠢ ᠶ᠋ᠢᠨ ᠴᠢᠮᠡᠭ ᠂ ᠦᠭᠡᠳᠡᠯᠡᠨ ᠮᠠᠨᠳᠤᠬᠤ ᠶ᠋ᠢᠨ ᠪᠡᠯᠬᠡ ᠲᠡᠮᠳᠡᠭ ᠂ ᠤᠯᠠᠭᠠᠨ ᠵᠠᠯᠠᠭ᠎ᠠ ᠨᠢ ᠰᠠᠴᠤᠷᠠᠨ ᠮᠠᠨᠳᠤᠬᠤ ᠨᠠᠷᠠᠨ ᠤ ᠲᠤᠶᠠᠭ᠎ᠠ ᠂ ᠮᠠᠯᠠᠭᠠᠢ ᠶ᠋ᠢᠨ ᠰᠠᠷᠠᠪᠴᠢ ᠨᠢ ᠬᠡᠶᠢᠮᠦᠷᠢ ᠪᠣᠰᠬᠤ ᠶ᠋ᠢᠨ ᠵᠦᠩ ᠪᠢᠯᠢᠭ ᠂ ᠬᠣᠶᠠᠷ ᠪᠣᠷᠴᠠ ᠨᠢ ᠬᠡᠰᠢᠭ ᠪᠣᠶᠠᠨ ᠲᠡᠯᠡᠯᠡᠬᠤ ᠪᠡᠯᠬᠡ ᠲᠡᠮᠳᠡᠭ ᠭᠡᠵᠦ ᠦᠵᠡᠳᠡᠭ ᠃ ᠡᠶᠢᠮᠦ ᠡᠴᠡ ᠪᠣᠰᠤᠳ ᠤᠨ ᠮᠠᠯᠠᠭᠠᠢ ᠶ᠋ᠢ ᠡᠵᠡᠨ ᠤ ᠬᠢᠨᠢ ᠵᠦᠪᠰᠢᠶᠡᠷᠡᠯ ᠦᠭᠡᠢ ᠪᠡᠷ ᠳᠤᠷ᠎ᠠ ᠮᠡᠳᠡᠨ ᠠᠪᠴᠦ ᠶᠠᠪᠤᠵᠦ ᠪᠣᠯᠳᠠᠭ ᠦᠭᠡᠢ ᠂《 ᠲᠣᠯᠤᠭᠠᠢ ᠶ᠋ᠢ ᠠᠪᠤᠪᠠᠴᠦ ᠮᠠᠯᠠᠭᠠᠢ ᠶ᠋ᠢ ᠠᠪᠴᠦ ᠪᠣᠯᠬᠤ ᠦᠭᠡᠢ ᠭᠡᠳᠡᠭ ᠃ ᠮᠠᠯᠠᠭᠠᠢ ᠳ᠋ᠤᠨᠢ ᠬᠡᠤᠬᠡᠳ ᠭᠠᠷ ᠬᠦᠷᠪᠡᠯ《 ᠡᠷᠭᠢᠭᠦᠦ ᠬᠡᠤᠬᠡᠳ ᠡᠴᠢᠭᠡ ᠶ᠋ᠢᠨ ᠢᠶᠡᠨ ᠲᠣᠯᠤᠭᠠᠢ ᠪᠡᠷ ᠨᠠᠭᠠᠳᠤᠨ᠎ᠠ》 ᠭᠡᠳᠡᠭ ᠃ ᠮᠠᠯᠠᠭᠠᠢ ᠪᠡᠨ ᠭᠡᠭᠡᠵᠦ ᠣᠷᠬᠢᠭᠰᠠᠳ ᠢ《 ᠮᠢᠬᠠᠨ ᠣᠪᠤᠭ᠎ᠠ ᠮᠠᠯᠠᠭᠠᠢ ᠶ᠋ᠢᠨ ᠲᠠᠯᠪᠢᠭᠤᠷ 》ᠭᠡᠵᠦ ᠮᠠᠭᠤᠯᠠᠳᠠᠭ ᠃ ᠮᠠᠯᠠᠭᠠᠢ ᠶ᠋ᠢᠨ ᠡᠮᠦᠨ᠎ᠡ ᠰᠠᠷᠠᠪᠴᠢ ᠶ᠋ᠢ ᠪᠠᠭᠤᠯᠭᠠᠵᠦ ᠡᠮᠦᠰᠬᠦ ᠶ᠋ᠢ ᠪᠠᠶᠠᠷ ᠤᠨ ᠮᠠᠩᠨᠠᠢ ᠪᠡᠨ ᠳᠠᠷᠤᠵᠦ ᠪᠠᠶᠢᠨ᠎ᠠ ᠂ ᠭᠠᠢ ᠵᠣᠪᠠᠯᠠᠩ ᠪᠣᠯᠤᠨ᠎ᠠ ᠭᠡᠵᠦ ᠴᠡᠭᠡᠷᠯᠡᠳᠡᠭ ᠃ ᠨᠠᠰᠦ ᠨᠦᠭᠴᠢᠭᠰᠡᠳ ᠤᠨ ᠳ᠋ᠤ ᠣᠴᠢᠬᠤ ᠳ᠋ᠤ ᠪᠠᠶᠠᠷᠯᠠᠬᠤ ᠪᠠᠶᠠᠷ ᠤᠨ ᠮᠠᠩᠨᠠᠢ ᠦᠭᠡᠢ ᠪᠣᠯᠪᠠ ᠭᠡᠵᠦ ᠮᠠᠯᠠᠭᠠᠢ ᠶ᠋ᠢᠨ ᠢᠶᠡᠨ ᠡᠮᠦᠨ᠎ᠡ ᠰᠠᠷᠠᠪᠴᠢ ᠶ᠋ᠢ ᠪᠠᠭᠤᠯᠭᠠᠵᠦ ᠣᠷᠤᠳᠠᠭ ᠃ ᠵᠠᠯᠠᠭᠤ ᠬᠦᠮᠦᠨ ᠠᠶᠢᠯ ᠳ᠋ᠤ ᠣᠴᠢᠭᠠᠳ ᠭᠡᠷ ᠤᠨ ᠡᠵᠡᠨ ᠤ ᠵᠦᠪᠰᠢᠶᠡᠷᠡᠯ ᠦᠭᠡᠢ ᠪᠣᠯ ᠮᠠᠯᠠᠭᠠᠢ ᠪᠡᠨ ᠳᠤᠷ᠎ᠠ ᠪᠠᠷ ᠢᠶᠡᠨ ᠠᠪᠴᠦ ᠪᠣᠯᠳᠠᠭ ᠦᠭᠡᠢ ᠂ ᠬᠡᠷᠪᠡ ᠲᠡᠷᠡ ᠠᠶᠢᠯ ᠳ᠋ᠤ ᠬᠣᠨᠤᠬᠤ ᠴᠢᠬᠤᠯᠠ ᠲᠠᠢ ᠪᠣᠯ ᠰᠠᠶᠢ ᠮᠠᠯᠠᠭᠠᠢ ᠪᠡᠨ ᠠᠪᠴᠦ ᠳᠣᠬᠢᠳᠠᠢ ᠭᠠᠵᠠᠷ ᠲᠠᠯᠪᠢᠳᠠᠭ ᠃ ᠵᠣᠴᠢᠨ ᠪᠠ ᠬᠦᠨᠳᠦᠳᠦ ᠬᠦᠮᠦᠨ ᠤ ᠮᠠᠯᠠᠭᠠᠢ ᠶ᠋ᠢ ᠬᠡᠤᠬᠡᠳ ᠪᠡᠷᠢᠶᠡᠳ ᠬᠡᠴᠢᠶᠡᠩᠭᠦᠶᠢᠯᠡᠨ ᠲᠤᠰᠴᠤ ᠠᠪᠤᠭᠠᠳ ᠳᠡᠭᠡᠷ᠎ᠡ ᠡᠯᠭᠦᠵᠦ ᠲᠠᠯᠪᠢᠳᠠᠭ ᠃ ᠵᠠᠷᠢᠮ ᠨᠤᠳᠤᠭ ᠲᠤ ᠠᠶᠢᠯ ᠳ᠋ᠤ ᠣᠷᠤᠬᠤ ᠳ᠋ᠤ ᠮᠠᠯᠠᠭᠠᠢ ᠪᠡᠨ ᠳᠡᠭᠡᠭᠰᠢ ᠡᠷᠭᠦᠰᠬᠢᠭᠡᠳ ᠭᠡᠷ ᠲᠤᠨᠢ ᠣᠷᠤᠭᠠᠳ ᠮᠠᠯᠠᠭᠠᠢ ᠪᠡᠨ ᠠᠪᠳᠠᠭ ᠃ ᠡᠭᠦᠨ ᠤ ᠢᠷᠡᠯᠳᠡ ᠨᠢ ᠡᠷᠳᠡᠨ ᠤ ᠲᠤᠭᠤᠯᠭ᠎ᠠ ᠡᠮᠦᠰᠳᠡᠭ ᠶᠣᠰᠤ ᠵᠠᠩᠰᠢᠯ ᠲᠠᠢ ᠬᠣᠯᠪᠤᠭᠳᠠᠯ ᠲᠠᠢ ᠭᠡᠳᠡᠭ ᠃ ᠴᠡᠷᠢᠭ ᠳᠠᠶᠢᠨ ᠤ ᠦᠶ᠎ᠡ ᠳ᠋ᠤ ᠦᠯᠦ ᠲᠠᠨᠢᠬᠤ ᠠᠶᠢᠯ ᠳ᠋ᠤ ᠣᠷᠤᠪᠠᠯ ᠲᠤᠭᠤᠯᠭ᠎ᠠ ᠪᠠᠨ ᠠᠪᠳᠠᠭ ᠦᠭᠡᠢ ᠪᠠᠶᠢᠵᠠᠢ ᠃ ᠡᠶᠢᠮᠦ ᠡᠴᠡ ᠠᠶᠢᠯ ᠳ᠋ᠤ ᠣᠷᠤᠭᠠᠳ ᠮᠠᠯᠠᠭᠠᠢ ᠪᠡᠨ ᠠᠪᠴᠦ ᠪᠠᠶᠢᠭ᠎ᠠ ᠨᠢ ᠲᠡᠳᠡᠨ ᠢ ᠢᠳᠡᠭᠡᠵᠦ ᠪᠠᠶᠢᠨ᠎ᠠ ᠂ ᠨᠦᠬᠦᠷᠰᠡᠭ ᠶᠠᠪᠤᠯᠴᠠᠬᠤ ᠰᠠᠨᠠᠭ᠎ᠠ ᠪᠠᠨ ᠢᠯᠡᠳᠭᠡᠵᠦ ᠪᠠᠶᠢᠨ᠎ᠠ ᠭᠡᠵᠦ ᠦᠵᠡᠳᠡᠭ ᠃ ᠮᠠᠯᠠᠭᠠᠢ ᠶ᠋ᠢ ᠬᠡᠯᠳᠡᠭᠡᠢ ᠬᠠᠵᠠᠭᠠᠢ ᠡᠮᠦᠰᠬᠦ ᠶ᠋ᠢ ᠴᠡᠭᠡᠷᠯᠡᠳᠡᠭ ᠃ ᠲᠡᠶᠢᠨ ᠬᠦ ᠡᠮᠦᠰᠪᠡᠯ ᠡᠬᠢ ᠵᠠᠬ᠎ᠠ ᠪᠡᠨ ᠠᠯᠳᠠᠭᠰᠠᠳ ᠭᠡᠵᠦ ᠦᠵᠡᠳᠡᠭ ᠃ ᠮᠠᠯᠠᠭᠠᠢ ᠪᠡᠨ ᠬᠣᠶᠢᠰᠢ ᠬᠠᠷᠠᠭᠤᠯᠤᠨ ᠡᠮᠦᠰᠬᠦ ᠶ᠋ᠢ ᠨᠡᠩ ᠴᠡᠭᠡᠷᠯᠡᠳᠡᠭ ᠃ ᠵᠣᠯᠢᠭ ᠳ᠋ᠤ ᠭᠠᠷᠬᠤ ᠬᠦᠮᠦᠨ ᠤ ᠮᠠᠯᠠᠭᠠᠢ ᠶ᠋ᠢ ᠰᠠᠶᠢ ᠲᠡᠭᠡᠵᠦ ᠡᠮᠦᠰᠭᠡᠳᠡᠭ ᠃ ᠮᠠᠯᠠᠭᠠᠢ ᠶ᠋ᠢ ᠪᠣᠰᠤᠳ ᠲᠠᠢ ᠰᠣᠯᠢᠵᠦ ᠡᠮᠦᠰᠬᠦ ᠶ᠋ᠢ ᠴᠡᠭᠡᠷᠯᠡᠳᠡᠭ ᠂ ᠰᠣᠯᠢᠵᠦ ᠡᠮᠦᠰᠪᠡᠯ ᠬᠡᠶᠢᠮᠦᠷᠢ ᠨᠢ ᠰᠣᠯᠢᠭᠳᠠᠨ᠎ᠠ ᠭᠡᠳᠡᠭ ᠃ ᠪᠣᠰᠤᠳ ᠤᠨ ᠮᠠᠯᠠᠭᠠᠢ ᠶ᠋ᠢ ᠡᠮᠦᠰᠬᠦ ᠴᠢᠬᠤᠯᠠ ᠲᠠᠢ ᠪᠣᠯ《 ᠮᠢᠨᠦ ᠮᠠᠯᠠᠭᠠᠢ ᠪᠢᠰᠢ》 ᠭᠡᠵᠦ ᠬᠡᠯᠡᠭᠡᠳ ᠰᠠᠶᠢ ᠡᠮᠦᠰᠳᠡᠭ ᠃ ᠮᠣᠩᠭᠤᠯᠴᠤᠳ《 ᠮᠠᠯ ᠡᠵᠡᠨ ᠢᠶᠡᠨ ᠳᠠᠭᠤᠷᠢᠶᠠᠨ᠎ᠠ ᠂ ᠮᠠᠯᠠᠭᠠᠢ ᠲᠣᠯᠤᠭᠠᠢ ᠪᠡᠨ ᠳᠠᠭᠤᠷᠢᠶᠠᠨ᠎ᠠ 》 ᠭᠡᠵᠦ ᠦᠵᠡᠳᠡᠭ ᠪᠣᠯᠬᠤᠷ ᠤᠬᠠᠭᠠᠨ ᠰᠠᠨᠠᠭ᠎ᠠ ᠡᠷᠳᠡᠮ ᠴᠢᠳᠠᠯ ᠲᠡᠭᠦᠰ ᠬᠦᠮᠦᠨ ᠤ ᠮᠠᠯᠠᠭᠠᠢ ᠶ᠋ᠢ ᠡᠮᠦᠰᠬᠦ ᠶ᠋ᠢ ᠮᠠᠰᠢ ᠡᠷᠬᠢᠮ ᠳ᠋ᠤ ᠦᠵᠡᠳᠡᠭ ᠃ ᠲᠡᠭᠦᠨ ᠤ ᠡᠮᠦᠰᠴᠦ ᠪᠠᠶᠢᠭᠰᠠᠨ ᠮᠠᠯᠠᠭᠠᠢ ᠶ᠋ᠢ ᠡᠮᠦᠰᠪᠡᠯ ᠦᠢᠯᠡᠰ ᠭᠠᠪᠢᠶ᠎ᠠ ᠨᠢ ᠵᠠᠯᠭᠠᠮᠵᠢᠯᠠᠨ᠎ᠠ ᠭᠡᠵᠦ ᠦᠵᠡᠳᠡᠭ ᠃ ᠡᠶᠢᠮᠦ ᠪᠣᠯᠬᠤᠷ ᠮᠣᠩᠭᠤᠯᠴᠤᠳ ᠶᠡᠬᠡ ᠠᠳᠠᠯᠢᠬᠠᠨ ᠪᠣᠶᠤ ᠶᠠᠪ ᠴᠠᠪ ᠲᠠᠭᠠᠷᠠᠭᠰᠠᠨ ᠵᠦᠢᠯᠡᠰ ᠢ《 ᠨᠠᠭᠠᠴᠦ ᠡᠴᠢᠭᠡ ᠶ᠋ᠢᠨ ᠬᠢᠨᠢ ᠨᠠᠷᠠᠨ ᠮᠠᠯᠠᠭᠠᠢ 》ᠭᠡᠬᠦ ᠪᠣᠶᠤ《 ᠡᠴᠢᠭᠡ ᠶ᠋ᠢᠨ ᠬᠢᠨᠢ ᠮᠠᠯᠠᠭᠠᠢ》 ᠭᠡᠳᠡᠭ ᠃ ᠠᠬᠠᠮᠠᠳ ᠲᠣᠮᠤᠭᠠᠳᠠᠨ ᠬᠦᠮᠦᠨ ᠬᠡᠤᠬᠡᠳ ᠳᠡᠭᠦᠦ ᠨᠠᠷ ᠪᠣᠶᠤ ᠱᠠᠪᠢ ᠪᠠᠨᠳᠢ ᠳ᠋ᠠᠭᠠᠨ ᠮᠠᠯᠠᠭᠠᠢ ᠪᠡᠨ ᠬᠠᠶᠢᠷᠠᠯᠠᠨ ᠦᠭᠴᠦ ᠪᠣᠯᠳᠠᠭ ᠃ ᠭᠡᠪᠡᠴᠦ ᠬᠡᠤᠬᠡᠳ ᠳᠡᠭᠦᠦ ᠨᠠᠷ ᠂ ᠱᠠᠪᠢ ᠪᠠᠨᠳᠢ ᠨᠢ ᠠᠬᠠᠮᠠᠳ ᠳᠠᠭᠠᠨ ᠮᠠᠯᠠᠭᠠᠢ ᠬᠦᠷᠭᠡᠬᠦ ᠵᠠᠩᠰᠢᠯ ᠦᠭᠡᠢ ᠃ ᠬᠦᠷᠭᠡᠬᠦ ᠴᠢᠬᠤᠯᠠ ᠲᠠᠢ ᠪᠣᠯ ᠪᠣᠰᠤᠳ ᠬᠤᠪᠴᠠᠰᠦ ᠲᠠᠢ ᠬᠠᠮᠳᠤ ᠬᠦᠷᠭᠡᠵᠦ ᠪᠣᠯᠳᠠᠭ ᠃ ᠮᠣᠩᠭᠤᠯᠴᠤᠳ ᠳᠠᠪᠬᠤᠷ ᠮᠠᠯᠠᠭᠠᠢ ᠡᠮᠦᠰᠪᠡᠯ ᠬᠣᠶᠠᠷᠳᠡᠬᠢ ᠤᠳᠠᠭ᠎ᠠ ᠡᠬᠡᠨᠡᠷ ᠠᠪᠤᠨ᠎ᠠ ᠭᠡᠵᠦ ᠴᠡᠭᠡᠷᠯᠡᠳᠡᠭ ᠃ ᠵᠠᠮ ᠳ᠋ᠤ ᠮᠠᠯᠠᠭᠠᠢ ᠲᠠᠭᠠᠷᠠᠯᠳᠤᠪᠠᠯ ᠣᠯᠵᠠ ᠪᠣᠯᠭᠠᠨ ᠠᠪᠬᠤ ᠶ᠋ᠢ ᠴᠡᠭᠡᠷᠯᠡᠳᠡᠭ ᠃ ᠮᠠᠯᠠᠭᠠᠢ ᠳᠤᠭᠤᠭᠰᠢ ᠪᠡᠨ ᠬᠠᠷᠠᠭᠰᠠᠨ ᠰᠠᠪᠠ ᠮᠡᠳᠦ ᠲᠤᠯᠠ ᠭᠠᠷᠤᠵᠠ ᠶ᠋ᠢᠨ ᠡᠭᠦᠳᠡ ᠨᠡᠭᠡᠭᠡᠨ᠎ᠡ ᠭᠡᠬᠦ ᠪᠣᠶᠤ ᠪᠣᠰᠤᠳ ᠤᠨ ᠬᠦᠯᠦᠰᠦ ᠲᠠᠢ ᠬᠠᠭᠤᠴᠢᠨ ᠡᠳ᠋ ᠲᠣᠯᠤᠭᠠᠢ ᠪᠣᠵᠠᠷᠯᠠᠨ᠎ᠠ ᠭᠡᠳᠡᠭ ᠃ ᠮᠣᠩᠭᠤᠯ ᠬᠣᠷᠢᠮ ᠤᠨ ᠶᠣᠰᠤᠨ ᠳ᠋ᠤ《 ᠰᠢᠨ᠎ᠡ ᠬᠦᠷᠭᠡᠨ ᠤ ᠮᠠᠯᠠᠭᠠᠢ ᠪᠣᠯᠢᠶᠠᠬᠤ》ᠭᠡᠳᠡᠭ ᠵᠠᠩᠰᠢᠯ ᠪᠠᠶᠢᠳᠠᠭ ᠃ ᠣᠯᠠᠨ ᠬᠦᠮᠦᠨ ᠤ ᠭᠠᠷ ᠬᠦᠡᠭᠡᠯ ᠦᠭᠡᠢ ᠭᠠᠷᠴᠦ ᠢᠷᠡᠬᠦ ᠨᠢ ᠡᠷ᠎ᠡ ᠶ᠋ᠢᠨ ᠦᠵᠦᠭᠦᠷ ᠂ ᠠᠪᠬᠠᠯᠵᠢ ᠰᠠᠮᠪᠠᠭ᠎ᠠ ᠲᠠᠢ ᠬᠦᠮᠦᠨ ᠳ᠋ᠤ ᠲᠣᠭᠠᠴᠠᠭᠳᠠᠳᠠᠭ ᠃ ᠰᠢᠨ᠎ᠡ ᠬᠦᠷᠭᠡᠨ ᠮᠠᠯᠠᠭᠠᠢ ᠪᠡᠨ ᠪᠣᠯᠢᠶᠠᠭᠳᠠᠪᠠᠯ ᠣᠯᠠᠨ ᠤ ᠡᠯᠡᠭ ᠳᠤᠭᠤᠬᠢ ᠪᠣᠯᠬᠤ ᠪᠡᠷ ᠪᠠᠷᠠᠬᠤ ᠦᠭᠡᠢ ᠂ ᠬᠣᠷᠢᠮ ᠤᠨ ᠠᠬᠠᠯᠠᠭᠴᠢ ᠠᠷᠢᠬᠢ ᠬᠠᠳᠠᠭ ᠲᠠᠢ ᠣᠴᠢᠵᠦ ᠮᠠᠯᠠᠭᠠᠢ ᠶ᠋ᠢ ᠨᠢ ᠪᠣᠴᠠᠭᠠᠵᠦ ᠠᠪᠳᠠᠭ ᠃ ᠡᠮᠦᠰᠴᠦ ᠪᠠᠶᠢᠭᠰᠠᠨ ᠬᠠᠭᠤᠴᠢᠨ ᠮᠠᠯᠠᠭᠠᠢ ᠶ᠋ᠢ ᠳᠤᠷ᠎ᠠ ᠪᠠᠷ ᠬᠠᠶᠠᠬᠤ ᠶ᠋ᠢ ᠴᠡᠭᠡᠷᠯᠡᠳᠡᠭ ᠃ ᠬᠡᠷᠪᠡ ᠮᠠᠯᠠᠭᠠᠢ ᠨᠢ ᠬᠠᠭᠤᠴᠢᠷᠠᠵᠦ ᠰᠢᠨ᠎ᠡ ᠶ᠋ᠢ ᠰᠣᠯᠢᠬᠤ ᠴᠢᠬᠤᠯᠠ ᠲᠠᠢ ᠪᠣᠯ ᠬᠠᠭᠤᠴᠢᠨ ᠮᠠᠯᠠᠭᠠᠢ ᠪᠡᠨ ᠭᠠᠯ ᠳ᠋ᠤ ᠰᠢᠳᠠᠭᠠᠵᠦ ᠬᠠᠶᠠᠳᠠᠭ ᠃ ᠬᠠᠳᠠᠮ ᠠᠬ᠎ᠠ ᠬᠦᠮᠦᠨ ᠳᠡᠭᠦᠦ ᠪᠡᠷᠢ ᠶ᠋ᠢᠨ ᠢᠶᠡᠨ ᠳᠡᠷᠭᠡᠳᠡ ᠮᠠᠯᠠᠭᠠᠢ ᠪᠡᠨ ᠠᠪᠳᠠᠭ ᠦᠭᠡᠢ ᠂ ᠮᠠᠯᠠᠭᠠᠢ ᠪᠡᠨ ᠠᠪᠤᠪᠠᠯ ᠳᠡᠭᠦᠦ ᠪᠡᠷᠢ ᠪᠡᠨ ᠳᠤᠷᠤᠮᠵᠢᠯᠠᠭᠰᠠᠨ ᠶᠠᠪᠤᠳᠠᠯ ᠭᠡᠵᠦ ᠦᠵᠡᠳᠡᠭ ᠃ ᠮᠠᠯᠠᠭᠠᠢ ᠶ᠋ᠢᠨ ᠴᠢᠬᠢ ᠶ᠋ᠢ ᠪᠠᠭᠤᠯᠭᠠᠭᠰᠠᠨ ᠬᠡᠪ ᠢᠶᠠᠷ ᠠᠶᠢᠯ ᠳ᠋ᠤ ᠣᠷᠤᠬᠤ ᠶ᠋ᠢ ᠴᠡᠭᠡᠷᠯᠡᠳᠡᠭ ᠂ ᠮᠠᠯᠠᠭᠠᠢ ᠶ᠋ᠢᠨ ᠴᠢᠬᠢ ᠪᠡᠨ ᠳᠡᠭᠡᠭᠰᠢ ᠲᠠᠳᠠᠵᠦ ᠪᠣᠷᠴᠠ ᠶ᠋ᠢ ᠨᠢ ᠤᠶᠠᠭᠰᠠᠨ ᠤ ᠳᠠᠷᠠᠭ᠎ᠠ ᠰᠠᠶᠢ ᠠᠶᠢᠯ ᠳ᠋ᠤ ᠣᠷᠤᠳᠠᠭ ᠃ ᠮᠠᠯᠠᠭᠠᠢ ᠶ᠋ᠢᠨ ᠣᠷᠤᠢ ᠪᠡᠷ ᠭᠡᠷ ᠤᠨ ᠤᠨᠢ ᠂ ᠡᠭᠦᠳᠡᠨ ᠤ ᠳᠤᠳᠤᠭᠤ ᠮᠦᠷᠭᠦᠭᠦᠯᠬᠦ ᠶ᠋ᠢ ᠴᠡᠭᠡᠷᠯᠡᠳᠡᠭ ᠃ ᠵᠠᠯᠠᠭᠤ ᠪᠠᠭᠠᠴᠤᠳ ᠲᠤ ᠦᠨᠡᠭᠡ ᠂ ᠲᠠᠤᠯᠠᠢ ᠂ ᠡᠯᠪᠡᠩᠬᠦ ᠵᠡᠷᠭᠡ ᠳᠡᠩᠳᠡᠭᠦᠦ ᠦᠯᠴᠢᠷ ᠠᠷᠠᠰᠦᠨ ᠮᠠᠯᠠᠭᠠᠢ ᠡᠮᠦᠰᠭᠡᠳᠡᠭ ᠦᠭᠡᠢ ᠂ ᠨᠢᠳᠦᠨ ᠭᠠᠯ ᠮᠠᠭᠤᠳᠠᠨ᠎ᠠ ᠭᠡᠳᠡᠭ ᠃ ᠮᠠᠯᠠᠭᠠᠢ ᠶ᠋ᠢᠨ ᠰᠢᠷᠢᠭᠡᠰᠦ ᠶ᠋ᠢ ᠵᠦᠷᠢᠭᠦᠦ ᠰᠤᠨᠳᠤᠭᠤᠢ ᠣᠶᠤᠬᠤ ᠶ᠋ᠢ ᠴᠡᠭᠡᠷᠯᠡᠳᠡᠭ ᠃ ᠵᠦᠷᠢᠴᠡᠪᠡᠯ ᠤᠳᠤ ᠣᠮᠤᠭ ᠤᠨ ᠪᠡᠯᠬᠡ ᠲᠡᠮᠳᠡᠭ ᠭᠦᠢᠴᠡᠭᠡ ᠦᠭᠡᠢ ᠭᠡᠵᠦ ᠦᠵᠡᠳᠡᠭ ᠃ ᠬᠠᠯᠬ᠎ᠠ ᠮᠠᠯᠠᠭᠠᠢ ᠶ᠋ᠢ ᠵᠠᠪᠠᠯ ᠪᠣᠰᠤᠭ᠎ᠠ 32 ᠰᠢᠷᠢᠭᠡᠰᠦ ᠲᠠᠢ ᠣᠶᠤᠳᠠᠭ ᠨᠢ ᠬᠠᠯᠬ᠎ᠠ ᠶᠠᠰᠤᠳᠠᠨ ᠤ ᠣᠪᠤᠭ ᠠᠶᠢᠮᠠᠭ ᠤᠨ ᠲᠣᠭ᠎ᠠ ᠶ᠋ᠢ ᠢᠯᠡᠳᠭᠡᠳᠡᠭ ᠤᠴᠢᠷ ᠲᠠᠢ ᠃