-
28966
2021-09-06 09:16
110
0
ᠲᠡᠩᠴᠡᠰᠢ ᠦᠭᠡᠢ ᠲᠡᠭᠷᠢᠯᠢᠭ ᠲᠡᠤᠬᠡ ᠲᠠᠢ᠂ ᠲᠡᠷᠡ ᠮᠥᠷᠲᠡᠭᠡᠨ ᠲᠡᠭᠦᠨ ᠳ᠋ᠦ ᠪᠡᠨ ᠣᠮᠣᠭᠰᠢᠭᠠᠳ ᠲᠣᠭᠳᠤᠯᠤᠭᠠᠳ ᠬᠠᠨᠣᠰᠢ ᠦᠭᠡᠢ ᠢᠲᠡᠭᠡᠯ ᠪᠢᠰᠢᠷᠡᠯ ᠲᠠᠢ᠂ ᠡᠷ᠎ᠡ ᠶᠢᠨ ᠭᠤᠷᠪᠠᠨ ᠨᠠᠭᠠᠳᠤᠮ ᠢᠶᠡᠷ ᠡᠷᠡᠮᠰᠢᠯ ᠪᠣᠯᠭᠠᠵᠤ᠂ ᠨᠠᠶᠢᠷ ᠤᠨ ᠭᠤᠷᠪᠠᠨ ᠬᠤᠨᠳᠠᠭ᠎ᠠ ᠪᠡᠷ ᠨᠠᠷᠭᠢᠨ ᠴᠡᠩᠭᠡᠯᠳᠦᠵᠦ᠂ ᠣᠪᠣᠭ᠎ᠠ ᠳᠠᠬᠢᠯᠭ᠎ᠠ ᠪᠡᠷ ᠠᠭᠤᠯᠠ ᠭᠣᠣᠯ ᠨᠤᠲᠤᠭ ᠤᠰᠤᠨ ᠤ ᠪᠡᠨ ᠪᠠᠶᠠᠰᠬᠠᠯ ᠪᠣᠯᠭᠠᠵᠤ᠂ ᠪᠤᠳ᠋ᠳ᠋ᠾᠠ ᠶᠢᠨ ᠱᠠᠰᠢᠨ ᠤ ᠨᠣᠮᠯᠠᠯ ᠠᠶᠢᠯᠠᠳᠬᠠᠯ ᠢᠶᠡᠷ ᠰᠡᠳᠬᠢᠯ ᠢᠶᠡᠨ ᠲᠠᠶᠢᠳᠬᠠᠨ᠂ ᠪᠥᠭᠡ ᠶᠢᠨ ᠪᠠᠷᠢᠯᠳᠤᠯᠭ᠎ᠠ ᠪᠡᠷ ᠦᠨᠳᠦᠰᠦᠲᠡᠨ ᠤ ᠪᠡᠨ ᠡᠷ᠎ᠡ ᠴᠢᠳᠠᠯ ᠡᠷᠡᠮᠡᠬᠡᠢ ᠬᠦᠴᠦᠨ ᠣᠶᠣᠨ ᠤᠬᠠᠭᠠᠨ ᠤ ᠪᠡᠨ ᠪᠡᠯᠭᠡᠳᠡᠯ ᠪᠣᠯᠭᠠᠵᠤ᠂ ᠬᠥᠨᠳᠡᠢ ᠳᠦᠭᠦᠷᠡᠩ ᠮᠠᠯ ᠲᠠᠢ᠂ ᠬᠥᠪᠡᠭᠡ ᠬᠢᠵᠠᠭᠠᠷ ᠦᠭᠡᠢ ᠨᠡᠭᠦᠵᠦ ᠪᠠᠭᠤᠬᠤ ᠣᠷᠣᠨ ᠵᠠᠢ ᠪᠡᠷ ᠡᠷᠡᠨ ᠵᠠᠭᠤᠨ ᠤ ᠶᠢᠨ ᠡᠷᠬᠢᠮ ᠲᠡᠭᠡᠳᠤ ᠬᠥᠭᠡᠭᠡᠴᠡᠯᠳᠦᠯ ᠪᠣᠯᠭᠠᠵᠤ᠂ ᠳᠠᠩ ᠴᠤᠯᠭᠤᠢ ᠬᠡᠯᠪᠡᠷᠢ ᠪᠡᠷ ᠠᠮᠢᠳᠤᠷᠠᠨ ᠣᠷᠣᠰᠢᠬᠤᠢ ᠪᠡᠷ ᠪᠦᠬᠦᠢ ᠯᠡ ᠠᠮᠢᠳᠤᠷᠠᠯ ᠤᠨ ᠢᠶᠡᠨ ᠪᠠᠬᠠᠷᠬᠠᠯ ᠪᠤᠶᠤ ᠪᠤᠰᠤᠳ ᠡᠴᠡ ᠣᠨᠴᠠᠯᠠᠬᠤ ᠪᠣᠯᠭᠠᠵᠤ᠂ ᠥᠷᠥᠭᠡᠯ ᠪᠤᠰᠤᠳ ᠶᠢᠷᠳᠢᠨᠴᠦ ᠶᠢᠨ ᠭᠠᠳᠠᠨ᠎ᠠ ᠶᠢᠷᠳᠢᠨᠴᠦ ᠡᠷᠢᠯᠬᠢᠯᠡᠵᠦ ᠭᠠᠷᠠᠭ ᠳᠠᠮᠵᠢᠨ ᠪᠠᠶᠢᠭ᠎ᠠ ᠶᠢ ᠬᠦᠨᠳᠦ ᠴᠢᠬᠤᠯᠠ ᠤᠴᠢᠷ ᠪᠣᠯᠭᠠᠨ ᠦᠵᠡᠬᠦ ᠦᠭᠡᠢ᠂ ᠰᠣᠨᠤᠰᠤᠭᠰᠠᠨ ᠴᠦ ᠰᠣᠨᠢᠭᠤᠪᠴᠢ ᠲᠡᠳᠦᠢ ᠬᠡᠯᠡᠯᠴᠡᠨ ᠥᠩᠭᠡᠷᠡᠵᠦ᠂ ᠨᠡᠶᠢᠭᠡᠮ ᠰᠢᠨᠵᠢᠯᠡᠭᠡ ᠪᠡᠷ ᠨᠢᠭᠡᠨ ᠨᠢᠭᠡ ᠡᠴᠡ ᠪᠡᠨ ᠴᠣᠯᠭᠣᠷᠠᠬᠤ ᠠᠪᠠᠴᠤ ᠪᠤᠰᠤᠳ ᠡᠴᠡ ᠳᠠᠪᠠᠮᠠᠭᠠᠢ ᠪᠦᠲᠦᠮᠵᠢᠲᠠᠢ ᠶᠠᠭᠤᠮ᠎ᠠ ᠳᠡᠮᠡᠢ ᠦᠭᠡᠢ᠂ ᠪᠠᠶᠢᠭᠠᠯᠢ ᠶᠢᠨ ᠰᠢᠨᠵᠢᠯᠡᠭᠡᠨ ᠳ᠋ᠦ ᠪᠠᠶᠢᠵᠤ ᠥᠩᠭᠡᠷᠡᠭᠰᠡᠨ ᠬᠡᠳᠦ ᠡᠴᠡ ᠪᠡᠨ ᠥᠭᠡᠷ᠎ᠡ ᠳᠡᠮᠡᠢ ᠨᠡᠮᠡᠭᠳᠡᠬᠦᠨ ᠦᠭᠡᠢ᠂ ᠬᠡᠯᠡᠬᠦ ᠨᠢ ᠲᠡᠭᠷᠢ ᠴᠦ ᠬᠢᠬᠦ ᠨᠢ ᠮᠡᠯᠡᠬᠡᠢ ᠪᠣᠯᠵᠤ᠂ ᠠᠪᠤᠨ ᠬᠡᠷᠡᠭᠰᠡᠬᠦ ᠡᠴᠡ ᠠᠵᠤ ᠠᠬᠤᠢ ᠶᠢᠨ ᠰᠠᠭᠤᠷᠢ ᠦᠭᠡᠢ ᠪᠤᠰᠤᠳ ᠢ ᠴᠢᠷᠠᠶᠢᠴᠢᠯᠡᠵᠦ᠂ ᠬᠡᠳᠦᠨ ᠮᠥᠩᠭᠥᠨ ᠤ ᠲᠥᠯᠥᠭᠡ ᠬᠡᠯᠡᠵᠦ ᠲᠡᠯᠴᠢᠯᠡᠬᠦ ᠡᠷᠬᠡ ᠪᠡᠨ ᠬᠦᠷᠲᠡᠯ᠎ᠡ ᠠᠯᠳᠠᠴᠢᠬᠠᠳᠠᠭ ᠮᠥᠷᠳᠡᠯ᠎ᠡ ᠳᠣᠲᠣᠷ᠎ᠠ ᠵᠠᠭᠤᠷ᠎ᠠ ᠪᠡᠨ ᠬᠡᠤᠳᠠᠢ ᠳ᠋ᠦ ᠬᠢᠭᠰᠡᠨ ᠡᠪᠡᠷ ᠰᠢᠭ ᠡᠷᠪᠡᠶᠢᠨ ᠰᠡᠷᠪᠡᠶᠢᠯᠴᠡᠵᠦ᠂ ᠳᠡᠭᠡᠳᠦ ᠶᠢᠨ ᠤᠬᠠᠭᠠᠨ ᠲᠠᠢ ︽ ᠲᠠᠪᠤᠨ ᠮᠥᠰᠥ︾ ᠪᠡᠨ ᠲᠠᠶᠢᠰᠠᠨ ᠳᠡᠭᠡᠷ᠎ᠡ ᠤᠩᠰᠢᠵᠤ ᠬᠡᠯᠡᠬᠦ ᠥᠩᠭᠡ ᠶᠢᠨ ᠲᠡᠳᠦᠢ ᠶᠠᠭᠤᠮ᠎ᠠ ᠪᠣᠯᠭᠠᠨ ᠲᠣᠭᠯᠠᠵᠤ᠂ ᠲᠤᠤᠯᠢᠰᠯᠢᠭ ᠲᠡᠤᠬᠡᠨ ᠦᠩᠭᠡᠷᠡᠯᠲᠡ ᠳᠤ ᠪᠠᠨ ᠰᠤᠭᠲᠤᠭᠤᠷᠠᠭᠰᠠᠭᠠᠷ ᠶᠠᠪᠤᠭ᠎ᠠ ᠬᠥᠬᠡ ᠲᠣᠯᠪᠣᠲᠤ ᠦᠨᠳᠦᠰᠦᠲᠡᠨ ᠤ ᠮᠠᠨᠢ ᠬᠦᠨᠳᠦ ᠠᠴᠢᠶ᠎ᠠ ᠶᠢ ᠡᠭᠦᠷᠭᠡᠯᠡᠭᠰᠡᠨ ᠤᠳᠤᠮ ᠵᠠᠯᠭᠠᠭᠰᠠᠨ ᠨᠢᠭᠡ ᠦᠶ᠎ᠡ ᠶᠢᠨ ᠬᠢᠨ ᠦᠤᠬᠡ ᠲᠡᠤᠬᠡ ᠡᠴᠡ ᠦᠯᠡᠳᠡᠵᠦ ᠢᠷᠡᠭᠰᠡᠨ ᠥᠰ ᠬᠣᠨᠵᠢᠩ ᠳ᠋ᠦ ᠰᠢᠷᠢᠯᠳᠦᠵᠦ᠂ ᠥᠪᠡᠷ ᠪᠡᠶ᠎ᠡ ᠶᠢᠨ ᠣᠷᠣᠰᠢᠬᠤᠢ ᠨᠡᠶᠢᠭᠡᠮ ᠣᠷᠴᠢᠨ ᠡᠴᠡ ᠣᠯᠭᠣᠭᠰᠠᠨ ᠬᠦᠴᠢᠷ ᠪᠡᠷᠬᠡ ᠶᠢ ᠲᠤᠯᠭᠠᠭᠤᠷᠢᠯᠠᠵᠦ᠂ ᠦᠨᠳᠦᠰᠦᠲᠡᠨ᠂ ᠦᠷ᠎ᠡ ᠬᠣᠶᠢᠴᠢᠰ᠂ ᠥᠨᠳᠡᠭᠡ ᠵᠤᠯᠵᠠᠭ᠎ᠠ ᠳ᠋ᠦ ᠪᠡᠨ ᠦᠰᠦ ᠪᠡᠨ ᠵᠤᠯᠭᠠᠲᠠᠯᠠ ᠵᠢᠳᠬᠦᠭᠰᠡᠭᠡᠷ ᠨᠠᠰᠤᠨ ᠤ ᠨᠠᠮᠤᠷ ᠪᠠᠷᠠᠯᠠᠭᠰᠠᠨ ᠦᠪᠦᠷ ᠣᠷᠤᠨ ᠤ ᠦᠨᠴᠦᠭ ᠪᠣᠯᠤᠩ ᠠᠴᠠ ᠬᠤᠷᠠᠨ ᠴᠤᠭᠯᠠᠷᠠᠭᠰᠠᠨ ᠡᠪᠦᠭᠡᠳ ᠪᠣᠯ ᠮᠢᠨᠤ ᠪᠢᠴᠢᠭᠯᠡᠬᠦ ᠭᠡᠵᠦ ᠪᠠᠶᠢᠭ᠎ᠠ︽ ᠬᠦᠬᠡᠬᠤᠲᠠᠨ᠎ᠠ ᠱᠣᠭᠰᠢᠬᠤ ᠡᠪᠦᠭᠡᠳ︾ ᠪᠢᠯᠡ᠃
ᠨᠢᠭᠡ
ᠦᠳᠡᠵᠦ ᠢᠷᠡᠭᠡᠳ ᠤᠭᠳᠤᠭᠠᠳ ᠶᠠᠪᠤᠳᠠᠭ ᠤᠯᠤᠰ
ᠡᠷᠲᠡ ᠶᠢᠨ ᠨᠠᠷᠠ ᠶᠢ ᠬᠥᠪᠡᠭᠦᠳ ᠪᠡᠷᠢᠶᠡᠳ ᠨᠢ ᠵᠡᠭᠦᠳᠦᠨ ᠳ᠋ᠦ ᠪᠡᠨ ᠮᠠᠨᠠᠵᠦ ᠪᠠᠶᠢᠬᠤ ᠠᠰ ᠢᠶᠠᠷ ᠬᠡᠪᠲᠡᠭᠰᠡᠨ ᠣᠷᠣ ᠳᠡᠭᠡᠷ᠎ᠡ ᠪᠡᠨ ᠦᠶ᠎ᠡ ᠭᠡᠰᠢᠭᠦᠦ ᠶᠢᠨ ᠶᠡᠩᠬᠢᠨᠡᠵᠦ ᠱᠠᠷᠬᠢᠷᠠᠬᠤ ᠶᠢᠨ ᠪᠤᠶᠤ ᠠᠳᠬᠤᠷᠠᠵᠤ ᠬᠥᠰᠢᠭᠦᠷᠡᠬᠦ ᠶᠢᠨ ᠦᠢᠯᠡ ᠶᠢ ᠳᠠᠭᠠᠭᠠᠵᠤ ᠡᠰᠡ ᠳᠡᠶᠢᠯᠬᠦ ᠶᠢᠨ ᠬᠠᠷᠠᠭ᠎ᠠ ᠪᠡᠷ ᠬᠥᠩᠭᠡᠨ ᠶᠣᠣᠯᠠᠭᠠ ᠪᠡᠷ ᠶᠣᠣᠯᠠᠭᠰᠠᠭᠠᠷ ᠬᠦᠨᠳᠦ ᠠᠴᠢᠶ᠎ᠠ ᠡᠷᠭᠦᠵᠦ ᠪᠠᠶᠢᠭ᠎ᠠ ᠬᠡᠮᠡᠷᠬᠡᠨ ᠬᠦᠴᠢᠷᠲᠡᠶᠢᠬᠡᠨ ᠦᠨᠳᠡᠶᠢᠵᠦ ᠠᠯᠭᠤᠷᠬᠠᠨ ᠪᠣᠰᠣᠭᠠᠳ ᠳᠠᠯᠤ ᠨᠢᠷᠤᠭᠤ ᠪᠡᠨ ᠲᠤᠯᠤᠭ᠎ᠠ ᠨᠠᠢ᠌ᠮᠠ ᠶᠢᠨ ᠴᠣᠬᠢᠯᠭ᠎ᠠ ᠪᠡᠷ ᠳᠠᠪᠲᠠᠭᠠᠳ᠂ ᠳᠠᠪᠣᠰᠠᠩ ᠱᠠᠷᠬᠢᠷᠠᠭᠤᠯᠤᠭᠰᠠᠨ ᠤᠰᠤ ᠪᠡᠨ ᠠᠶᠠᠲᠠᠶᠢᠬᠠᠨ ᠰᠢᠪᠬᠠᠵᠤ ᠪᠡᠶ᠎ᠡ ᠬᠥᠩᠭᠡᠯᠡᠵᠦ ᠠᠭᠤᠵᠢᠭᠤᠬᠠᠨ ᠠᠮᠢᠰᠬᠤᠭᠠᠭᠠᠳ᠂ ᠲᠦᠭᠡᠭᠡᠯ ᠤᠰᠤᠨ ᠤ ᠴᠣᠷᠭᠣ ᠪᠡᠷ ᠱᠤᠤᠭᠢᠨ ᠢᠷᠡᠬᠦ ᠠᠷᠢᠭᠤᠨ ᠴᠡᠪᠡᠷ ᠤᠰᠤᠨ ᠢᠶᠠᠷ ᠨᠢᠭᠤᠷ ᠭᠠᠷ ᠤᠨ ᠢᠶᠠᠨ ᠨᠤᠭᠤᠯᠤᠭᠠᠰᠤ ᠠᠳᠦᠷᠢᠶᠠ ᠶᠢ ᠦᠭᠡᠢ ᠴᠡᠪᠡᠷᠬᠡᠨ ᠷᠠᠰᠢᠶᠠᠯᠠᠵᠤ ᠳᠠᠭᠤᠰᠤᠭᠠᠳ᠂ ᠭᠠᠯ ᠲᠣᠭᠣᠭᠠᠨ ᠤ ᠪᠡᠨ ᠦᠷᠦᠭᠡ ᠴᠢᠭᠯᠡᠵᠦ ᠠᠯᠬᠤᠵᠤ ᠣᠷᠣᠭᠠᠳ ᠨᠠᠭᠠᠲᠤ ᠵᠠᠬ᠎ᠠ ᠨᠢ ᠡᠳᠦᠷᠵᠢᠨ ᠨᠢᠭᠡ ᠤᠳᠠᠭ᠎ᠠ ᠴᠤ ᠪᠣᠯᠣᠭ ᠤᠤᠭᠤᠬᠤ ᠦᠭᠡᠢ ᠪᠣᠯᠤᠭᠰᠠᠭᠠᠷ ᠯᠡ ᠰᠦᠭ ᠰᠦᠨᠡᠰᠦ ᠠᠯᠳᠠᠭᠳᠠᠴᠢᠬᠠᠮᠠᠷ ᠰᠠᠨᠠᠭᠳᠠᠳᠠᠭ ᠡᠯᠤᠨᠴᠡ ᠬᠣᠯᠤᠨᠴᠠ ᠶᠢᠨ ᠦᠶ᠎ᠡ ᠡᠴᠡ ᠪᠡᠨ ᠤᠤᠭᠤᠵᠤ ᠳᠠᠳᠤᠭᠰᠠᠨ ᠥᠨᠥᠬᠢ ᠬᠥᠬᠡ ᠴᠠᠢ ︵ ᠰᠦ ᠲᠠᠢ ᠴᠠᠢ︶ ᠪᠡᠨ ᠢᠳᠡᠭᠡᠰᠢᠰᠢᠲᠡᠯᠡ ᠴᠢᠨᠠᠵᠤ᠂ ᠯᠣᠳᠣᠢ ᠪᠠᠶᠠᠨ ᠰᠢᠭ᠋ ᠰᠢᠷᠡᠭᠡ ᠳᠦᠭᠦᠷᠡᠩ ᠰᠢᠮ᠎ᠡ ᠶᠢᠨ ᠳᠡᠭᠡᠵᠢ ᠪᠦᠷᠢᠨ ᠢᠵᠢ ᠢᠳᠡᠭᠡ ᠤᠤᠭᠤᠰᠢ ᠦᠷᠦᠭᠡ ᠦᠭᠡᠢ ᠴᠤ ᠥᠪᠡᠷ ᠪᠡᠶ᠎ᠡ ᠶᠢᠨ ᠡᠳ᠋ᠯᠡᠬᠦ ᠳᠤᠷᠠᠲᠠᠢ ᠨᠠᠭᠠᠰᠢᠲᠠᠢ ᠬᠡᠳᠦᠨ ᠢᠳᠡᠭᠡᠨ ᠢᠶᠠᠨ ᠰᠢᠷᠡᠭᠡᠨ ᠳᠡᠭᠡᠷ᠎ᠡ ᠪᠡᠨ ᠦᠷᠦᠭᠡᠳ ᠠᠭᠠᠭ ᠲᠠᠢ ᠰᠢᠷᠭᠠᠯ ᠴᠠᠢ ᠪᠡᠨ ᠠᠶᠠᠭᠠᠯᠠᠭᠠᠳ ᠠᠮᠨ ᠬᠡᠯᠡᠨ ᠤ ᠪᠡᠨ ᠬᠦᠷᠦᠯᠴᠡᠭᠡ ᠪᠡᠷ ᠬᠦᠴᠦᠲᠡᠶᠢᠭᠡᠨ ᠣᠭᠤᠴᠠᠭᠠᠳ ᠪᠠᠭᠠᠬᠠᠨ ᠲᠠᠮᠰᠢᠶᠠᠵᠤ᠂ ᠬᠣᠳᠣᠭᠣᠳᠤ ᠭᠡᠳᠡᠰᠦᠨ ᠦ ᠪᠡᠨ ᠬᠦᠰᠡᠯ ᠢ ᠬᠡᠤᠬᠡᠳ ᠪᠡᠷᠢᠶᠡᠳ᠂ ᠣᠮᠪᠣᠯᠣ ᠲᠣᠮᠪᠤᠯᠤ ᠶᠢᠨ ᠢᠶᠠᠨ ᠥᠭᠡᠳᠡᠯᠡᠵᠦ ᠪᠣᠰᠣᠭᠠᠳ ᠴᠠᠢ ᠬᠣᠭᠣᠯᠠ ᠪᠡᠨ ᠬᠠᠮᠲᠤ ᠳ᠋ᠦ ᠪᠡᠨ ᠤᠮᠳᠠᠯᠠᠵᠤ ᠵᠣᠭᠣᠭᠯᠠᠬᠤ ᠶᠢ ᠬᠦᠯᠢᠶᠡᠨ᠎ᠡ᠃
ᠲᠡᠪᠤᠷ᠎ᠡ ᠲᠠᠢ ᠴᠠᠢ ᠬᠠᠭᠠᠰᠯᠠᠵᠤ᠂ ᠡᠪᠤᠭᠡᠳ ᠤᠨ ᠬᠣᠳᠣᠭᠣᠳᠤ ᠬᠡᠳᠡᠰᠦᠨ ᠤ ᠠᠩᠭᠠᠭ᠎ᠠ ᠴᠠᠩᠭᠠᠭ᠎ᠠ ᠬᠠᠭᠠᠰ ᠲᠠᠶᠢᠯᠤᠭᠳᠠᠬᠤ ᠠᠰ ᠢᠶᠠᠷ ᠬᠡᠤᠬᠡᠳ ᠪᠡᠷᠢᠶᠡᠳ ᠨᠢ ᠶᠠᠭᠠᠷᠠᠭ᠎ᠠ ᠦᠭᠡᠢ ᠂ ᠨᠢᠭᠤᠷ ᠭᠠᠷ ᠢᠶᠠᠨ ᠨᠢᠮᠪᠠᠶᠢᠬᠠᠨ ᠷᠠᠰᠢᠶᠠᠯᠠᠵᠤ᠂ ᠪᠡᠯᠡᠬᠡᠨ ᠪᠣᠯᠣᠭᠰᠠᠨ ᠬᠣᠭᠣᠯᠠ ᠴᠠᠢ ᠡᠴᠡ ᠠᠶᠠᠲᠠᠶᠢᠬᠠᠨ ᠵᠣᠭᠣᠭᠯᠠᠵᠤ ᠳᠠᠭᠤᠰᠤᠭᠠᠳ ᠠᠵᠢᠯ ᠠᠯᠪᠠ ᠳ᠋ᠦ ᠪᠡᠨ ᠮᠣᠷᠳᠠᠯᠳᠤᠨᠠ᠃
ᠲᠡᠳᠡᠨ ᠢᠶᠠᠨ ᠶᠠᠪᠤᠭᠤᠯᠤᠭᠠᠳ ᠬᠣᠴᠤᠷᠤᠭᠰᠠᠨ ᠤᠯᠤᠰ ᠤᠨ ᠬᠤᠪᠢ ᠶᠡᠬᠡᠲᠡᠢ ᠠᠵᠢᠯ ︱ ᠠᠶᠠᠭ᠎ᠠ ᠰᠠᠪᠠ ᠪᠡᠨ ᠤᠬᠢᠶᠠᠵᠤ᠂ ᠦᠷᠭᠦᠭᠡ ᠭᠡᠷ ᠢᠶᠠᠨ ᠴᠡᠪᠡᠷᠯᠡᠵᠦ ᠭᠢᠯ᠎ᠠ ᠴᠢᠯᠠ ᠪᠣᠯᠭᠠᠭᠠᠳ᠂ ᠣᠮᠪᠣᠯᠣ ᠲᠣᠮᠪᠤᠯᠤ ᠶᠢᠨ ᠢᠶᠡᠨ ᠰᠤᠷᠭᠠᠭᠤᠯᠢ ᠴᠡᠴᠡᠷᠯᠢᠭ ᠲᠦ ᠬᠡᠷᠡᠭᠰᠡᠬᠦ ᠠᠯᠢ ᠪᠠᠶᠢᠭᠰᠠᠨ ᠬᠡᠷᠡᠭᠰᠡᠯ ᠢ ᠨᠢ ᠪᠦᠷᠢᠨ ᠲᠡᠬᠦᠭᠡᠷᠴᠦ ᠡᠭᠦᠷᠲᠦᠨ ᠨᠣᠣᠷᠠᠭᠰᠠᠭᠠᠷ ᠬᠥᠮᠥᠨ ᠣᠯᠠᠨ ᠲᠡᠷᠭᠡ ᠤᠨᠤᠭ᠎ᠠ ᠵᠦᠷᠢᠯᠳᠦᠭᠰᠡᠨ ᠵᠠᠮ ᠢᠶᠠᠷ ᠪᠤᠶᠤ ᠰᠤᠷᠭᠠᠭᠤᠯᠢ ᠵᠦᠭᠯᠡᠵᠦ ᠮᠤᠷᠤᠢ ᠰᠠᠷᠤᠢ ᠵᠠᠮᠨᠠᠭᠰᠠᠭᠠᠷ ᠵᠣᠷᠢᠭᠰᠠᠨ ᠭᠠᠵᠠᠷ ᠲᠦ ᠪᠡᠨ ᠬᠦᠷᠴᠦ ᠣᠮᠪᠤᠯᠤ ᠲᠣᠮᠪᠤᠯᠤ ᠪᠡᠨ ᠴᠡᠴᠡᠷᠯᠢᠭᠴᠢ ᠪᠤᠶᠤ ᠪᠠᠭᠰᠢ ᠶᠢᠨ ᠪᠠᠷ᠎ᠠ ᠬᠠᠷᠠᠭᠤᠯᠵᠤ ᠲᠠᠯᠪᠢᠭᠠᠳ ᠪᠤᠴᠠᠨ᠎ᠠ᠃
ᠲᠡᠭᠡᠭᠡᠳ ᠪᠤᠴᠠᠬᠤ ᠵᠠᠮ ᠵᠠᠭᠤᠷ᠎ᠠ ᠪᠡᠨ ᠵᠠᠬ᠎ᠠ ᠵᠡᠭᠡᠯᠢ ᠪᠡᠷ ᠵᠡᠬᠡᠵᠦ ᠡᠷᠭᠢᠵᠦ ᠦᠳᠡ ᠪᠤᠶᠤ ᠣᠷᠣᠢ ᠶᠢᠨ ᠢᠳᠡᠰᠢᠨ ᠨᠣᠭᠣᠭ᠎ᠠ ᠴᠠᠭ᠎ᠠ ᠡᠴᠡ ᠵᠢᠭᠠᠬᠠᠨ ᠳᠡᠭᠦᠵᠢᠯᠡᠵᠦ ᠬᠠᠷᠢᠬᠤ ᠪᠤᠶᠤ ᠡᠰᠡᠬᠦᠯ᠎ᠡ ᠨᠠᠰᠤ ᠪᠠᠷᠤᠭ ᠤᠨ ᠡᠪᠤᠭᠡᠳ ᠲᠠᠢ ᠪᠡᠨ ᠵᠠᠮ ᠨᠡᠶᠢᠯᠡᠵᠦ ᠨᠡᠶᠢᠲᠡ ᠶᠢᠨ ᠲᠠᠯᠠᠪᠠᠢ ᠳ᠋ᠦ ᠬᠦᠷᠴᠡᠭᠡᠨ ᠨᠢᠭᠡ ᠬᠣᠶᠠᠷ ᠴᠠᠭ ᠢᠶᠠᠷ ᠨᠠᠷᠭᠢᠯᠳᠤᠭᠠᠳ ᠭᠡᠷ ᠭᠡᠷ ᠵᠦᠭ ᠵᠦᠭ ᠲᠦ ᠪᠡᠨ ᠪᠤᠴᠠᠨ᠎ᠠ᠃ ᠥᠩᠭᠡᠷᠡᠭᠰᠡᠨ ᠳ᠋ᠦ ᠲᠡᠳᠡ ᠶᠠᠮᠠᠷ ᠠᠵᠢᠯ ᠠᠯᠪᠠ ᠲᠠᠢ ᠪᠠᠶᠢᠭᠰᠠᠨ ᠨᠢ ᠣᠳᠣ ᠪᠦᠷ ᠴᠢᠬᠤᠯᠠ ᠪᠢᠰᠢ ᠪᠣᠯᠣᠭᠠᠳ ᠨᠠᠰᠤ ᠬᠤᠷᠠᠭᠲᠠᠨ ᠲᠠᠢ ᠪᠡᠨ ᠰᠡᠳᠬᠢᠯ ᠰᠡᠷᠭᠦᠭᠡᠵᠦ ᠬᠠᠮᠲᠤ ᠬᠥᠭᠡᠷᠦᠯᠳᠦᠨ ᠶᠠᠪᠤᠬᠤ ᠨᠢ ᠬᠠᠮᠤᠭ ᠴᠢᠬᠤᠯᠠ ᠤᠴᠢᠷ ᠪᠣᠯᠵᠠᠢ᠃
ᠬᠣᠲᠠ ᠣᠷᠤᠭᠰᠠᠨ ᠡᠴᠡ ᠳᠠᠷᠠᠭᠠᠬᠢ ᠲᠡᠳᠡᠨ ᠤ ᠠᠮᠢᠳᠤᠷᠠᠯ ᠤᠨ ᠤᠳᠬ᠎ᠠ ᠠᠭᠤᠯᠭ᠎ᠠ ᠨᠢ ᠪᠦᠷ ᠴᠤ ᠠᠳᠠᠯᠢᠬᠠᠨ︱ ᠦᠷ᠎ᠡ ᠬᠡᠣᠬᠡᠳ ᠲᠦ ᠪᠡᠨ ᠦᠢᠯᠡᠴᠢᠯᠡᠡᠨᠡ᠃ ᠲᠡᠳᠡᠨ ᠤ ᠠᠮᠢᠳᠤᠷᠠᠯ ᠤᠨ ᠪᠠᠶᠠᠰᠤᠯ ᠨᠢ ᠶᠠᠭ ᠥᠷᠯᠥᠭᠡ ᠶᠢᠨ ᠨᠠᠷᠠ ᠰᠢᠭ᠋ ᠢᠳᠡᠷᠡᠭᠦᠨ ᠢᠶᠠᠷ ᠥᠭᠡᠳᠡᠯᠡᠨ ᠪᠣᠶᠢᠵᠢᠵᠤ ᠪᠠᠶᠢᠭ᠎ᠠ ᠣᠮᠪᠤᠯᠤ ᠲᠣᠮᠪᠤᠯᠤ ᠳ᠋ᠦ ᠪᠡᠨ ᠡᠯᠢᠭᠡ ᠵᠥᠭᠡᠯᠡᠨ ᠬᠠᠨᠳᠤᠵᠤ᠂ ᠴᠦᠬᠦᠰᠢ ᠦᠭᠡᠢ ᠵᠢᠳᠬᠦᠯ ᠢᠶᠡᠷ ᠬᠦᠰᠡᠯᠲᠦ ᠰᠠᠶᠢᠬᠠᠨ ᠬᠣᠶᠢᠴᠢ ᠦᠶ᠎ᠡ ᠶᠢ ᠬᠥᠮᠥᠵᠢᠭᠦᠯᠬᠦ ᠶᠠᠪᠤᠳᠠᠯ᠃
ᠲᠡᠳᠡ ᠶᠣᠰᠤᠲᠠᠢ ᠦᠳᠡᠯᠦᠭᠡ ᠨᠠᠰᠤᠨ ᠤ ᠠᠮᠢᠳᠤᠷᠠᠯ ᠤᠨ ᠵᠠᠩ ᠵᠢᠷᠤᠮᠰᠢᠯ ᠢ ᠮᠥᠷᠳᠡᠵᠦ ᠡᠳᠦᠷ ᠡᠳᠦᠷ ᠤᠨ ᠠᠵᠢᠯ ᠠᠯᠪᠠ ᠳ᠋ᠦ ᠪᠡᠨ ᠣᠰᠤᠯᠳᠤᠯ ᠦᠭᠡᠢ ᠦᠷ᠎ᠡ ᠶᠢᠨ ᠦᠷ᠎ᠡ ᠢᠶᠡᠷ ᠡᠷᠭᠢᠳᠡᠭ ᠨᠠᠷᠠ ᠪᠣᠯᠵᠤ᠂ ᠥᠷᠯᠥᠭᠡ ᠦᠳᠡᠵᠦ ᠰᠠᠴᠤᠷᠠᠭᠠᠳ ᠦᠳᠡᠰᠢ ᠤᠭᠲᠤᠭᠠᠳ ᠤᠯᠠᠯᠵᠠᠳᠠᠭ ᠤᠯᠤᠰ ᠪᠣᠯᠵᠠᠢ᠃
ᠤᠯᠤᠰ ᠦᠨᠳᠤᠰᠤᠲᠡᠨ ᠳ᠋ᠦ ᠮᠠᠨᠢ ᠨᠠᠮ ᠤᠨ ᠠᠴᠢ ᠭᠠᠪᠢᠶ᠎ᠠ ᠦᠨᠡᠯᠡᠰᠢ ᠦᠭᠡᠢ ᠠᠭᠤᠤ ᠶᠡᠬᠡ ᠭᠡᠳᠡᠭ ᠪᠣᠯ ᠡᠷᠦᠭᠡ ᠭᠡᠷ ᠦᠷ᠎ᠡ ᠠᠴᠢᠷ ᠲᠦ ᠪᠡᠨ ᠡᠴᠢᠭᠡ ᠡᠬᠡ ᠶᠢᠨ ᠡᠷᠬᠢᠮ ᠵᠢᠳᠬᠦᠯ ᠠᠳᠠᠯᠢᠳᠬᠠᠰᠢ ᠦᠭᠡᠢ ᠠᠤᠭ᠎ᠠ ᠶᠡᠬᠡ ᠪᠠᠢᠬᠤ ᠤᠴᠢᠷᠲᠠᠢ
ᠬᠣᠶᠠᠷ
ᠦᠶᠡᠴᠤᠤᠯ ᠤᠨ ᠬᠣᠯᠪᠣᠭ᠎ᠠ ᠪᠤᠶᠤ ᠦᠵᠡᠯ ᠪᠣᠳᠣᠯ ᠤᠨ ᠵᠢᠷᠭᠢᠭᠡ
ᠵᠠᠯᠠᠭᠤ ᠤᠯᠤᠰ ᠤᠨ ᠠᠮᠢᠳᠤᠷᠠᠯ ᠤᠨ ᠵᠠᠩ ᠵᠠᠩᠰᠢᠯ ᠦᠲᠡᠯᠦᠭᠰᠡᠨ ᠤᠯᠤᠰ ᠤᠨ ᠬᠢ ᠲᠠᠢ ᠵᠥᠷᠢᠶ᠎ᠡ ᠲᠠᠢ ᠪᠠᠶᠢᠳᠠᠭ᠃ ᠡᠨᠡ ᠨᠢ ᠨᠠᠰᠤ ᠵᠢᠯ ᠤᠨ ᠵᠥᠷᠢᠶ᠎ᠡ᠂ ᠴᠠᠭ ᠦᠶ᠎ᠡ ᠶᠢᠨ ᠢᠯᠭᠠᠭ᠎ᠠ᠂ ᠠᠮᠢᠳᠤᠷᠠᠯ ᠤᠨ ᠥᠩᠭᠡᠷᠡᠯᠲᠡ᠂ ᠨᠡᠶᠢᠭᠡᠮ ᠤᠨ ᠨᠥᠯᠥᠭᠡ ᠡᠴᠡ ᠰᠢᠯᠲᠠᠭᠠᠯᠠᠭᠳᠠᠵᠤ ᠪᠠᠶᠢᠳᠠᠭ᠃
ᠡᠬᠦᠨ ᠡᠴᠡ ᠪᠣᠯᠵᠤ ᠲᠡᠳᠡᠨ ᠤ ᠢᠳᠡᠭᠡᠨ ᠤᠮᠳᠠᠭᠠᠨ ᠤ ᠵᠤᠷᠰᠢᠯ ᠂ ᠡᠮᠦᠰᠴᠦ ᠵᠡᠭᠦᠬᠦ ᠶᠢᠨ ᠬᠡᠯᠪᠡᠷᠢ᠂ ᠦᠭᠡ ᠠᠶᠠᠰ ᠤᠨ ᠥᠩᠭᠡ ᠨᠢ ᠬᠦᠷᠲᠡᠯ᠎ᠡ ᠥᠪᠡᠷᠮᠢᠴᠡ ᠵᠥᠷᠢᠶ᠎ᠡ ᠲᠠᠢ ᠪᠣᠯᠣᠭᠰᠠᠨ ᠢᠶᠡᠷ ᠥᠲᠡᠯᠦᠭᠰᠡᠳ ᠨᠢ ᠵᠠᠯᠠᠭᠤᠴᠣᠳ ᠢᠶᠡᠨ ᠡᠰᠡ ᠲᠣᠭᠤᠮᠰᠤᠷᠬᠠᠬᠤ᠂ ᠵᠠᠯᠠᠭᠤᠴᠤᠳ ᠨᠢ ᠦᠲᠡᠯᠦᠭᠰᠡᠳ ᠢᠶᠡᠨ ᠡᠰᠡ ᠪᠢᠰᠢᠷᠡᠬᠦ ᠤᠴᠢᠷ ᠵᠦᠩᠳᠡᠭᠡᠨ ᠭᠠᠷᠳᠠᠭ᠃
ᠨᠡᠩ ᠢᠯᠠᠩᠭᠤᠶ᠎ᠠ ᠬᠥᠳᠡᠭᠡ ᠡᠴᠡ ᠬᠣᠲᠠ ᠣᠷᠣᠭᠰᠠᠨ ᠤᠯᠠᠮᠵᠢᠯᠡᠯᠳᠤ ᠰᠣᠶᠣᠯ ᠰᠤᠷᠲᠠᠬᠤᠨ ᠢᠶᠡᠷ ᠥᠳᠬᠡᠨ ᠡᠪᠦᠭᠡᠳ ᠲᠤ ᠠᠪᠴᠤ ᠬᠡᠯᠡᠪᠡᠯ ᠬᠤᠲᠠᠴᠢᠯᠠᠭᠰᠠᠨ ᠡᠴᠡ ᠳᠠᠷᠠᠭᠠᠬᠢ ᠠᠮᠢᠳᠤᠷᠠᠯ ᠤᠨ ᠣᠷᠴᠢᠨ ᠲᠣᠭᠣᠷᠢᠨ ᠪᠦᠷᠢᠮᠦᠰᠦᠨ ᠣᠨᠳᠣᠣᠰᠢᠭᠰᠠᠨ ᠮᠥᠷᠲᠡᠭᠡᠨ ᠠᠵᠤ ᠠᠬᠤᠢ ᠶᠢᠨ ᠡᠷᠬᠡ ᠮᠡᠳᠡᠯ ᠭᠡᠷ ᠪᠦᠯᠢ ᠳᠡᠬᠢ ᠪᠠᠶᠢᠷᠢ ᠰᠠᠭᠤᠷᠢ ᠨᠢ ᠰᠢᠭ᠋ ᠪᠣᠯᠵᠤ ᠢᠷᠡᠬᠦᠯᠡᠷ ᠦᠷ᠎ᠡ ᠬᠡᠣᠬᠡᠳ ᠲᠦ ᠪᠡᠨ ᠭᠣᠮᠣᠳᠠᠬᠤ᠂ ᠤᠴᠠᠭᠠᠷᠯᠠᠬᠤ᠂ ᠪᠤᠬᠢᠨᠢᠳᠤᠨ ᠠᠭᠤᠷᠯᠠᠬᠤ ᠬᠠᠨᠳᠤᠰᠢ ᠲᠠᠢ ᠪᠣᠯᠵᠤ ᠢᠷᠡᠳᠡᠭ᠃ ᠢᠩᠭᠢᠭᠡᠳ ᠯᠡ ᠡᠨᠡ ᠬᠦ ᠰᠡᠳᠬᠢᠯ ᠰᠠᠨᠠᠭᠠᠨ ᠤ ᠪᠣᠭᠰᠤᠯᠲᠠ ᠡᠴᠡ ᠪᠣᠯᠵᠤ ᠨᠤᠲᠤᠭ ᠤᠰᠤ ᠪᠡᠨ ᠰᠠᠨᠠᠭᠠᠯᠵᠠᠬᠤ᠂ ᠲᠥᠷᠥᠯ ᠰᠠᠳᠤᠨ ᠢᠶᠡᠨ ᠮᠥᠷᠥᠭᠡᠳᠬᠤ᠂ ᠬᠠᠭᠤᠴᠢᠨ ᠨᠠᠶᠢᠵᠠᠰ ᠢᠶᠡᠨ ᠡᠷᠢᠬᠦ᠂ ᠦᠩᠭᠡᠷᠡᠭᠰᠡᠨ ᠤ ᠪᠠᠬᠠᠳᠤᠯᠲᠤ ᠤᠴᠢᠷ ᠢᠶᠡᠨ ᠳᠤᠷᠠᠰᠤᠨ ᠶᠠᠷᠢᠬᠤ ᠵᠡᠷᠭᠡ ᠪᠠᠴᠢᠮ ᠰᠡᠳᠬᠢᠯᠭᠡ ᠪᠠᠶᠢᠨ ᠳᠠᠬᠢᠨ ᠲᠦᠯᠬᠢᠭᠦᠯᠦᠭᠡᠳ ᠪᠠᠶᠢᠳᠠᠭ ᠴᠤ ᠲᠡᠷᠡ ᠨᠢ ᠰᠠᠨᠠᠭᠠᠨ ᠤ ᠶᠣᠰᠣᠭᠠᠷ ᠲᠡᠷᠡ ᠳᠠᠷᠤᠢ ᠳ᠋ᠤᠨᠢ ᠪᠡᠶᠡᠯᠡᠯ ᠢᠶᠡᠨ ᠣᠯᠵᠤ ᠲᠡᠶᠢᠯᠡᠬᠦ ᠦᠭᠡᠢ ᠪᠣᠯᠬᠤ ᠳ᠋ᠦ ᠣᠶᠢᠷ᠎ᠠ ᠬᠠᠪᠢ ᠪᠡᠷ ᠰᠠᠭᠤᠷᠢᠰᠢᠭ᠎ᠠ ᠲᠠᠨᠢᠯ ᠪᠤᠰᠤ ᠬᠥᠮᠥᠰ ᠨᠢ ᠬᠠᠯᠠᠭᠤᠨ ᠳᠣᠳᠤᠨᠤ ᠰᠠᠨᠠᠭᠳᠠᠵᠤ ᠂ ᠠᠭᠤᠯᠵᠠᠨ ᠤᠴᠠᠷᠠᠬᠤ ᠶᠢᠨ ᠡᠷᠬᠡ ᠪᠡᠷ ᠮᠡᠨᠳᠦ ᠰᠠᠶᠢᠨ ᠢᠶᠡᠨ ᠮᠡᠳᠡᠯᠴᠡᠵᠦ᠂ ᠨᠤᠲᠤᠭ ᠤᠰᠤᠨ ᠢᠶᠡᠨ ᠠᠰᠠᠭᠤᠯᠴᠠᠨ᠂ ᠰᠡᠳᠬᠢᠯ ᠰᠠᠨᠠᠭ᠎ᠠ ᠪᠡᠨ ᠣᠯᠤᠯᠴᠠᠭᠠᠳ ᠵᠢᠭᠠᠰᠤ ᠤᠰᠤ ᠭᠤᠸ᠎ᠠ ᠵᠡᠯ᠎ᠡ ᠶᠢᠨ ᠬᠠᠷᠢᠴᠠᠭ᠎ᠠ ᠲᠠᠢ ᠪᠣᠯᠣᠭᠠᠳ ᠭᠠᠷ ᠤᠲᠠᠰᠤᠨ ᠳᠡᠭᠡᠷ᠎ᠡ︽ ᠵᠢᠷᠭᠢᠭᠡ ᠬᠣᠯᠪᠣᠭ᠎ᠠ︾ ᠪᠠᠶᠢᠭᠤᠯᠵᠤ ᠡᠳᠦᠷ ᠤᠨ ᠴᠢᠯᠦᠭᠡ ᠰᠥᠨᠢ ᠶᠢᠨ ᠵᠠᠪ ᠢᠶᠡᠨ ᠠᠰᠢᠭᠯᠠᠵᠤ ᠨᠠᠭᠤᠷ ᠤᠨ ᠮᠡᠯᠡᠬᠡᠢ ᠭᠤᠸᠠᠭᠯᠠᠬᠤ ᠰᠢᠭ᠋ ᠬᠡᠯᠡᠯᠴᠡᠨ ᠬᠡᠯᠡᠯᠴᠡᠨ ᠵᠣᠭᠤᠭᠳᠠᠵᠤ᠂ ᠨᠠᠷᠭᠢᠨ ᠨᠡᠷᠭᠢᠨ ᠬᠥᠭᠵᠢᠯᠳᠦᠭᠰᠡᠭᠡᠷ ᠪᠣᠳᠣᠯᠭ᠎ᠠ ᠰᠠᠨᠠᠭᠠᠨ ᠤ ᠳᠣᠲᠣᠷᠠᠬᠢ ᠪᠣᠮᠠᠨ ᠵᠠᠩᠭᠢᠷᠠᠭ᠎ᠠ ᠨᠢ ᠰᠤᠯᠠᠷᠠᠭᠠᠳ ᠬᠣᠲᠠ ᠶᠢᠨ ᠠᠮᠢᠳᠤᠷᠠᠯ ᠳ᠋ᠦ ᠢᠳᠡᠭ ᠢᠳᠡᠭ ᠢᠶᠡᠷ ᠳᠠᠳᠤᠭᠠᠳ ᠬᠡᠯᠡᠯᠴᠡᠬᠦ ᠡᠴᠡ ᠨᠥᠬᠥᠳ ᠲᠠᠢ ᠬᠢᠬᠦ ᠡᠴᠡ ᠠᠵᠢᠯ ᠲᠠᠢ᠂ ᠨᠠᠷᠭᠢᠬᠤ ᠡᠴᠡ ᠨᠠᠶᠢᠵᠠ ᠲᠠᠢ᠂ ᠶᠠᠪᠤᠬᠤ ᠡᠴᠡ ᠬᠠᠨᠢ ᠲᠠᠢ ᠪᠣᠯᠵᠤ ᠰᠡᠳᠬᠢᠯ ᠰᠠᠨᠠᠭ᠎ᠠ ᠨᠢ ᠲᠠᠶᠢᠪᠣᠰᠢᠷᠠᠳᠠᠭ᠃
ᠲᠡᠳᠡ ᠬᠥᠳᠡᠭᠡ ᠳ᠋ᠦ ᠪᠠᠶᠢᠭᠰᠠᠨ ᠪᠠᠶᠢᠳᠠᠯ ᠢᠶᠡᠨ ᠪᠦᠷᠢᠮᠦᠰᠦᠨ ᠰᠡᠷᠭᠦᠭᠡᠬᠦ ᠶᠢᠨ ᠲᠥᠯᠥᠭᠡ ᠨᠠᠶᠢᠵᠠ ᠶᠢᠨ ᠲᠣᠭᠣᠷᠢᠭ ᠢᠶᠡᠨ ᠢᠳᠡᠭ ᠢᠳᠡᠭ ᠢᠶᠡᠷ ᠶᠡᠬᠡᠰᠬᠡᠨ ᠨᠠᠶᠢᠷ ᠤᠨ ᠲᠠᠯᠠᠪᠠᠢ ᠪᠡᠨ ᠵᠦᠢ ᠵᠣᠬᠢᠰᠲᠠᠢ ᠥᠷᠭᠡᠳᠬᠡᠨ AA ᠬᠤᠪᠢᠶᠠᠷᠢᠯᠠᠯ ᠢᠶᠡᠷ ᠡᠶ᠎ᠡ ᠡᠪᠲᠡᠢ ᠨᠠᠶᠢᠷᠠᠯᠳᠤᠨ᠂ ᠠᠷᠠᠳ ᠤᠨ ᠳᠠᠭᠤᠤ ᠤᠷᠠᠯᠢᠭ ᠢ ᠠᠮᠠᠨ ᠤ ᠠᠶ᠎ᠠ ᠪᠡᠷ ᠬᠠᠩᠭᠢᠨᠠᠭᠤᠯᠤᠨ᠂ ᠬᠣᠯᠪᠣᠭ᠎ᠠ ᠳᠣᠯᠪᠤᠭᠠ ᠲᠠᠢ ᠦᠭᠡᠰ ᠢ ᠬᠣᠰᠢᠭᠤ ᠬᠠᠮᠬᠢᠯ ᠦᠭᠡᠢ ᠶᠠᠷᠢᠯᠳᠤᠵᠤ᠂ ᠬᠠᠯᠠᠮᠰᠢᠨ ᠳᠣᠭᠳᠤᠯᠤᠭᠰᠠᠨ ᠦᠶ᠎ᠡ ᠳ᠋ᠦ ᠪᠡᠨ ᠬᠡᠤᠬᠡᠳ ᠰᠢᠭ ᠪᠦᠵᠢᠯᠳᠤᠭᠡᠳ᠂ ᠦᠷ᠎ᠡ ᠬᠡᠤᠬᠡᠳ ᠲᠤ ᠪᠡᠨ ᠵᠠᠷᠤᠭᠳᠠᠵᠤ᠂ ᠣᠮᠪᠤᠯᠤ ᠲᠣᠮᠪᠤᠯᠤ ᠳ᠋ᠦ ᠪᠡᠨ ᠦᠢᠯᠡᠴᠢᠯᠡᠭᠰᠡᠨ ᠶᠠᠳᠠᠷᠠᠭ᠎ᠠ ᠴᠢᠯᠡᠭᠡ ᠪᠠᠨ ᠬᠣᠷᠣᠮ ᠵᠠᠭᠤᠷ᠎ᠠ ᠮᠠᠷᠲᠠᠵᠤ ᠣᠷᠭᠢᠳᠠᠭ᠃
ᠲᠡᠳᠡ ᠢᠩᠬᠢᠵᠦ ᠯᠠ ᠪᠠᠶᠢᠵᠤ ᠲᠠᠨᠢᠯ ᠪᠤᠰᠤ ᠣᠷᠴᠢᠨ ᠳ᠋ᠦ ᠲᠠᠨᠢᠯ ᠰᠢᠭ᠋ ᠳᠠᠰᠤᠯᠴᠠᠵᠤ᠂ ᠢᠵᠢᠯᠢ ᠪᠤᠰᠤ ᠭᠠᠵᠠᠷ ᠡᠭᠡᠴᠢ ᠳᠡᠭᠦᠦ ᠪᠣᠯᠵᠤ ᠪᠠᠷᠢᠯᠳᠤᠭᠠᠳ ᠭᠠᠵᠠᠷ ᠭᠠᠵᠠᠷ ᠤᠨ ᠬᠥᠮᠥᠰ ᠭᠠᠩ ᠪᠣᠯᠣᠳ ᠰᠢᠭ᠋ ᠶᠠᠭ ᠠᠨᠠᠷ ᠤᠨ ᠦᠷ᠎ᠡ ᠰᠢᠭ ᠬᠡᠨ ᠬᠡᠨ ᠡᠴᠡ ᠪᠡᠨ ᠰᠠᠯᠵᠤ ᠳᠡᠶᠢᠯᠬᠦ ᠦᠭᠡᠢ ᠪᠣᠯᠣᠯᠴᠠᠭᠠᠳ᠂ ᠤᠤᠯ ᠤᠨ ᠲᠡᠷᠡ ᠬᠦ ᠠᠯᠪᠠ ᠤᠨ ᠰᠢᠨᠵᠢ ᠲᠠᠢ ᠠᠵᠢᠯ ᠦᠢᠯᠡ ᠨᠢ ᠰᠠᠶᠢᠨ ᠳᠤᠷ᠎ᠠ ᠶᠢᠨ ᠪᠣᠯᠵᠤ ᠬᠤᠪᠢᠷᠠᠭᠠᠳ᠂ ᠣᠷᠣᠰᠢᠬᠤ ᠳ᠋ᠦ ᠪᠡᠷᠬᠡ ᠰᠠᠨᠠᠭᠳᠠᠵᠤ ᠪᠠᠶᠢᠭᠰᠠᠨ ᠡᠨᠡ ᠬᠦ ᠭᠠᠵᠠᠷ ᠤᠰᠤᠨ ᠥᠪᠡᠷ ᠤᠨ ᠨᠤᠲᠤᠭ ᠣᠰᠣᠨ ᠰᠢᠭ᠋ ᠢᠶᠡᠨ ᠢᠵᠢᠯᠢ ᠲᠠᠰᠤᠯ ᠪᠣᠯᠵᠤ ᠢᠷᠡᠬᠦᠯᠡᠷ ᠦᠳᠡᠯᠦᠭᠡ ᠨᠠᠰᠤᠨ ᠤ ᠠᠮᠢᠳᠤᠷᠠᠯ ᠳ᠋ᠦ ᠨᠢ ᠥᠩᠭᠡᠲᠦ ᠰᠠᠴᠤᠷᠠᠭᠠᠳ ᠬᠦᠰᠡᠯ ᠡᠷᠡᠮᠡᠯᠵᠡᠯᠡᠯ ᠤᠨ ᠠᠶᠠᠰ ᠨᠢ ᠰᠠᠨᠠᠭᠠᠨ ᠤ ᠠᠶ᠎ᠠ ᠪᠡᠷ ᠬᠦᠩᠭᠢᠨᠡᠭᠡᠳ ᠡᠬᠢᠯᠡᠳᠡᠭ᠃
ᠲᠡᠳᠡ ᠰᠢᠨ᠎ᠡ ᠨᠠᠶᠢᠵᠠ ᠨᠥᠬᠥᠳ᠂ ᠰᠢᠨ᠎ᠡ ᠬᠠᠷᠢᠴᠠᠭ᠎ᠠ ᠬᠣᠯᠪᠣᠭ᠎ᠠ᠂ ᠰᠢᠨ᠎ᠡ ᠨᠡᠷᠭᠢᠶᠡᠨ᠂ ᠰᠢᠨ᠎ᠡ ᠣᠷᠴᠢᠨ ᠲᠣᠭᠣᠷᠢᠨ ᠳ᠋ᠦ ᠨᠢᠭᠡᠮᠦᠰᠦᠨ ᠰᠢᠨᠡᠳᠦᠨ ᠬᠤᠪᠢᠷᠠᠳᠠᠭ᠃
ᠠᠢ ᠬᠥᠭᠡᠷᠦᠬᠦᠢ ᠴᠤ ᠶᠤᠮ ᠰᠢᠤ ᠲᠡᠳᠡ ᠢᠩᠬᠢᠬᠦ ᠦᠭᠡᠢ ᠪᠠᠶᠢᠵᠤ ᠪᠣᠯᠬᠤ ᠤᠤ ᠳ᠋ᠡ
ᠦᠳᠡᠯᠦᠭᠡ ᠨᠠᠰᠤᠨ ᠤ ᠴᠠᠭ ᠦᠶ᠎ᠡ ᠳ᠋ᠦ ᠬᠥᠮᠥᠰ ᠲᠦ ᠦᠶ᠎ᠡ ᠶᠢᠨ ᠨᠠᠶᠢᠵᠠ ᠦᠭᠡᠢ ᠪᠠᠶᠢᠵᠤ ᠪᠣᠯᠬᠤ ᠦᠭᠡᠢ᠂ ᠦᠵᠡᠯ ᠪᠣᠳᠣᠯ ᠤᠨ ᠰᠣᠯᠢᠯᠴᠠᠭ᠎ᠠ ᠠᠷᠢᠭᠤᠰᠬᠠᠯ ᠦᠭᠡᠢ ᠨᠡᠩ ᠪᠠᠶᠢᠵᠤ ᠪᠣᠯᠬᠤ ᠦᠭᠡᠢ᠃ ᠵᠠᠷᠢᠮ ᠤᠳᠬ᠎ᠠ ᠠᠭᠤᠯᠭ᠎ᠠ ᠡᠴᠡ ᠬᠡᠯᠡᠪᠡᠯ ᠦᠶ᠎ᠡ ᠶᠢᠨ ᠨᠠᠶᠢᠵᠠ ᠦᠷ᠎ᠡ ᠬᠡᠤᠬᠡᠳ ᠬᠣᠶᠠᠷ ᠲᠡᠩᠴᠡᠭᠦᠦ ᠣᠷᠣᠰᠢᠬᠤᠢ ᠶᠠᠭᠤᠮ᠎ᠠ ᠪᠠᠶᠢᠯᠲᠠᠢ᠃ ᠠᠯᠢ ᠨᠢᠭᠡᠨ ᠨᠢ ᠳᠤᠲᠠᠬᠤ ᠪᠡᠷ ᠠᠳᠠᠪᠠᠰᠢ ᠬᠠᠷᠠᠮᠰᠠᠯ ᠲᠠᠢ ᠤᠴᠢᠷ ᠪᠣᠯᠬᠤ ᠨᠡᠢ ᠲᠡᠷᠡ ᠳ᠋ᠡ
ᠭᠤᠷᠪᠠ
ᠡᠪᠦᠭᠡᠳ ᠲᠠᠯᠠᠪᠠᠢ
ᠬᠥᠮᠥᠨ᠂ ᠨᠡᠶᠢᠭᠡᠮ ᠤᠨ ᠨᠢᠭᠡᠨ ᠪᠦᠷᠢᠯᠳᠦᠬᠦᠨ ᠪᠣᠯᠣᠭᠰᠠᠨ ᠤ ᠬᠤᠪᠢ ᠳ᠋ᠦ ᠬᠥᠮᠥᠨ ᠬᠥᠮᠥᠨ ᠡᠴᠡ ᠪᠡᠨ ᠰᠠᠯᠵᠤ ᠪᠣᠯᠬᠤ ᠦᠭᠡᠢ᠂ ᠬᠦᠮᠦᠵᠢᠯ ᠪᠣᠯᠪᠠᠰᠤᠷᠠᠯ ᠡᠴᠡ ᠵᠠᠶᠢᠳᠠᠵᠤ ᠪᠣᠯᠬᠤ ᠦᠭᠡᠢ᠂ ᠬᠦᠳᠡᠯᠮᠤᠷᠢ ᠲᠡᠮᠠᠴᠠᠯ ᠡᠴᠡ ᠠᠩᠭᠢᠵᠢᠷᠠᠵᠤ ᠪᠣᠯᠬᠤ ᠦᠭᠡᠢ᠂ ᠬᠥᠷ ᠨᠡᠷᠬᠢᠶᠡᠨ ᠡᠴᠡ ᠭᠠᠳᠠᠭᠤᠷᠬᠠᠵᠤ ᠪᠣᠯᠬᠤ ᠦᠭᠡᠢ᠃ ᠡᠳᠡᠭᠡᠷ ᠢ ᠲᠡᠪᠴᠢᠪᠡᠰᠦ ᠥᠪᠡᠷ ᠪᠡᠶ᠎ᠡ ᠶᠢ ᠪᠡᠨ ᠭᠠᠴᠢᠭᠰᠠᠨ ᠲᠠᠢ ᠡᠭᠡᠭᠡ ᠠᠳᠠᠯᠢᠬᠠᠨ ᠤᠴᠢᠷ ᠪᠣᠯᠬᠤ ᠨᠢ ᠲᠡᠷᠡ᠃
ᠬᠥᠬᠡᠬᠤᠲᠠᠨ᠎ᠠ ᠣᠷᠣᠰᠢᠨ ᠰᠠᠭᠤᠷᠢᠰᠢᠭ᠎ᠠ ᠮᠣᠩᠭᠤᠯᠴᠤᠳ︱ᠣᠨᠴᠠᠭᠠᠶᠢᠯᠠᠨ ᠣᠮᠪᠣᠯᠣ ᠲᠣᠮᠪᠤᠯᠤ ᠪᠡᠨ ᠬᠠᠷᠠᠵᠤ ᠬᠠᠷᠠᠭᠠᠯᠵᠠᠬᠤ ᠪᠡᠷ ᠬᠣᠲᠠ ᠣᠷᠣᠭᠰᠠᠨ ᠡᠳᠡᠭᠡᠷ ᠤᠴᠢᠷ ᠶᠣᠰᠣᠨ ᠢ ᠢᠳᠡᠭ ᠢᠳᠡᠭ ᠢᠶᠡᠷ ᠭᠦᠢᠴᠡᠳ ᠣᠶᠢᠯᠠᠭᠠᠨ ᠬᠡᠨ ᠬᠡᠨ ᠢᠶᠡᠨ ᠲᠠᠨᠢᠬᠤ ᠦᠭᠡᠢ ᠴᠤ ᠬᠡᠯᠡ ᠪᠡᠷ ᠢᠶᠡᠨ ᠲᠠᠨᠢᠯᠴᠠᠵᠤ᠂ ᠵᠠᠩ ᠵᠠᠩ ᠢᠶᠡᠨ ᠮᠡᠳᠡᠯᠴᠡᠬᠦ ᠦᠭᠡᠢ ᠴᠤ ᠵᠣᠭᠣᠭᠳᠠᠨ ᠪᠠᠶᠢᠵᠤ ᠣᠶᠢᠯᠠᠭᠠᠯᠴᠠᠵᠤ᠂ ᠥᠭᠡᠷ᠎ᠡ ᠥᠭᠡᠷ᠎ᠡ ᠨᠤᠲᠤᠭ ᠲᠠᠢ ᠴᠤ ᠦᠭᠡ ᠪᠡᠨ ᠣᠯᠣᠯᠴᠠᠨ ᠦᠵᠡᠯ ᠪᠣᠳᠣᠯ ᠢᠶᠡᠨ ᠰᠣᠯᠢᠯᠴᠠᠭᠰᠠᠭᠠᠷ ᠡᠳᠦᠷ ᠤᠨ ᠤᠳᠠᠭᠠᠨ ᠳ᠋ᠦ ᠪᠡᠨ ᠠᠬ᠎ᠠ ᠡᠭᠡᠴᠢ ᠳᠡᠭᠦᠦ ᠮᠡᠲᠦ ᠳᠣᠲᠣᠨᠣ ᠶᠠᠪᠤᠯᠴᠠᠭ᠎ᠠ ᠲᠠᠢ ᠪᠣᠯᠵᠤ᠂ ᠥᠪᠡᠷ ᠥᠪᠡᠷ ᠤᠨ ᠥᠩᠭᠡ ᠪᠡᠷ ᠮᠢᠷᠠᠯᠵᠠᠭᠰᠠᠨ ᠥᠪᠡᠷᠮᠢᠴᠡ ᠣᠨᠴᠠᠯᠢᠭ ᠪᠦᠬᠦᠢ ᠪᠦᠯᠬᠦᠮ ᠪᠠᠶᠢᠭᠤᠯᠵᠤ ᠃
ᠲᠡᠳᠡ ᠥᠷᠯᠥᠭᠡ ᠡᠷᠲᠡ ᠲᠠᠯᠠᠪᠠᠢ ᠳ᠋ᠦ ᠬᠦᠷᠦᠯᠴᠡᠨ᠎ᠡ᠂ ᠦᠷ᠎ᠡ ᠶᠢᠨ ᠦᠷ᠎ᠡ ᠣᠮᠪᠤᠯᠤ ᠲᠣᠮᠪᠤᠯᠤ ᠪᠡᠨ ᠰᠤᠷᠭᠠᠭᠤᠯᠢ ᠲᠦ ᠨᠢ ᠬᠦᠷᠭᠡᠭᠡᠳ ᠦᠳᠡ ᠶᠢᠨ ᠡᠮᠦᠨ᠎ᠡ ᠪᠤᠶᠤ ᠦᠳᠡ ᠶᠢᠨ ᠬᠣᠶᠢᠨᠠ ᠲᠠᠯᠠᠪᠠᠢ ᠳ᠋ᠦ ᠬᠦᠷᠦᠯᠴᠡᠨ᠎ᠡ᠃
ᠲᠡᠳᠡ ᠨᠠᠰᠤ ᠠᠬᠢᠮᠠᠭ ᠭᠡᠵᠦ ᠪᠡᠶ᠎ᠡ ᠪᠡᠨ ᠭᠣᠯᠣᠭᠠ ᠦᠭᠡᠢ᠂ ᠨᠢᠭᠤᠷ ᠬᠠᠴᠠᠷ ᠢᠶᠡᠨ ᠬᠡᠭᠡᠮᠰᠦᠭ ᠰᠠᠶᠢᠬᠠᠨ ᠭᠣᠶᠣᠯᠠᠭᠠᠳ ᠴᠠᠭ ᠤᠨ ᠥᠩᠭᠡ ᠪᠡᠷ ᠬᠤᠪᠴᠠᠯᠠᠵᠤ ᠢᠷᠡᠭᠡᠳ ᠪᠦᠵᠢᠯᠳᠤᠨᠡ᠃ ᠲᠡᠳᠡᠨ ᠢ ᠬᠠᠷᠠᠬᠤ ᠳ᠋ᠦ ᠬᠠᠷᠠᠭᠠᠨ ᠰᠡᠷᠡᠯ ᠳ᠋ᠦ ᠬᠠᠪᠤᠷ ᠤᠨ ᠴᠡᠴᠡᠭᠡᠰ ᠮᠢᠷᠠᠯᠵᠠᠬᠤ ᠭᠡᠮᠡᠷ᠂ ᠬᠠᠨ ᠭᠠᠷᠤᠳᠢ ᠲᠡᠪᠲᠡᠷᠡᠬᠦ ᠰᠢᠭ᠋᠂ ᠲᠣᠭᠣᠰ ᠤᠨ ᠥᠳᠥ ᠳᠡᠯᠭᠡᠬᠦ ᠠᠳᠠᠯᠢ᠂ ᠲᠣᠷᠭᠠᠨ ᠬᠠᠳᠠᠭ ᠨᠠᠮᠢᠯᠵᠠᠬᠤ ᠮᠡᠲᠦ ᠭᠠᠢᠬᠠᠮᠰᠢᠭᠲᠠᠢ ᠰᠠᠶᠢᠬᠠᠨ ᠮᠡᠳᠡᠷᠡᠭᠳᠡᠬᠦ ᠠᠵᠢ᠃
ᠲᠡᠳᠡᠨ ᠤ ᠵᠠᠷᠢᠮ ᠨᠢ ᠪᠠᠶᠠᠷ ᠴᠡᠩᠭᠡᠯ ᠲᠠᠢ ᠪᠦᠵᠢᠵᠤ ᠳᠠᠭᠤᠰᠤᠭᠠᠳ ᠬᠥᠵᠥᠷᠳᠡᠬᠦ ᠪᠤᠶᠤ ᠰᠢᠲᠠᠷᠠᠳᠠᠨᠠ᠃ ᠬᠣᠶᠠᠷ ᠬᠣᠶᠠᠷ᠂ ᠳᠥᠷᠪᠡ ᠳᠥᠷᠪᠡ ᠪᠡᠷ ᠪᠤᠶᠤ ᠵᠢᠷᠭᠤᠭ᠎ᠠ ᠵᠢᠷᠭᠤᠭ᠎ᠠ ᠪᠡᠷ ᠰᠢᠷᠡᠭᠡ ᠲᠣᠭᠣᠷᠢᠨ ᠰᠠᠭᠤᠯᠴᠠᠭᠠᠳ ᠬᠤᠪᠢ ᠬᠤᠪᠢ ᠶᠢᠨ ᠢᠶᠡᠨ ᠣᠶᠣᠨ ᠤᠬᠠᠭᠠᠨ ᠤᠷ᠎ᠠ ᠮᠡᠷᠭᠡᠵᠢᠯ ᠢᠶᠡᠨ ᠰᠢᠯᠭᠠᠯᠴᠠᠨᠠ᠃ ᠵᠠᠷᠢᠮ ᠳ᠋ᠦ ᠪᠡᠨ ᠲᠡᠳᠡ ᠨᠠᠭᠠᠳᠴᠤ ᠨᠠᠭᠠᠳᠴᠤ ᠨᠢᠷᠭᠢᠶᠡᠨ ᠪᠣᠯᠵᠤ ᠠᠯᠳᠠᠮ᠎ᠠ᠂ ᠵᠠᠷᠢᠮ ᠳ᠋ᠦ ᠪᠡᠨ ᠲᠡᠳᠡ ᠨᠠᠮ ᠨᠠᠮᠵᠢᠭᠤᠬᠠᠨ ᠶᠠᠪᠠ ᠪᠣᠯᠵᠤ ᠠᠯᠳᠠᠮ᠎ᠠ᠂ ᠵᠠᠷᠢᠮ ᠳ᠋ᠦ ᠪᠡᠨ ᠲᠤᠯᠭ᠎ᠠ ᠶᠢᠨ ᠭᠠᠯ ᠳ᠋ᠦ ᠲᠣᠰᠣ ᠨᠡᠮᠡᠬᠦ ᠰᠢᠭ ᠲᠣᠭᠣᠷᠢᠭᠰᠠᠨ ᠣᠯᠠᠨ ᠳᠣᠷᠭᠢᠯᠳᠤᠨᠠ᠃
ᠡᠨᠳᠡ ᠬᠥᠷ ᠡᠳᠦᠷ ᠲᠤᠷᠰᠢ ᠲᠠᠰᠤᠷᠠᠰᠢ ᠦᠭᠡᠢ ᠦᠷᠭᠦᠯᠵᠢᠯᠡᠨ᠎ᠡ᠃
ᠠᠪᠢᠶᠠᠰ ᠲᠠᠢ ᠠᠬᠠᠮᠠᠳ ᠨᠠᠰᠤᠲᠠᠳ ᠡᠨᠳᠡ ᠬᠤᠷᠠᠯᠳᠤᠵᠤ᠂ ᠠᠮᠠ ᠪᠡᠷ ᠦᠯᠢᠶᠡᠳᠡᠭ ᠪᠥᠬᠥᠨ ᠢ ᠦᠯᠢᠶᠡᠨ
᠂ ᠭᠠᠷ ᠢᠶᠡᠷ ᠬᠤᠭᠤᠷᠳᠠᠨ ᠲᠠᠲᠠᠵᠤ ᠪᠤᠯᠳᠠᠭ ᠢ ᠬᠦᠩᠭᠢᠨᠡᠭᠦᠯᠦᠨᠡ᠃ ᠡᠪᠦᠭᠡᠳ ᠤᠨ ᠬᠦᠰᠡᠭᠦᠶᠢᠴᠡ ᠠᠶᠠᠰ᠂ ᠤᠨ ᠬᠡᠤᠬᠡᠨ ᠬᠣᠭᠣᠯᠠᠢ ᠂ ᠬᠦᠷᠢᠶᠡᠯᠡᠭᠰᠡᠨ ᠣᠯᠠᠨ ᠤ ᠤᠤᠬᠠᠶᠢᠯᠠᠯ ᠲᠡᠷᠡ ᠪᠥᠬᠥᠨ ᠢᠶᠡᠷ ᠵᠣᠬᠢᠴᠠᠨ ᠠᠭᠤᠰᠤᠯᠴᠠᠭᠠᠳ ᠦᠨᠡᠬᠡᠷ ᠠᠳᠠᠯᠢᠳᠬᠠᠰᠢ ᠦᠭᠡᠢ ᠥᠪᠡᠷᠮᠢᠴᠡ ᠭᠤᠶᠢᠳᠠ ᠤᠷᠠᠯᠢᠭ ᠤᠨ ᠶᠢᠷᠳᠢᠨᠴᠦ ᠢ ᠪᠣᠢ ᠪᠣᠯᠭᠠᠨ᠎ᠠ᠃ ᠡᠨᠳᠡ ᠢᠷᠡᠪᠡᠯ ᠬᠣᠲᠠ ᠣᠷᠣᠭᠰᠠᠨ ᠮᠣᠩᠭᠣᠯ ᠬᠥᠮᠥᠨ ᠤ ᠤᠶᠢᠳᠬᠠᠷ ᠪᠤᠬᠢᠨᠢᠳᠤᠯ ᠲᠠᠶᠢᠳᠬᠠᠷᠠᠵᠤ᠂ ᠰᠡᠳᠬᠢᠯ ᠰᠠᠨᠠᠭᠠᠨ ᠤ ᠳᠠᠷᠤᠭᠠᠰᠤ ᠬᠦᠩᠭᠡᠷᠡᠵᠦ᠂ ᠨᠡᠶᠢᠭᠡᠮ ᠭᠡᠷ ᠪᠦᠯᠢ ᠶᠢᠨ ᠲᠤᠬᠠᠢ ᠦᠵᠡᠯᠲᠡ᠂ ᠠᠮᠢᠳᠤᠷᠠᠨ ᠣᠷᠣᠰᠢᠬᠤᠢ ᠶᠢᠨ ᠠᠷᠭ᠎ᠠ ᠬᠡᠯᠪᠡᠷᠢ ᠰᠢᠨᠡᠳᠦᠨ ᠬᠤᠪᠢᠷᠠᠬᠤ ᠨᠢ ᠶᠠᠭᠤᠲᠠᠢ ᠭᠠᠢᠬᠠᠯᠳᠠᠢ ᠠᠵᠢ᠃
ᠡᠨᠡ ᠲᠠᠯᠠᠪᠠᠢ ᠪᠣᠯ ᠬᠦᠬᠡᠬᠤᠲᠠᠨ᠎ᠠ ᠰᠠᠭᠤᠷᠢᠰᠢᠭ᠎ᠠ ᠬᠥᠬᠡ ᠮᠣᠩᠭᠣᠯ ᠤᠨ ᠦᠷᠡᠰ ᠬᠠᠮᠤᠭ ᠣᠯᠠᠨ ᠬᠤᠷᠠᠨ ᠴᠤᠭᠯᠠᠷᠠᠳᠠᠭ ᠵᠢᠭᠠᠬᠠᠨ ᠲᠠᠯᠠᠪᠠᠢ᠃ ᠡᠪᠦᠭᠡᠳ ᠬᠥᠬᠡ ᠤᠬᠠᠭᠠᠨ ᠤ ᠴᠣᠣᠷᠢᠶ᠎ᠠ ᠴᠤᠤᠷᠢᠶᠠᠯᠠᠭᠰᠠᠨ ᠲᠣᠭᠣᠷᠢᠭ ᠲᠠᠯᠠᠪᠠᠢ᠃
ᠡᠨᠡ ᠲᠠᠯᠠᠪᠠᠢ ᠪᠣᠯ ᠬᠥᠬᠡᠬᠣᠲᠠ ᠶᠢᠨ ᠶᠡᠬᠡ ᠰᠤᠷᠭᠠᠭᠤᠯᠢ ᠵᠡᠭᠦᠨ ᠵᠠᠮ ᠪᠠ ᠡᠮᠦᠨ᠎ᠡ ᠵᠠᠮ ᠤᠨ ᠣᠭᠲᠣᠯᠣᠯᠴᠠᠯ ᠤᠨ ᠪᠠᠷᠠᠭᠤᠨ ᠬᠣᠶᠢᠨᠠ ᠬᠥᠷᠰᠢᠯᠡᠵᠦ ᠪᠠᠶᠢᠭ᠎ᠠ ᠬᠥᠮᠥᠨ ᠤᠯᠠᠨ ᠤ ᠲᠠᠨᠢᠯ ᠳᠠᠰᠤᠯ ᠪᠣᠯᠣᠭᠰᠠᠨ ᠬᠥᠷ ᠡᠳᠦᠷᠵᠢᠨ ᠪᠢᠯᠬᠠᠭᠠᠳ ᠳᠠᠭᠤᠰᠤᠰᠢ ᠦᠭᠡᠢ ︽᠊ᠤᠤᠢ ᠢᠤᠢ ᠲᠠᠯᠠᠪᠠᠢ︾ (驰誉广场) ᠪᠣᠯᠬᠤ ᠨᠢ ᠲᠡᠷᠡ ᠳ᠋ᠠ᠃
ᠳᠥᠷᠪᠡ
ᠬᠠᠶᠢᠷ᠎ᠠ ᠰᠡᠳᠬᠢᠯ ᠤᠨ ᠬᠥᠭᠡᠭᠡᠴᠡᠯᠳᠦᠯ ᠬᠠᠨᠢᠰᠴᠤ ᠶᠠᠪᠤᠬᠤ ᠶᠢᠨ ᠪᠠᠶᠠᠰᠤᠯ
ᠬᠦᠬᠡᠬᠤᠲᠠᠨ᠎ᠠ ᠬᠥᠬᠡ ᠮᠣᠩᠭᠣᠯ ᠤᠨ ᠡᠪᠦᠭᠡᠳ ᠬᠤᠷᠠᠭᠰᠠᠨ ᠭᠠᠵᠠᠷ ᠶᠢ ᠬᠥᠬᠡᠬᠣᠲᠠᠨ᠎ᠠ ᠢᠷᠡᠵᠦ ᠡᠪᠦᠭᠡᠳ ᠤᠨ ᠪᠦᠯᠬᠦᠮ ᠳ᠋ᠦ ᠣᠷᠣᠬᠤ ᠦᠭᠡᠢ ᠪᠣᠯ ᠮᠡᠳᠡᠬᠦ ᠳ᠋ᠦ ᠪᠡᠷᠬᠡ ᠲᠠᠢ ᠠᠵᠢ᠃
ᠡᠨᠳᠡ ᠬᠠᠭᠤᠴᠢᠨ ᠰᠠᠭᠤᠷᠢᠰᠢᠯᠳᠦ ᠮᠣᠩᠭᠣᠯ ᠡᠪᠦᠭᠡᠳ ᠪᠠᠶᠢᠬᠤ ᠪᠡᠷ ᠪᠠᠷᠠᠬᠤ ᠦᠭᠡᠢ ᠪᠠᠰᠠ ᠣᠶᠢᠷ᠎ᠠ ᠶᠢᠨ ᠬᠡᠳᠦᠨ ᠵᠢᠯ ᠳ᠋ᠦ ᠠᠵᠢᠯ ᠤᠨ ᠬᠠᠷᠠᠭ᠎ᠠ ᠪᠡᠷ ᠬᠦᠬᠡᠬᠤᠲᠠᠨ᠎ᠠ ᠦᠯᠡᠳᠡᠵᠦ ᠠᠵᠢᠯ ᠠᠯᠪᠠ ᠬᠦᠢᠴᠡᠳᠭᠡᠵᠦ ᠪᠠᠶᠢᠭ᠎ᠠ ᠭᠠᠭᠴᠠ ᠬᠣᠶᠠᠷ ᠦᠷ᠎ᠡ ᠬᠡᠤᠬᠡᠳ ᠢᠶᠡᠨ ᠬᠠᠪᠰᠤᠷᠴᠤ ᠬᠠᠯᠠᠮᠵᠢᠯᠠᠬᠤ ᠪᠡᠷ ᠪᠤᠶᠤ ᠲᠦᠰᠢᠵᠦ ᠠᠮᠢᠳᠤᠷᠠᠬᠤ ᠪᠡᠷ ᠥᠪᠥᠷ ᠮᠣᠩᠭᠣᠯ ᠣᠷᠣᠨ ᠤ ᠥᠨᠴᠥᠭ ᠪᠣᠯᠣᠩ ᠡᠴᠡ ᠬᠣᠲᠠ ᠣᠷᠣᠭᠰᠠᠨ ᠦᠯᠡᠮᠵᠢ ᠣᠯᠠᠨ ᠨᠠᠰᠤᠲᠠᠨ ᠪᠤᠭᠤᠷᠤᠯ ᠪᠠᠶᠢᠬᠤ ᠠᠵᠢ᠃
ᠡᠭᠦᠨ ᠳ᠋ᠦ ᠡᠯᠢᠭᠡ ᠪᠦᠲᠦᠨ ᠡᠪᠦᠭᠡᠳ ᠪᠣᠢ᠂ ᠪᠠᠰᠠ ᠬᠥᠳᠡᠭᠡ ᠨᠤᠲᠤᠭ ᠡᠴᠡ ᠢᠷᠡᠭᠰᠡᠨ ᠬᠦᠴᠢᠷ ᠠᠮᠢᠳᠤᠷᠠᠯ ᠤᠨ ᠵᠥᠷᠢᠭ ᠵᠠᠮ ᠢᠶᠡᠷ ᠵᠠᠮᠨᠠᠭᠠ ᠬᠥᠭᠡᠷᠦᠬᠦᠢ ᠭᠣᠣᠨᠢ ᠡᠪᠦᠭᠡᠳ ᠪᠣᠢ᠂ ᠬᠦᠰᠡᠯ ᠡᠷᠡᠮᠡᠯᠵᠡᠯᠡᠯ ᠤᠨ ᠨᠠᠷᠠ ᠡᠪᠦᠷᠯᠡᠭᠰᠡᠨ ᠪᠡᠯᠪᠡᠰᠦᠨ
ᠴᠤ ᠪᠣᠢ᠃ ᠲᠡᠳᠡ ᠣᠭᠲᠠᠷᠭᠤᠢ ᠶᠢᠨ ᠡᠭᠦᠯᠡᠰ ᠥᠪᠡᠷ ᠤᠨ ᠡᠷᠬᠡ ᠪᠡᠷ ᠡᠪᠬᠡᠷᠦᠯᠳᠦᠨ ᠬᠤᠷᠠᠬᠤ ᠲᠠᠢ ᠠᠳᠠᠯᠢ ᠪᠡᠷ ᠡᠳᠦᠷ ᠤᠨ ᠵᠤᠵᠠᠭᠠᠨ ᠬᠣᠨᠣᠭ ᠤᠨ ᠤᠳᠠᠭᠠᠨ ᠳ᠋ᠦ ᠠᠭᠤᠯᠵᠠᠨ ᠲᠠᠨᠢᠯᠴᠠᠭᠠᠳ ᠵᠠᠩ ᠵᠠᠩ ᠢᠶᠡᠨ ᠣᠯᠣᠯᠴᠠᠨ᠂ ᠵᠠᠮᠨᠠᠬᠤ ᠬᠠᠨᠳᠤᠰᠢ ᠪᠡᠨ ᠨᠢᠭᠡᠳᠬᠡᠭᠡᠳ ᠂ ᠦᠵᠡᠵᠦ ᠲᠣᠭᠣᠭᠰᠠᠨ ᠨᠢᠭᠡ ᠲᠠᠢ ᠪᠡᠨ ᠦᠶᠡᠷᠬᠡᠨ ᠦᠶᠡᠷᠬᠡᠨ ᠬᠠᠨᠢᠯᠠᠭᠠᠳ ᠬᠠᠪᠤᠷ ᠤᠨ ᠨᠣᠭᠣᠭ᠎ᠠ ᠨᠢᠯᠬᠠᠷᠠᠮᠠ ᠬᠠᠶᠢᠷ᠎ᠠ ᠰᠡᠳᠬᠢᠯ ᠤᠨ ᠬᠥᠭᠡᠭᠡᠴᠡᠯᠳᠦᠯ ᠲᠠᠢ ᠪᠣᠯᠳᠠᠭ ᠨᠢ ᠪᠠᠭ᠎ᠠ ᠦᠭᠡᠢ ᠪᠠᠶᠢᠳᠠᠭ᠃
ᠠᠢ ᠶᠠᠭᠤ ᠬᠡᠯᠡᠯᠲᠡᠢ ᠪᠢᠯᠡ᠂ ᠬᠥᠭᠡᠷᠦᠬᠦᠢ ᠴᠤ ᠶᠤᠮ ᠳ᠋ᠠ᠃ ᠬᠥᠮᠥᠨ ᠥᠲᠡᠯᠬᠦ ᠶᠢᠨ ᠦᠵᠦᠭᠦᠷ ᠡᠯᠭᠦᠬᠦ ᠪᠡᠷ ᠠᠯᠢᠪᠠ ᠪᠥᠬᠥᠨ ᠨᠢ ᠬᠡᠦᠷᠡᠭ ᠪᠣᠯᠵᠤ ᠢᠷᠡᠳᠡᠭ ᠪᠥᠭᠡᠳ ᠮᠠᠰᠢ ᠶᠠᠭᠡ ᠲᠠᠢ ᠪᠣᠳᠣᠯ ᠳᠤ ᠣᠷᠢᠶᠠᠭᠳᠠᠵᠤ ᠡᠬᠢᠯᠡᠳᠡᠭ᠃ ᠨᠡᠩ ᠭᠣᠣᠨᠢ ᠪᠡᠶᠡᠲᠦ ᠨᠠᠰᠤᠲᠠᠨ᠂ ᠪᠡᠯᠪᠡᠰᠦᠨ ᠪᠦᠰᠡᠭᠦᠢ ᠬᠥᠮᠥᠨ ᠳ᠋ᠦ ᠠᠪᠴᠤ ᠬᠡᠯᠡᠪᠡᠯ ᠡᠨᠡ ᠨᠢ ᠬᠡᠮᠵᠢᠶᠡᠯᠡᠰᠢ ᠦᠭᠡᠢ ᠶᠡᠬᠡ ᠰᠡᠳᠬᠢᠯ ᠰᠠᠨᠠᠭᠠᠨ ᠤ ᠪᠤᠳᠤᠯᠢᠶᠠᠨ ᠪᠣᠯᠵᠤ ᠪᠠᠶᠢᠳᠠᠭ᠃ ᠡᠨᠡ ᠦᠶ᠎ᠡ ᠳ᠋ᠦ ᠬᠠᠶᠢᠷ᠎ᠠ ᠬᠡᠷᠡᠭᠲᠡᠢ᠂ ᠬᠠᠮᠵᠢᠶ᠎ᠠ ᠬᠡᠷᠡᠭᠲᠡᠢ᠂ ᠬᠤᠷᠠᠭ ᠨᠠᠰᠤᠨ ᠤ ᠬᠠᠮᠤᠭ ᠡᠴᠡ ᠤᠶᠢᠯᠠᠭᠠᠳᠠᠭ ᠬᠥᠮᠥᠨ ᠬᠡᠷᠡᠭᠲᠡᠢ᠃ ᠥᠭᠡᠷ᠎ᠡ ᠪᠡᠷ ᠬᠡᠯᠡᠪᠡᠯ ᠲᠡᠳᠡᠨ ᠳ᠋ᠦ ᠬᠠᠶᠢᠷ᠎ᠠ ᠪᠠ ᠬᠠᠯᠠᠮᠵᠢᠯᠠᠯ ᠬᠡᠷᠡᠭᠲᠡᠢ᠃
ᠬᠥᠮᠥᠨ ᠳ᠋ᠦ ᠬᠠᠶᠢᠷ᠎ᠠ ᠳᠤᠲᠠᠵᠤ ᠪᠣᠯᠬᠤ ᠦᠭᠡᠢ᠃ ᠵᠠᠯᠠᠭᠤ ᠥᠲᠡᠯᠦᠭᠰᠡᠨ ᠤᠯᠤᠰ ᠭᠡᠰᠡᠨ ᠦᠭᠡᠢ ᠪᠦᠷ ᠴᠤ ᠠᠳᠠᠯᠢᠬᠠᠨ᠃ ᠡᠨᠡ ᠶᠠᠭᠤᠮ᠎ᠠ ᠡᠵᠡᠭᠦᠶᠢᠷᠡᠪᠡᠯ ᠥᠪᠡᠷ ᠪᠡᠶ᠎ᠡ ᠡᠵᠡᠭᠦᠶᠢᠷᠡᠨᠡ᠂ ᠥᠷᠥᠭᠡᠯ ᠪᠤᠰᠤᠳ ᠡᠵᠡᠭᠦᠶᠢᠷᠡᠨᠡ᠂ ᠶᠢᠷᠳᠢᠨᠴᠦ ᠶᠢᠨ ᠠᠮᠢᠯᠠᠯ ᠲᠠᠢ ᠪᠥᠬᠥᠨ ᠡᠵᠡᠭᠦᠶᠢᠷᠡᠨᠡ᠃ ᠠᠯᠢᠪᠠ ᠠᠮᠢᠳᠤ ᠪᠣᠳᠠᠰ ᠤᠨ ᠠᠭᠤᠤ ᠶᠡᠬᠡ ᠨᠢ ᠬᠠᠶᠢᠷ᠎ᠠ ᠳ᠋ᠦ ᠪᠠᠶᠢᠳᠠᠭ ᠨᠢ ᠡᠨᠡ᠃
ᠨᠢᠭᠡ ᠰᠢᠯᠦᠭᠴᠢ ︽ ᠡᠷ᠎ᠡ ᠬᠥᠮᠥᠨ ᠳ᠋ᠦ ᠰᠠᠬᠠᠯ ᠦᠭᠡᠢ ᠪᠣᠯᠪᠠᠯ ᠡᠭᠡᠷᠡᠮ᠎ᠡ ᠲᠠᠯ᠎ᠠ ᠳ᠋ᠦ ᠴᠡᠴᠡᠭ ᠦᠭᠡᠢ ᠲᠠᠢ ᠠᠳᠠᠯᠢ ᠦᠯᠦ ᠪᠤᠭᠤ ᠳ᠋ᠦ ᠡᠪᠡᠷ ᠦᠭᠡᠢ ᠲᠠᠢ ᠠᠳᠠᠯᠢ︾ ᠭᠡᠵᠦ ᠰᠢᠯᠦᠭᠯᠡᠭᠰᠡᠨ ᠪᠠᠢᠳᠠᠠᠭ᠃ ᠡᠭᠦᠨ ᠲᠠᠢ ᠠᠳᠠᠯᠢᠬᠠᠨ ᠬᠥᠮᠥᠨ ᠳ᠋ᠦ ᠬᠠᠶᠢᠷ᠎ᠠ ᠲᠤᠲᠠᠪᠠᠯ ︽ ᠬᠦᠷᠦᠰᠦᠲᠦ ᠭᠠᠵᠠᠷ ᠨᠣᠭᠣᠭᠠᠨ ᠠᠮᠢᠯᠠᠯ ᠢᠶᠡᠷ ᠳᠤᠲᠠᠬᠤ ᠰᠢᠭ᠋ ᠬᠥᠬᠡ ᠡᠭᠦᠯᠡ ᠬᠤᠷ᠎ᠠ ᠶᠢᠨ ᠢᠶᠡᠷ ᠰᠣᠪᠠᠶᠢᠷᠠᠬᠤ ᠰᠢᠭ᠋︾ ᠪᠣᠯᠳᠠᠭ᠃
ᠬᠠᠶᠢᠷ᠎ᠠ ᠪᠣᠯ ᠠᠮᠢ ᠨᠠᠰᠤᠨ ᠤ ᠨᠣᠭᠣᠭᠠᠨ ᠨᠣᠲ᠂ ᠠᠮᠢᠯᠠᠯ ᠴᠡᠴᠡᠭᠯᠡᠯ ᠤᠨ ᠠᠮᠢᠨ ᠰᠦᠨᠡᠰᠦ᠂ ᠦᠷ᠎ᠡ ᠬᠡᠤᠬᠡᠳ ᠪᠣᠯ ᠡᠴᠢᠭᠡ ᠡᠬᠡ ᠶᠢᠨ ᠬᠠᠶᠢᠷ᠎ᠠ ᠶᠢᠨ ᠱᠦᠯᠲᠦ᠂ ᠡᠴᠢᠭᠡ ᠡᠬᠡ ᠪᠣᠯ ᠦᠷ᠎ᠡ ᠬᠡᠤᠬᠡᠳ ᠤᠨ ᠠᠴᠢᠯᠠᠯ ᠤᠨ ᠰᠢᠲᠦᠭᠡᠨ᠃ ᠲᠡᠶᠢᠮᠦ ᠪᠣᠯᠬᠣᠷ ᠦᠷ᠎ᠡ ᠬᠡᠤᠬᠡᠳ ᠪᠣᠯᠣᠭᠰᠠᠳ ᠦᠳᠡᠯᠦᠭᠡ ᠪᠤᠭᠤᠷᠤᠯ ᠡᠴᠢᠭᠡ ᠡᠬᠡ ᠪᠡᠨ ᠵᠥᠪ ᠣᠶᠢᠯᠠᠭᠠᠵᠤ᠂ ᠴᠠᠭ ᠦᠷᠭᠦᠯᠵᠢ ᠬᠦᠨᠳᠤᠯᠡᠨ ᠬᠠᠯᠠᠮᠵᠢᠯᠠᠵᠦ ᠬᠦᠭᠡᠷᠦᠭᠦᠶᠢᠯᠡᠨ ᠦᠷᠦᠪᠴᠢᠯᠡᠵᠦ ᠶᠠᠪᠤᠭᠠᠷᠠᠢ᠃ ᠲᠡᠳᠡᠨ ᠤ ᠪᠡᠨ ᠰᠡᠳᠬᠢᠯ ᠰᠠᠨᠠᠭᠠᠨ ᠤ ᠠᠶᠠᠯᠠᠯ ᠳ᠋ᠦ ᠨᠢ ᠰᠠᠭᠠᠳ ᠪᠤᠦ ᠪᠣᠯᠤᠭᠠᠷᠠᠢ᠂ ᠥᠪᠡᠷ ᠪᠢ ᠶᠢᠨ ᠶᠢᠷᠳᠢᠨᠴᠦ ᠳ᠋ᠦ ᠪᠡᠨ ᠦᠬᠦᠨ ᠪᠤᠦ ᠬᠦᠯᠢᠭᠡᠷᠡᠢ᠂ ᠰᠠᠨᠠᠭ᠎ᠠ ᠲᠠᠢ ᠪᠣᠯ ᠣᠨᠣᠭ᠎ᠠ ᠲᠠᠢ ᠭᠡᠬᠦ ᠰᠠᠶᠢᠬᠠᠨ ᠪᠣᠳᠣᠯ ᠢᠶᠡᠷ ᠵᠢᠯᠣᠭᠣ ᠵᠠᠯᠠᠵᠤ ᠥᠭᠡᠳᠡᠯᠡᠭᠦᠯᠵᠦ ᠪᠠᠶᠢᠭᠠᠷᠠᠢ᠂ ᠪᠢᠲᠡᠭᠡᠢ ᠥᠷᠢ ᠲᠥᠯᠥᠭᠡᠰᠦ ᠲᠠᠢ ᠬᠥᠮᠥᠨ ᠰᠢᠭ ᠥᠭᠡᠳᠡ ᠦᠭᠡᠢ ᠬᠠᠨᠳᠤᠭᠠᠴᠢ ᠲᠡᠳᠡ ᠦᠷ᠎ᠡ ᠶᠢᠨ ᠦᠷ᠎ᠡ ᠳ᠋ᠦ ᠪᠣᠭᠣᠯ ᠪᠣᠯᠬᠤ ᠠᠯᠪᠠ ᠲᠠᠢ ᠢᠷᠡᠭᠰᠡᠨ ᠤᠯᠤᠰ ᠪᠢᠰᠢ᠂ ᠬᠠᠷᠢᠨ ᠦᠶ᠎ᠡ ᠮᠥᠴᠢᠯᠡᠵᠦ ᠦᠨᠳᠦᠰᠦ ᠬᠥᠬᠡᠷᠡᠭᠦᠯᠵᠦ᠂ ᠦᠰᠦ ᠪᠡᠨ ᠴᠠᠶᠢᠲᠠᠯ᠎ᠠ ᠲᠡᠮᠡᠤᠯᠦᠭᠰᠡᠨ ᠤ ᠬᠤᠪᠢ ᠳᠤ ᠦᠴᠦᠬᠡᠨ ᠴᠤ ᠪᠣᠯᠤᠭ ᠥᠪᠡᠷ ᠪᠡᠶ᠎ᠡ ᠶᠢᠨ ᠵᠢᠷᠭᠠᠯ ᠢ ᠡᠷᠲᠡ ᠨᠢᠭᠡᠨ ᠡᠳᠦᠷ ᠡᠳ᠋ᠯᠡᠬᠦ ᠶᠢ ᠬᠦᠰᠡᠵᠦ ᠶᠠᠪᠤᠭ᠎ᠠ ᠤᠯᠤᠰ ᠶᠤᠮ᠃
ᠰᠡᠳᠬᠢᠯ ᠤᠨ ᠲᠡᠭᠷᠢ ᠬᠡᠳᠦᠢ ᠥᠨᠳᠥᠷ ᠪᠣᠯᠬᠤ ᠲᠤᠲᠤᠮ ᠢᠶᠡᠨ ᠰᠠᠨᠠᠭᠠᠨ ᠤ ᠪᠡᠶᠡᠯᠡᠯ ᠲᠡᠳᠦᠢ ᠣᠶᠢᠷ᠎ᠠ ᠪᠣᠯᠳᠠᠭ᠃ ᠰᠠᠶᠢᠨ ᠰᠠᠨᠠᠭ᠎ᠠ ᠰᠠᠶᠢᠬᠠᠨ ᠪᠣᠳᠣᠯ ᠪᠥᠬᠥᠨ ᠳ᠋ᠦ ᠪᠤᠷᠬᠠᠨ ᠣᠷᠣᠰᠢᠵᠤ ᠪᠠᠶᠢᠳᠠᠭ᠃
ᠦᠷ᠎ᠡ ᠬᠡᠤᠬᠡᠳ ᠪᠣᠯᠤᠭᠰᠠᠳ ᠰᠡᠳᠬᠢᠯ ᠤᠨ ᠪᠠᠭᠲᠠᠭᠠᠮᠵᠢ ᠪᠡᠨ ᠠᠭᠤᠵᠢᠭᠤ ᠪᠠᠶᠢᠯᠭᠠᠵᠤ᠂ ᠨᠠᠰᠤᠲᠠᠨ ᠪᠣᠭᠤᠷᠤᠯᠴᠤᠳ ᠤᠨ ᠢᠶᠡᠨ ᠬᠡᠪ ᠶᠣᠰᠣᠨ ᠤ ᠬᠦᠰᠡᠯ ᠬᠥᠭᠡᠭᠡᠴᠡᠯᠳᠦᠯ ᠢ ᠬᠠᠮᠵᠢᠨ ᠪᠡᠶᠡᠯᠡᠭᠦᠯᠦᠭᠡᠴᠢ ᠡᠨᠡ ᠴᠢᠨᠢ ᠬᠣᠭᠣᠰᠤᠨ ᠪᠤᠷᠠᠬᠠᠨ ᠲᠠᠬᠢᠭᠰᠠᠨ ᠡᠴᠡ ᠬᠤᠪᠢ ᠲᠠᠬᠢᠨ ᠪᠤᠶᠠᠨ ᠡᠳ᠋ᠯᠡᠬᠦ ᠨᠢ ᠲᠡᠷᠡ ᠳ᠋ᠡ
ᠠᠮᠢᠳᠤ ᠪᠤᠷᠬᠠᠨ ᠳᠡᠷᠭᠡᠳᠡ ᠴᠢᠨᠢ ᠪᠣᠢ ᠰᠢᠤ᠂ ᠠᠵᠢᠵᠤ ᠮᠡᠳᠡᠭᠡᠳ ᠠᠴᠢᠯᠠᠯ ᠬᠦᠢᠴᠡᠳᠭᠡᠪᠡᠰᠦ ᠠᠳᠠᠪᠠᠰᠢ ᠶᠡᠬᠡ ᠪᠤᠶᠠᠨ ᠬᠤᠷᠢᠶᠠᠬᠤ ᠨᠢ ᠯᠠᠪᠲᠠᠢ
ᠲᠠᠪᠤ
ᠬᠥᠬᠡ ᠰᠣᠶᠣᠯ ᠤᠨ ᠥᠪᠲᠡᠳ
ᠰᠣᠶᠣᠯ ᠬᠥᠮᠥᠨ ᠢᠶᠡᠷ ᠳᠠᠮᠵᠢᠨ ᠤᠯᠠᠮᠵᠢᠯᠠᠭᠳᠠᠳᠠᠭ ᠡᠷᠳᠡᠨᠢ ᠪᠢᠯᠡ᠃ ᠰᠣᠶᠣᠯ ᠬᠥᠮᠥᠨ ᠤ ᠣᠶᠣᠨ ᠬᠤᠷᠴᠠᠯᠠᠵᠤ᠂ ᠤᠬᠠᠭᠠᠨ ᠰᠠᠨᠠᠭ᠎ᠠ ᠶᠢ ᠰᠠᠷᠠᠭᠤᠯᠵᠢᠭᠤᠯᠳᠠᠭ ᠣᠶᠣᠨ ᠤ ᠴᠢᠮᠡᠭ᠂ ᠤᠠᠬᠠᠭᠠᠨ ᠤ ᠰᠦᠯᠳᠡ ᠪᠢᠯᠡ᠃ ᠰᠣᠶᠣᠯ ᠦᠭᠡᠢ ᠬᠥᠮᠥᠨ ᠮᠤᠩᠬᠠᠷᠠᠵᠤ ᠰᠣᠶᠣᠯ ᠲᠠᠢ ᠬᠥᠮᠥᠨ ᠮᠡᠷᠬᠡᠰᠢᠵᠤ ᠨᠠᠷᠠ ᠰᠢᠭ᠋ ᠰᠠᠴᠤᠷᠠᠵᠤ ᠶᠠᠪᠤᠳᠠᠭ᠃
ᠬᠥᠮᠥᠨ ᠤ ᠠᠮᠢᠳᠤᠷᠠᠯ ᠤᠨ ᠥᠩᠭᠡᠷᠡᠯᠲᠡ᠂ ᠬᠤᠷᠠᠮᠳᠤᠭᠤᠯᠤᠭᠰᠠᠨ ᠲᠤᠷᠰᠢᠯᠭ᠎ᠠ᠂ ᠦᠵᠡᠭᠰᠡᠨ ᠰᠤᠷᠤᠭᠰᠠᠨ ᠵᠤᠶᠢᠯᠡᠰ ᠣᠯᠠᠰᠢᠷᠠᠬᠤ ᠲᠤᠲᠤᠮ ᠰᠣᠶᠣᠯ ᠤᠨ ᠥᠩᠭᠡ ᠪᠣᠳᠣᠭ ᠥᠳᠬᠡᠷᠡᠵᠦ᠂ ᠳᠡᠯᠭᠡᠷ ᠽᠠᠨᠳᠠᠨ ᠮᠣᠳᠣ ᠰᠢᠭ᠋ ᠳᠡᠯᠡᠬᠡᠢ ᠳ᠋ᠦ ᠬᠣᠣᠰ ᠦᠭᠡᠢ ᠦᠵᠡᠰᠬᠦᠯᠡᠩ ᠲᠡᠭᠦᠯᠳᠡᠷ ᠪᠣᠯᠵᠤ ᠴᠢᠳᠠᠳᠠᠭ᠃
ᠡᠨᠡ ᠲᠠᠯ᠎ᠠ ᠪᠡᠷ ᠦᠳᠡᠯᠦᠭᠡ ᠪᠣᠭᠤᠷᠤᠯᠴᠤᠳ ᠥᠰᠪᠦᠷᠢ ᠶᠢᠨ ᠵᠠᠯᠠᠭᠤᠴᠤᠳ ᠡᠴᠡ ᠣᠨᠴᠠ ᠳᠠᠪᠠᠭᠤᠯᠢᠭ ᠲᠠᠯ᠎ᠠ ᠲᠠᠢ ᠪᠠᠶᠢᠳᠠᠭ᠃ ᠲᠡᠳᠡ ᠤ ᠠᠮᠢᠳᠤᠷᠠᠯ ᠤᠨ ᠥᠩᠭᠡᠷᠡᠯᠲᠡ ᠣᠯᠠᠨ᠂ ᠦᠵᠡᠭᠰᠡᠨ ᠰᠣᠨᠤᠰᠤᠭᠰᠠᠨ ᠵᠤᠶᠢᠯᠡᠰ ᠦᠯᠡᠮᠵᠢ᠂ ᠰᠤᠷᠴᠤ ᠰᠣᠨᠢᠷᠬᠠᠭᠰᠠ ᠮᠡᠳᠡᠯᠭᠡ ᠠᠷᠪᠢᠨ᠂ ᠰᠢᠭᠤᠳ ᠪᠤᠶᠤ ᠳᠠᠮ ᠲᠤᠷᠰᠢᠯᠭ᠎ᠠ ᠃ ᠲᠡᠳᠡ ᠪᠣᠯ ᠶᠣᠰᠤᠲᠡᠢ ᠠᠷᠠᠳ ᠤᠨ ᠵᠠᠩ ᠵᠠᠩᠰᠢᠯ ᠤᠨ ᠤᠶᠢᠯᠡᠪᠦᠷᠢᠴᠢᠨ ᠪᠥᠭᠡᠳ ᠤᠯᠠᠮᠵᠢᠯᠠᠭᠴᠢ᠃ ᠲᠡᠶᠢᠮᠦ ᠴᠤ ᠤᠴᠢᠷ ᠡᠴᠡ ᠲᠡᠳᠡ ᠪᠣᠯ ᠨᠢᠭᠡ ᠨᠢᠭᠡ ᠪᠡᠷ ᠢᠶᠡᠨ ᠨᠢᠭᠡ ᠪᠣᠳᠢ ᠨᠣᠮ᠂ ᠨᠢᠭᠡ ᠳᠡᠪᠲᠡᠷ ᠥᠯᠢᠭᠡᠷ᠂ ᠨᠡᠷ᠎ᠡ ᠨᠢᠳᠡᠷ ᠲᠦ ᠪᠡᠨ ᠨᠡᠶᠢᠴᠡᠭᠰᠡᠨ ᠨᠠᠨᠳᠢᠨ ᠪᠠᠶᠠᠯᠢᠭ ᠲᠤᠷᠰᠢᠯᠭ᠎ᠠ ᠪᠣᠯᠬᠤ ᠶᠤᠮ᠃ ᠲᠡᠳᠡᠨ ᠢᠶᠡᠨ ᠬᠠᠶᠢᠷᠠᠯᠠᠵᠤ ᠬᠠᠮᠠᠭᠠᠯᠠᠵᠤ ᠪᠠᠶᠢᠭ᠎ᠠ ᠨᠢ ᠬᠡᠷᠡᠭ ᠳᠡᠭᠡᠷ᠎ᠡ ᠪᠡᠨ ᠤᠯᠠᠮᠵᠢᠯᠡᠯᠳᠦ ᠰᠤᠷᠭᠠᠯ ᠰᠤᠷᠲᠠᠬᠤᠨ᠂ ᠤᠳᠠᠭᠠᠨ ᠣᠨ ᠤ ᠰᠣᠶᠣᠯ ᠵᠠᠩᠰᠢᠯ ᠢᠶᠡᠨ ᠬᠠᠶᠢᠷᠠᠯᠠᠵᠤ ᠬᠠᠮᠠᠭᠠᠯᠠᠵᠤ ᠪᠠᠶᠢᠭ᠎ᠠ ᠤᠴᠢᠷ ᠪᠣᠯᠬᠤ ᠶᠤᠮ᠃
ᠪᠢ ᠬᠦᠬᠡᠬᠤᠲᠠᠨ᠎ᠠ ᠢᠷᠡᠭᠡᠳ ᠪᠢᠰᠢᠭᠦᠢ ᠤᠯᠠᠨ ᠨᠠᠰᠤᠲᠠᠨ ᠪᠤᠭᠤᠷᠤᠯᠴᠤᠳ ᠲᠠᠢ ᠠᠭᠤᠯᠵᠠᠨ ᠤᠴᠠᠷᠠᠭᠠᠳ︽ ᠭᠠᠵᠠᠷ ᠭᠠᠵᠠᠷ ᠤᠨ ᠵᠠᠩ᠂ ᠭᠦᠵᠡᠭᠡ ᠭᠦᠵᠡᠭᠡᠨ ᠤ ᠪᠣᠯᠣᠩ︾ ᠶᠢ ᠨᠡᠩ ᠣᠶᠢᠯᠠᠭᠠᠯ᠎ᠠ᠃ ᠡᠨᠳᠡ ᠭᠠᠵᠠᠷ ᠭᠠᠵᠠᠷ ᠤᠨ ᠬᠥᠮᠥᠨ᠂ ᠨᠤᠲᠤᠭ ᠨᠤᠲᠤᠭ ᠤᠨ ᠵᠠᠩᠰᠢᠯ᠂ ᠣᠷᠣᠨ ᠣᠷᠣᠨ ᠤ ᠣᠨᠴᠠᠯᠢᠭ᠂ ᠥᠪᠡᠷᠮᠢᠴᠡ ᠭᠤᠶᠢᠳᠠ ᠠᠭᠠᠯᠢ ᠦᠨᠳᠦᠰᠦᠲᠡᠨ ᠤ ᠥᠪ ᠪᠣᠯᠣᠨ ᠥᠩᠭᠡᠵᠢᠨ ᠠᠭᠤᠰᠤᠯᠴᠠᠭᠠᠳ ᠬᠥᠬᠡ ᠮᠣᠩᠭᠣᠯ ᠰᠣᠶᠣᠯ ᠤᠨ ᠮᠠᠨᠢ ᠳᠡᠯᠭᠡᠷ ᠭᠠᠶᠢᠬᠠᠮᠰᠢᠭ ᠪᠣᠯᠵᠤ ᠢᠯᠡᠷᠡᠵᠦ ᠪᠠᠶᠢᠭ᠎ᠠ ᠶᠢ ᠮᠡᠳᠡᠯ᠎ᠡ᠃
ᠨᠠᠰᠤᠲᠠᠨ ᠪᠤᠭᠤᠷᠤᠯᠴᠤᠳ ᠢᠶᠡᠨ ᠬᠦᠨᠳᠦᠳᠬᠡᠨ ᠨᠠᠨᠳᠢᠨ ᠥᠪ ᠢᠶᠡᠨ ᠤᠯᠠᠮᠵᠢᠯᠠᠶ᠎ᠠ᠃ ᠡᠨᠡ ᠤᠯᠠᠮᠵᠢᠯᠠᠯ ᠪᠣᠯ ᠰᠠᠶ᠋ᠢ ᠵᠢᠩᠬᠢᠨᠢ ᠡᠷᠳᠡᠨᠢ ᠶᠤᠮ ᠰᠢᠦ᠃ ᠡᠶᠢᠮᠦ ᠵᠢᠩᠬᠢᠨᠢ ᠡᠷᠳᠡᠨᠢ ᠶᠢᠨ ᠤᠯᠠᠮᠵᠢᠯᠠᠯ ᠲᠠᠢ ᠦᠨᠳᠦᠰᠦᠲᠠᠨ ᠰᠠᠶ᠋ᠢ ᠭᠠᠷᠬᠤ ᠵᠠᠮ ᠲᠠᠢ ᠪᠠᠶᠢᠳᠠᠭ᠃
ᠥᠪ ᠤᠯᠠᠮᠵᠢᠯᠠᠯ ᠤᠨ ᠬᠣᠰᠢᠭᠤᠴᠢ᠂ ᠦᠶ᠎ᠡ ᠵᠠᠯᠭᠠᠮᠵᠢ ᠶᠢᠨ ᠳᠡᠭᠡᠳᠦ᠂ ᠬᠥᠬᠡ ᠰᠣᠶᠣᠯ ᠤᠨ ᠦᠪᠲᠡᠨ᠂ ᠬᠤᠪᠢᠷᠠᠰᠢ ᠦᠭᠡᠢ ᠠᠯᠳᠠ︱ ᠨᠠᠰᠤᠲᠠᠨ ᠪᠣᠭᠤᠷᠤᠯᠴᠤᠳ ᠢᠶᠡᠨ ᠬᠠᠶᠢᠷᠠᠯᠠᠵᠤ ᠬᠠᠮᠠᠭᠠᠯᠠᠵᠠᠭᠠᠶ᠎ᠠ