-
9638
ᠡᠷᠢᠶᠡᠨ ᠮᠤᠤᠷ ᠤᠨ ᠡᠳᠦᠷ ᠦᠨ ᠲᠡᠮᠳᠡᠭᠯᠡᠯ
2016-04-30 20:18
350
0
ᠡᠬᠢᠯᠡᠬᠦᠢ
ᠲᠡᠷᠡ ᠨᠢᠭᠡ ᠨᠠᠮᠤᠷ ᠤᠨ ᠡᠳᠦᠷ ᠪᠢ ᠴᠣᠩᠬᠣᠨ ᠲᠠᠶᠢᠵᠠᠨ ᠳᠡᠭᠡᠷ᠎ᠡ ᠪᠡᠨ ᠰᠠᠭᠤᠭᠠᠳ ᠭᠠᠳᠠᠭᠰᠢ ᠬᠠᠷᠠᠵᠤ᠂ ᠨᠠᠮᠤᠷ ᠡ ᠭᠡᠵᠦ᠂᠂᠂᠂ ᠬᠡᠮᠡᠨ ᠡᠬᠢᠯᠡᠴᠢᠬᠡᠭᠡᠳ᠂ ᠵᠠᠯᠭᠠᠭᠠᠳ ᠶᠠᠭᠠᠬᠢᠵᠤ ᠬᠣᠯᠪᠣᠳᠠᠭ ᠪᠢᠯᠡ ᠭᠡᠵᠦ ᠪᠠᠶᠢᠲᠠᠯ᠎ᠠ᠂ ᠪᠠᠨᠲᠠᠭᠠᠷ ᠰᠢᠷ᠎ᠠ ᠴᠠᠭᠠᠨ᠎ᠠ ᠭᠡᠷ ᠲᠦ ︽ ᠨᠠᠮᠤᠷ ᠡ ᠭᠡᠵᠦ ᠶᠠᠭᠤ ᠰᠠᠨ ᠪᠢᠯᠡ᠂ ᠨᠠᠷᠠ ᠰᠢᠷᠠᠭᠰᠠᠨ ᠲᠠᠯ᠎ᠠ ᠰᠠᠨ ᠪᠢᠯᠡ ᠦᠦ᠂ ᠨᠠᠬᠢᠢᠲᠠᠯᠠ ᠰᠣᠶᠢᠭᠰᠠᠨ ᠮᠣᠷᠢ ᠰᠠᠨ ᠪᠢᠯᠡ ᠦᠦ᠂᠂᠂᠂︾ ᠬᠡᠮᠡᠨ ᠶᠠᠷᠢᠬᠤ ᠨᠢ ᠲᠤᠭᠤᠯᠳᠠᠯ᠎ᠠ᠃ ᠶᠠᠭ ᠲᠡᠶᠢᠮᠦ ᠡ᠂ ᠪᠢ ᠶᠠᠭ ᠲᠡᠭᠡᠵᠦ ᠯᠡ ᠬᠣᠯᠪᠤᠶᠠ ᠭᠡᠵᠦ ᠪᠤᠳᠤᠵᠤ ᠪᠠᠶᠢᠭᠰᠠᠨ ᠰᠢᠦ᠃ ᠪᠠᠨᠲᠠᠭᠠᠷ ᠰᠢᠷ᠎ᠠ ᠬᠠᠷᠢᠨ ᠨᠠᠳᠠ ᠠᠴᠠ ᠤᠷᠢᠲᠤᠭᠠᠳ ᠵᠠᠪᠳᠤᠴᠢᠬᠠᠬᠤ ᠨᠢ ᠡ᠃ ᠲᠡᠭᠡᠭᠡᠳ ᠯᠡ ᠪᠢ ᠵᠤᠬᠢᠶᠠᠯ ᠪᠢᠴᠢᠶ᠎ᠡ ᠭᠡᠵᠦ᠂ ᠨᠠᠭᠠᠲᠤ ᠵᠠᠬ᠎ᠠ ᠨᠢ ᠡᠳᠦᠷ ᠦᠨ ᠲᠡᠮᠳᠡᠭᠯᠡᠯ ᠴᠦ ᠭᠡᠳ᠂ ᠪᠢᠴᠢᠵᠦ ᠯᠡ ᠪᠠᠶᠢᠪᠠᠯ ᠮᠢᠨᠤ ᠪᠤᠳᠤᠯᠭᠠᠨ ᠳᠤ ᠣᠷᠣᠬᠤ ᠶᠣᠰᠤᠲᠠᠢ ᠵᠦᠢᠯ ᠢ ᠥᠭᠡᠷ᠎ᠡ ᠠᠮᠢᠲᠠᠳ ᠠᠮᠵᠢᠭᠠᠳ ᠬᠡᠯᠡᠴᠢᠬᠡᠬᠦ ᠦᠭᠡᠢ ᠪᠢᠰᠢ ᠦᠦ ᠭᠡᠵᠦ ᠪᠤᠳᠤᠯ᠎ᠠ᠃
ᠲᠡᠭᠡᠬᠦ ᠳᠦ ᠴᠢᠨᠢ ᠪᠢ ᠬᠡᠳᠦ ᠲᠡᠢ ᠪᠠᠶᠢᠭᠰᠠᠨ ᠪᠠᠶᠢᠵᠤ ᠲᠠᠭᠠᠷᠠᠨ᠎ᠠ︖ ᠥ᠂ ᠶᠢᠰᠦᠨ ᠵᠢᠯ ᠦᠨ ᠡᠮᠦᠨ᠎ᠡ ᠶᠤᠮ ᠰᠠᠨ᠂ ᠣᠳᠣ ᠪᠢ ᠬᠦᠮᠦᠨ ᠦ ᠨᠠᠰᠤ ᠪᠠᠷ ᠪᠣᠯ ᠠᠷᠪᠠ᠂ ᠮᠤᠤᠷ ᠤᠨ ᠨᠠᠰᠤ ᠪᠠᠷ ᠢᠶᠠᠨ ᠪᠣᠯ ᠳᠠᠯ᠎ᠠ ᠯᠡ ᠬᠦᠷᠴᠦ ᠪᠠᠶᠢᠬᠤ ᠶᠣᠰᠤᠲᠠᠢ᠃ ᠶᠢᠰᠦᠨ ᠵᠢᠯ ᠤᠨ ᠡᠮᠦᠨ᠎ᠡ ᠭᠡᠬᠦ ᠳᠦ ᠴᠢᠨᠢ ᠪᠠᠰᠠ ᠭᠠᠩᠭᠠᠩ ᠰᠠᠶᠢᠬᠠᠨ ᠨᠠᠰᠤ ᠪᠠᠶᠢᠵᠠᠢ᠂ ᠶᠠᠭᠠᠬᠢᠬᠤᠪ᠂ ᠨᠢᠯᠬ᠎ᠠ ᠪᠠᠷ ᠢᠶᠠᠨ ᠪᠠᠶᠢᠭᠰᠠᠨ ᠭᠡᠰᠡᠨ ᠦᠭᠡ᠃ ᠶᠢᠰᠦᠬᠡᠨ ᠵᠢᠯ ᠦᠨ ᠡᠮᠦᠨᠡᠬᠢ ᠴᠢᠩᠭ᠎ᠠ ᠬᠠᠲᠠᠭᠤ ᠪᠤᠳᠤᠯ ᠢᠶᠠᠨ ᠣᠳᠣ ᠯᠠ ᠡᠬᠢᠯᠡᠵᠦ ᠪᠡᠶᠡᠯᠡᠭᠦᠯᠬᠦ ᠪᠣᠯᠤᠭᠰᠠᠨ ᠳᠠᠭᠠᠨ ᠪᠠᠶᠠᠷᠯᠠᠵᠤ ᠪᠠᠶᠢᠨ᠎ᠠ᠃ ᠲᠠ ᠨᠠᠷ ᠴᠤ ᠮᠢᠨᠢ ᠪᠠᠶᠠᠰᠤᠭᠠᠷᠠᠢ᠃
ᠪᠠᠨᠲᠠᠭᠠᠷ ᠰᠢᠷ᠎ᠠ
ᠡᠨᠡ ᠪᠠᠨᠲᠠᠭᠠᠷ ᠰᠢᠷ᠎ᠠ ᠶᠢᠨ ᠲᠤᠬᠠᠢ ᠶᠠᠷᠢᠮᠠᠷ ᠪᠠᠶᠢᠨ᠎ᠠ᠃
ᠡᠬᠡ ᠡᠴᠡ ᠪᠡᠨ ᠲᠦᠷᠦᠭᠡᠳ ᠬᠤᠶᠠᠷ ᠰᠠᠷ᠎ᠠ ᠴᠤ ᠪᠣᠯᠣᠭ᠎ᠠ ᠦᠭᠡᠢ ᠪᠡᠷ ᠪᠢ ᠡᠨᠡ ᠬᠦᠮᠦᠨ ᠲᠠᠢ ᠠᠭᠤᠯᠵᠠᠭᠰᠠᠨ ᠶᠤᠮ᠃ ᠲᠡᠭᠡᠬᠦ ᠳᠦ ᠡᠬᠡ ᠮᠢᠨᠢ ᠶᠠᠮᠠᠷᠬᠠᠨ ᠪᠠᠶᠢᠭᠰᠠᠨ ᠭᠡᠵᠦ ᠰᠠᠨᠠᠨ᠎ᠠ︖ ᠪᠣᠳᠤᠪᠠᠯ ᠰᠢᠷ᠎ᠠ ᠠᠯᠠᠭ ᠮᠤᠤᠷ ᠪᠠᠶᠢᠭᠰᠠᠨ ᠪᠠᠶᠢᠬᠤ ᠶᠣᠰᠤᠲᠠᠢ᠂ ᠪᠢ ᠬᠠᠷᠢᠨ ᠬᠥᠷᠡᠩ᠂ ᠬᠠᠷ᠎ᠠ᠂ ᠰᠢᠷ᠎ᠠ᠂ ᠬᠠᠶᠠ ᠪᠠᠰᠠ ᠴᠠᠭᠠᠨ ᠡᠯᠳᠡᠪ ᠦᠩᠭᠡ ᠶᠢ ᠪᠦᠷᠢᠳᠦᠭᠦᠯᠦᠭᠰᠡᠨ ᠮᠤᠤᠷ ᠰᠢᠦ᠂ ᠮᠤᠤᠷ ᠤᠨ ᠰᠠᠶᠢᠬᠠᠨ ᠢ ᠮᠢᠨᠤ ᠪᠡᠶ᠎ᠡ ᠡᠴᠡ ᠯᠠ ᠦᠵᠡ᠃ ᠡᠬᠡ ᠮᠢᠨᠢ ᠶᠠᠮᠠᠷ ᠰᠢᠦᠬᠠᠨ ᠥᠩᠭᠡ ᠵᠢᠰᠦᠲᠡᠢ᠂ ᠠᠭᠠᠰᠢ ᠠᠷᠠᠨᠰᠢᠨ ᠲᠠᠢ ᠪᠠᠶᠢᠭᠰᠠᠨ ᠨᠢ ᠶᠠᠭ ᠰᠠᠨᠠᠭᠳᠠᠬᠤ ᠦᠭᠡᠢ᠂ ᠡᠬᠡ ᠡᠴᠡ ᠪᠡᠨ ᠰᠠᠯᠬᠤ ᠶᠢᠨ ᠡᠷᠢᠨ ᠳᠦ ᠪᠢ ᠬᠣᠭᠣᠯᠠ ᠭᠡᠳᠡᠭ ᠡᠳ᠋ ᠢ ᠰᠠᠶ᠋ᠢ ᠯᠡ ᠠᠮᠰᠠᠵᠤ ᠪᠠᠶᠢᠭᠰᠠᠨ᠃ ᠭᠡᠬᠦ ᠳᠡᠬᠡᠨ ᠡᠬᠡ ᠶᠢᠨ ᠰᠦ ᠪᠡᠨ ᠰᠢᠮᠡᠬᠦ ᠢᠡᠯᠭᠦᠦ ᠳᠤᠷᠠᠲᠠᠢ᠃ ᠡᠬᠡ ᠡᠴᠡ ᠪᠢᠳᠡ ᠬᠠᠷ᠎ᠠ ᠨᠢᠭᠡ᠂ ᠰᠢᠷ᠎ᠠ ᠨᠢᠭᠡ᠂ ᠴᠠᠭᠠᠨ ᠬᠤᠶᠠᠷ᠂ ᠨᠠᠳᠠ ᠲᠠᠢ ᠨᠡᠶᠢᠲᠡ ᠲᠠᠪᠤᠨ ᠵᠤᠯᠵᠠᠭ᠎ᠠ ᠭᠠᠷᠤᠭᠰᠠᠨ ᠪᠠᠶᠢᠯ᠎ᠠ᠃ ᠪᠢᠳᠡ ᠵᠢᠷᠭᠤᠭ᠎ᠠ ᠡᠳᠦᠷᠵᠢᠨ ᠬᠣᠭ ᠤᠨ ᠰᠠᠪᠠ ᠡᠷᠭᠢᠵᠦ᠂ ᠬᠠᠶᠠ ᠪᠠᠰᠠ ᠠᠶᠢᠯ ᠤᠨ ᠶᠠᠭᠤᠮ᠎ᠠ ᠬᠤᠯᠠᠭᠤᠨ᠂ ᠬᠠᠷ᠎ᠠ ᠵᠠᠮ᠂ ᠨᠣᠭᠣᠭᠠᠨ ᠮᠣᠳᠣ ᠳᠠᠮᠵᠢᠨ ᠲᠡᠨᠦᠵᠦ ᠶᠠᠪᠤᠭᠰᠠᠨ ᠡᠳᠦᠷ ᠮᠢᠨᠢ ᠪᠠᠶᠠᠷ ᠪᠠᠶᠠᠰᠤᠯ ᠲᠠᠢ ᠪᠠᠶᠢᠭᠰᠠᠨ ᠴᠤ᠂ ᠪᠣᠷᠣ ᠲᠣᠯᠣᠭᠠᠢ ᠲᠠᠢ ᠨᠢᠭᠡᠨ ᠭᠤᠵᠤᠭᠤᠷ ᠬᠠᠷ᠎ᠠ ᠳᠤ ᠪᠠᠷᠢᠭᠳᠠᠭᠰᠠᠨ ᠢᠶᠠᠷ ᠲᠡᠭᠦᠰᠴᠦ ᠪᠢᠯᠡ᠃ ᠲᠡᠷᠡ ᠭᠤᠵᠤᠭᠤᠷ ᠬᠠᠷ᠎ᠠ ᠡᠬᠡ ᠶᠢ ᠮᠢᠨᠢ ᠴᠢᠷᠠᠯᠠᠭᠤᠯᠤᠨ ᠪᠠᠶᠢᠵᠤ ᠠᠮᠢ ᠦᠭᠡᠢ ᠪᠤᠯᠭᠠᠭᠰᠠᠨ ᠢ ᠪᠢᠳᠡ ᠬᠠᠷᠠᠵᠤ ᠪᠠᠶᠢᠭᠰᠠᠨ᠂ ᠪᠠᠰᠠ ᠠᠷᠠᠰᠤ ᠶᠢ ᠨᠢ ᠥᠪᠴᠢᠭᠡᠳ᠂ ᠮᠢᠬ᠎ᠠ ᠶᠢ ᠨᠢ ᠲᠡᠮᠦᠷ ᠲᠦ ᠱᠤᠷᠤᠯᠠᠨ ᠭᠠᠯ ᠳᠤ ᠰᠢᠷᠠᠭᠠᠳ᠂ ᠪᠤᠰᠤᠳ ᠭᠤᠵᠤᠭᠤᠷ ᠬᠠᠷ᠎ᠠ ᠨᠤᠭᠤᠳ ᠲᠠᠢ ᠪᠠᠨ ᠳᠦᠷᠪᠡᠯᠵᠢᠨ ᠴᠠᠭᠠᠰᠤ ᠪᠠᠷ ᠰᠣᠯᠢᠯᠴᠠᠵᠤ᠂ ᠲᠡᠳᠡ ᠨᠢ ᠰᠢᠭᠤᠳ ᠯᠠ ᠠᠮᠠᠨ ᠳᠠᠭᠠᠨ ᠬᠢᠭᠡᠳ ᠵᠠᠯᠭᠢᠵᠤ ᠤᠷᠬᠢᠬᠤ ᠶᠢ ᠴᠤ ᠬᠠᠷᠠᠵᠤ ᠪᠠᠶᠢᠭᠰᠠᠨ᠂ ᠡᠵᠢ ᠶᠢᠨ ᠮᠢᠨᠢ ᠮᠢᠬ᠎ᠠ ᠶᠢ ᠰᠢᠦ᠁
ᠲᠡᠭᠡᠬᠦ ᠳᠦ ᠡᠨᠡ ᠪᠦᠬᠦᠨ ᠨᠢ ᠠᠯᠠᠯᠭ᠎ᠠ ᠬᠢᠳᠤᠯᠭ᠎ᠠ ᠪᠠ ᠬᠤᠳᠠᠯᠳᠤᠭ᠎ᠠ ᠮᠠᠶᠢᠮᠠᠢ᠂ ᠢᠳᠡᠯᠭᠡ ᠭᠡᠳᠡᠭ ᠶᠠᠭᠤᠮ᠎ᠠ ᠪᠤᠯᠠᠬᠤ ᠶᠢ ᠰᠡᠭᠦᠯ ᠳᠦ ᠰᠠᠶ᠋ᠢ ᠯᠡ ᠮᠡᠳᠡᠵᠡᠢ᠃ ᠲᠡᠷᠡ ᠦᠶᠡᠰ᠂ ᠡᠬᠡ ᠡᠴᠡ ᠰᠠᠯᠤᠭᠰᠠᠨ ᠠᠶᠤᠩᠭᠤᠷᠢ᠂ ᠥᠯᠥᠰᠬᠦ ᠶᠢᠨ ᠵᠤᠪᠠᠯᠠᠩ᠂ ᠡᠷᠭᠢᠵᠦ ᠪᠠᠭᠲᠠᠬᠤ ᠦᠭᠡᠢ ᠤᠷᠤᠴᠠᠨ ᠳᠤ ᠨᠤᠶᠢᠷ ᠦᠭᠡᠢ ᠬᠤᠨᠤᠬᠤ ᠰᠦᠨᠢ ᠨᠦᠭᠥᠳ ᠲᠡᠷᠡ ᠬᠢᠲᠤᠯᠭ᠎ᠠ ᠠᠴᠠ ᠬᠠᠪᠢ ᠦᠭᠡᠢ ᠠᠶᠤᠮᠠᠷ ᠢᠶᠠᠷ ᠲᠤᠯᠵᠤ ᠢᠷᠡᠵᠡᠢ᠃ ᠲᠡᠷᠡ ᠭᠤᠵᠤᠭᠤᠷ ᠬᠠᠷ᠎ᠠ᠂ ᠪᠢᠳᠡ ᠲᠠᠪᠤ ᠶᠢ ᠭᠤᠷᠪᠠᠨ ᠪᠦᠯᠦᠭ ᠲᠦ ᠬᠤᠪᠢᠶᠠᠵᠤ᠂ ᠰᠢᠷ᠎ᠠ᠂ ᠴᠠᠭᠠᠨ ᠭᠤᠷᠪᠠᠭᠤᠯᠠ ᠶᠢ ᠬᠠᠮᠤᠭ ᠰᠠᠶᠢᠬᠠᠨ ᠲᠡᠵᠢᠭᠡᠨ᠂ ᠪᠠᠰᠠ ᠬᠠᠶᠠ ᠭᠠᠳᠠᠨ᠎ᠠ ᠲᠠᠯᠪᠢᠨ ᠲᠤᠭᠯᠠᠭᠤᠯᠵᠤ᠂ ᠬᠠᠷ᠎ᠠ ᠳᠤ ᠳᠤᠮᠳᠠ ᠬᠡᠪ ᠦᠨ ᠬᠣᠭᠣᠯᠠ ᠦᠭᠭᠦᠨ᠂ ᠨᠠᠳᠠ ᠳᠤ ᠪᠠᠷᠤᠭ ᠯᠡ ᠶᠠᠭᠤᠮ᠎ᠠ ᠥᠭᠬᠦ ᠦᠭᠡᠢ᠂ ᠪᠠᠷᠬᠢᠷᠠᠬᠤ ᠶᠢᠨ ᠴᠢᠨᠡᠭᠡ ᠪᠡᠷ ᠯᠡ᠂ ᠪᠠᠭ᠎ᠠ ᠰᠠᠭ᠎ᠠ ᠦᠯᠡᠳᠡᠭᠦᠷᠢ ᠶᠢ ᠲᠤᠭᠰᠢᠨ ᠠᠭᠤᠷ ᠲᠠᠢ ᠬᠠᠮᠲᠤ ᠣᠯᠵᠤ ᠢᠳᠡᠨ᠎ᠡ᠃ ᠲᠡᠭᠡᠭᠡᠳ ᠤᠳᠠᠯ ᠦᠭᠡᠢ ᠪᠢᠳᠡ ᠪᠢᠲᠡᠭᠦᠦ ᠲᠤᠤᠷ ᠲᠤ ᠬᠤᠷᠢᠭᠳᠠᠨ᠂ ᠵᠠᠮ ᠤᠨ ᠬᠠᠵᠠᠭᠤ ᠳᠤ ᠳᠡᠯᠭᠡᠭᠳᠡᠳᠡᠭ ᠪᠣᠯᠵᠠᠢ᠃ ᠰᠢᠷ᠎ᠠ᠂ ᠬᠠᠷ᠎ᠠ᠂ ᠴᠠᠭᠠᠨ ᠠᠬ᠎ᠠ ᠳᠡᠭᠦᠦ ᠨᠠᠷ ᠮᠢᠨᠢ ᠰᠠᠶᠢᠨ ᠬᠣᠭᠣᠯᠠ ᠰᠠᠶᠢᠬᠠᠨ ᠬᠡᠪᠲᠡᠰᠢ ᠲᠠᠢ ᠶᠢᠨ ᠡᠷᠬᠡ ᠪᠠᠷ ᠰᠠᠨᠠᠭ᠎ᠠ ᠳᠦᠭᠦᠷᠡᠩ᠂ ᠰᠢᠬᠠᠭᠤ ᠴᠤ ᠭᠡᠰᠡᠨ᠂ ᠲᠤᠤᠷ ᠳᠤᠲᠤᠷ᠎ᠠ ᠪᠠᠨ ᠡᠷᠭᠢᠨ ᠤᠷᠪᠠᠵᠤ ᠨᠠᠭᠠᠳᠤᠨ᠎ᠠ᠃ ᠪᠢ ᠭᠡᠳᠡᠰᠦ ᠦᠯᠦᠰᠴᠦ᠂ ᠪᠠᠰᠠ ᠪᠥᠭᠡᠰᠦᠨ ᠳᠦ ᠪᠠᠷᠢᠭᠳᠠᠭᠠᠳ᠂ ᠪᠠᠭᠠᠰᠤ ᠠᠯᠳᠠᠵᠤ ᠲᠤᠩ ᠴᠤ ᠪᠤᠯᠠᠬᠤ ᠦᠭᠡᠢ ᠪᠠᠶᠢᠭᠰᠠᠨ ᠲᠤᠯᠠ᠂ ᠡᠳᠦᠷᠵᠢᠨ ᠢᠶᠡᠨ ᠪᠠᠷᠬᠢᠷᠠᠵᠤ ᠯᠠ ᠰᠠᠭᠤᠨ᠎ᠠ᠂ ᠶᠠᠭᠤ ᠭᠡᠵᠦ ᠬᠡᠯᠡᠳᠡᠭ ᠪᠠᠶᠢᠭᠰᠠᠨ ᠢᠶᠠᠨ ᠣᠳᠤ ᠪᠦᠷ ᠮᠠᠷᠲᠠᠵᠠᠢ᠃ ᠶᠠᠭ ᠲᠡᠷᠡ ᠦᠶ᠎ᠡ ᠳᠦ ᠡᠨᠡ ᠪᠠᠨᠲᠠᠭᠠᠷ ᠰᠢᠷ᠎ᠠ ᠲᠠᠢ ᠠᠭᠤᠯᠵᠠᠭᠰᠠᠨ ᠶᠤᠮ ᠡ᠃
ᠪᠠᠨᠲᠠᠭᠠᠷ ᠰᠢᠷ᠎ᠠ ᠵᠠᠮ ᠤᠨ ᠬᠠᠵᠠᠭᠤ ᠳᠤ ᠵᠣᠭᠰᠣᠭᠠᠳ ᠰᠢᠷ᠎ᠠ᠂ ᠴᠠᠭᠠᠨ ᠨᠠᠷ ᠢ ᠬᠠᠷᠠᠵᠤ ᠪᠠᠶᠢᠯ᠎ᠠ᠂ ᠪᠢ ᠪᠠᠷᠬᠢᠷᠠᠭᠠᠳ ᠯᠠ ᠪᠠᠶᠢᠯ᠎ᠠ᠂ ᠥᠯᠥᠰᠬᠦ ᠡᠪᠡᠳᠬᠦ ᠶᠢᠨ ᠡᠷᠬᠡᠨ ᠳᠦ ᠥᠪᠡᠷ ᠢᠶᠡᠨ ᠴᠤ ᠮᠡᠳᠡᠯ ᠦᠭᠡᠢ ᠳᠠᠭᠤ ᠭᠠᠷᠳᠠᠭ ᠰᠢᠦ᠃ ᠪᠠᠨᠲᠠᠭᠠᠷ ᠰᠢᠷ᠎ᠠ ᠪᠠᠷᠬᠢᠷᠠᠭ᠎ᠠ ᠨᠠᠮᠠᠶᠢ ᠤᠳᠠᠭᠠᠨ ᠰᠢᠷᠲᠡᠵᠦ ᠵᠣᠭᠰᠣᠬᠤ ᠳᠤ ᠪᠢᠳᠡᠨ ᠢ ᠪᠠᠷᠢᠭᠰᠠᠨ ᠭᠤᠵᠤᠭᠤᠷ ᠬᠠᠷ᠎ᠠ ᠲᠡᠭᠦᠨ ᠳᠦ ᠨᠢᠭᠡ ᠶᠠᠭᠤᠮ᠎ᠠ ᠬᠡᠯᠡᠯ᠎ᠡ᠃ ᠲᠡᠳᠡ ᠬᠡᠳᠦᠨ ᠶᠠᠭᠤᠮ᠎ᠠ ᠬᠡᠯᠡᠯᠴᠡᠭᠡᠳ᠂ ᠪᠠᠨᠲᠠᠭᠠᠷ ᠰᠢᠷ᠎ᠠ ᠲᠡᠷᠡ ᠬᠦᠮᠦᠨ ᠳᠦ ᠨᠢᠭᠡ ᠳᠦᠷᠪᠡᠯᠵᠢᠨ ᠴᠠᠭᠠᠰᠤ ᠦᠭᠭᠦᠭᠡᠳ᠂ ᠨᠠᠮᠠᠶᠢ ᠲᠤᠤᠷ ᠲᠠᠢ ᠨᠢ ᠬᠠᠮᠲᠤ ᠲᠡᠮᠦᠷ ᠲᠡᠷᠭᠡᠨ ᠦ ᠪᠡᠨ ᠡᠮᠦᠨ᠎ᠡ ᠰᠠᠭᠰᠤᠨ ᠳᠤ ᠬᠢᠭᠡᠳ ᠶᠠᠪᠤᠵᠤ ᠣᠳᠣᠯ᠎ᠠ᠃
ᠪᠢ ᠲᠡᠭᠡᠵᠦ ᠯᠡ ᠪᠠᠨᠲᠠᠭᠠᠷ ᠰᠢᠷ᠎ᠠ ᠶᠢᠨ ᠳᠦ ᠢᠷᠡᠵᠦ᠂ ᠬᠠᠮᠲᠤ ᠠᠮᠢᠳᠤᠷᠠᠭᠠᠳ ᠠᠷᠪᠠᠨ ᠵᠢᠯ ᠳᠡᠬᠡᠨ ᠣᠶᠢᠷᠠᠲᠤᠵᠤ ᠪᠠᠶᠢᠨ᠎ᠠ᠃ ᠡᠨᠡ ᠬᠤᠶᠠᠷ ᠬᠥᠯ ᠳᠡᠭᠡᠷ᠎ᠡ ᠪᠡᠨ ᠪᠣᠰᠣᠭ᠎ᠠ ᠶᠠᠪᠤᠭᠴᠢ ᠭᠤᠵᠤᠭᠤᠷ ᠬᠠᠷ᠎ᠠ ᠨᠤᠭᠤᠳ ᠥᠪᠡᠷ ᠢ ᠪᠡᠨ ᠬᠦᠮᠦᠨ ᠭᠡᠵᠦ᠂ ᠲᠤᠰ ᠲᠤᠰ ᠲᠠᠭᠠᠨ ᠨᠡᠷᠡᠲᠡᠢ ᠯᠡ ᠳ᠋ᠠ᠂ ᠭᠡᠬᠦ ᠳᠡᠬᠡᠨ ᠨᠠᠳᠠ ᠪᠣᠯ ᠪᠠᠨᠲᠠᠭᠠᠷ ᠰᠢᠷ᠎ᠠ ᠮᠢᠨᠢ ᠪᠠᠨᠲᠠᠭᠠᠷ ᠰᠢᠷ᠎ᠠ ᠪᠠᠷ ᠢᠶᠠᠨ᠂ ᠪᠤᠰᠤᠳ ᠨᠢ ᠪᠦᠷ ᠭᠤᠵᠤᠭᠤᠷ ᠬᠠᠷ᠎ᠠ ᠨᠤᠭᠤᠳ ᠡ᠃
ᠶᠤᠬᠤ᠂ ᠶᠤᠬᠤ᠁ ᠪᠢᠴᠢᠭ ᠦᠰᠦᠭ ᠲᠡᠢ ᠥᠷᠭᠥᠯᠵᠢ ᠠᠪᠤᠯᠴᠠᠳᠠᠭ ᠤᠯᠤᠰ ᠤᠨ ᠵᠤᠪᠠᠯᠠᠩ ᠢ ᠲᠠ ᠨᠠᠷ ᠴᠤ ᠮᠡᠳᠡᠬᠦ ᠦᠭᠡᠢ ᠨᠢ ᠳ᠋ᠠ᠂ ᠨᠢᠷᠤᠭᠤ ᠮᠢᠨᠢ ᠡᠪᠡᠳᠴᠢᠬᠡᠯᠡ᠂ ᠡᠨᠡ ᠡᠳᠦᠷ ᠡᠨᠳᠡ ᠬᠦᠷᠬᠦ ᠨᠢ ᠡ᠃ ᠪᠠᠨᠲᠠᠭᠠᠷ ᠰᠢᠷ᠎ᠠ᠂ ᠪᠦᠨᠲᠦᠭᠡᠷ ᠬᠠᠷ᠎ᠠ ᠬᠤᠶᠠᠭᠤᠯᠠ ᠥᠪᠡᠷ ᠥᠪᠡᠷ ᠦᠨ ᠳᠦᠷᠪᠡᠯᠵᠢᠨ ᠢᠶᠡᠨ ᠪᠠᠷᠢᠭᠠᠳ ᠦᠭᠡ ᠳᠠᠭᠤ ᠦᠭᠡᠢ᠂ ᠪᠢ ᠪᠠᠰᠠ ᠪᠢᠴᠢᠬᠦ ᠪᠡᠨ ᠪᠣᠯᠢᠵᠤ᠂ ᠤᠨᠲᠠᠶ᠎ᠠ ᠣᠳᠤ᠁