 

ᠬᠦᠳᠡᠭᠡ ᠶᠢᠨ ᠪᠤᠷᠤ ᠬᠦᠦ ᠬᠠᠶᠢᠷᠬᠠᠨ 32 ᠪᠦᠯᠦᠭᠳᠦ ᠲᠧᠯᠧᠢᠰ ᠵᠦᠴᠦᠭᠡ ᠶᠢᠨ ᠵᠤᠬᠢᠶᠠᠯ ᠪᠢᠴᠢᠵᠤ ᠪᠠᠶᠢᠨ᠎ᠠ

2019-05-24 11:49
  407
  0
     ᠵᠤᠬᠢᠶᠠᠯᠴᠢ ᠪᠤᠯᠬᠤ ᠬᠦᠰᠡᠯ ᠵᠡᠬᠦᠳᠤ ᠶᠢ  ᠡᠪᠤᠷᠯᠡᠵᠤ᠂ ᠤᠯᠡᠨ ᠨᠤᠮ ᠤᠩᠰᠢᠵᠤ ᠤᠬᠠᠭᠠᠨ ᠴᠤᠭᠤᠷᠤᠭᠰᠠᠨ 10 ᠨᠠᠰᠤᠳᠠᠢ ᠬᠠᠶᠢᠷᠬᠠᠨ ᠬᠦᠦ ᠨᠢᠳᠤᠨᠤᠨ 3300 ᠦᠰᠦᠭ ᠤᠨ ᠦᠭᠦᠯᠡᠯᠭᠡ ᠪᠢᠴᠢᠵᠤ᠂ ᠤᠳᠤ 32 ᠪᠦᠯᠦᠭᠳᠤ ᠲᠧᠯᠧᠢᠰ ᠵᠦᠴᠦᠭᠡ ᠶᠢᠨ ᠵᠤᠭᠢᠶᠡᠯ ᠢᠶᠠᠨ ᠪᠢᠴᠢᠵᠤ ᠡᠬᠢᠯᠡᠭᠰᠡᠨ ᠨᠢ ᠪᠢᠰᠢᠷᠡᠯᠳᠡᠢ ᠮᠦᠷᠳᠡᠭᠡᠨ ᠭᠠᠶᠢᠬᠠᠯᠳᠡᠢ᠃ 5 ᠰᠠᠷ᠎ᠠ ᠶᠢᠨ 17᠎ ᠤ ᠡᠳᠦᠷ᠂ ᠪᠢᠳᠡ ᠰᠤᠷᠪᠤᠯᠵᠢᠯᠠᠭ᠎ᠠ ᠠᠪᠬᠤ ᠪᠠᠷ ᠬᠦᠷᠭᠦ ᠳᠤ ᠬᠠᠶᠢᠷᠬᠠᠨ ᠶᠠᠬ ᠭᠢᠴᠢᠶᠡᠯ ᠢᠶᠠᠨ ᠤᠷᠤᠵᠤ ᠪᠠᠶᠢᠵᠡᠢ᠃  ᠬᠠᠪᠤᠷᠵᠢᠶᠠᠨ ᠤ ᠨᠢᠭᠡᠨ ᠤᠷᠤᠢ ᠬᠡᠨ᠎ᠡ᠃ ᠬᠤᠷᠮᠤᠰᠳᠠ ᠳᠡᠭᠷᠢ ᠶᠢ ᠪᠠᠷᠠᠭᠠᠨ ᠡᠭᠦᠯᠡ ᠪᠠᠷ ᠪᠦᠷᠭᠦᠵᠤ᠂ ᠠᠶᠤᠩᠭ᠎ᠠ ᠨᠢᠵᠢᠬᠢᠨᠡᠵᠤ᠂ ᠠᠵᠢᠷᠭᠠᠨ ᠪᠤᠷᠤᠭ᠎ᠠ ᠴᠢᠳᠬᠤᠯᠠᠬᠤ ᠨᠢ ᠲᠦᠷᠦᠭᠡᠳ ᠨᠢᠭᠡ ᠡᠳᠦᠷ ᠪᠤᠯᠤᠭ᠎ᠠ ᠦᠭᠡᠢ ᠬᠤᠸᠠ ᠳᠤᠭᠤᠯ ᠳᠤ ᠠᠪᠴᠦ ᠬᠡᠯᠡᠪᠡᠯ ᠠᠶᠤᠮᠰᠢᠭᠳᠠᠢ ᠰᠠᠨᠠᠭᠳᠠᠬᠤ ᠳᠤ ᠪᠠᠨ ᠡᠭᠡ ᠪᠠᠨ ᠨᠠᠭᠠᠯᠳᠤᠨ ᠵᠤᠭᠰᠤᠬᠤ ᠳᠤ ᠱᠠᠭᠠᠵᠠᠭᠠᠢ ᠠᠯᠠᠭ ᠦᠨᠢᠶ᠎ᠡ ᠡᠭᠡ ᠨᠢ ᠠᠩᠬᠢᠷ ᠤᠭᠤᠷᠠᠭ ᠢᠶᠠᠨ ᠰᠢᠮᠡᠭᠦᠯᠵᠤ ᠪᠠᠶᠢᠵᠤ᠄  ᠬᠡᠦᠭᠡ ᠡ᠂ ᠠᠶᠤᠬᠤ ᠬᠡᠷᠡᠭ ᠦᠭᠡᠢ ᠭᠡᠵᠤ ᠠᠷᠭᠠᠳᠠᠨ ᠵᠤᠷᠢᠭᠵᠢᠭᠤᠯᠤᠨ ᠬᠡᠯᠡᠭᠡᠳ ᠳᠤᠯᠤᠭᠠᠢ ᠪᠠᠷ ᠢᠶᠠᠨ ᠬᠦᠵᠦᠭᠦᠦ ᠶᠢ ᠨᠢ ᠬᠡᠳᠦᠨᠳᠡ ᠱᠦᠷᠭᠦᠭᠡᠯ᠎ᠡ᠃ ᠠᠷᠪᠠᠨ ᠬᠡᠳᠤᠨ ᠢᠳᠡ ᠬᠦᠴᠦ ᠳᠡᠭᠦᠯᠳᠡᠷ ᠬᠢᠵᠠᠯᠠᠩ ᠰᠤᠶᠤᠭᠠᠯᠠᠩ ᠪᠤᠬ᠎ᠠ ᠨᠤᠭᠤᠳ ᠦᠭᠡᠷ ᠤᠨ ᠰᠦᠷᠦᠭ ᠢᠶᠠᠨ ᠴᠠᠭᠳᠠᠨ ᠪᠠᠶᠢᠴᠠᠭᠠᠵᠤ ᠴᠢᠨ᠋᠊ ᠦᠠ᠋ ᠶᠢᠨ ᠳᠠᠭᠠᠷᠢᠯᠳᠠ ᠠᠴᠠ ᠰᠡᠷᠭᠡᠶᠢᠯᠡᠵᠤ ᠮᠠᠨᠠᠵᠤ ᠶᠠᠪᠤᠨ᠎ᠠ ᠁᠃ ᠡᠨᠡ ᠪᠤᠯ ᠠᠷᠤ ᠬᠤᠷᠴᠢᠨ ᠬᠤᠰᠢᠭᠤᠨ ᠤ ᠱᠤᠤ ᠨᠢᠭᠡᠳᠤᠭᠡᠷ ᠪᠠᠭ᠎ᠠ ᠰᠤᠷᠭᠠᠭᠤᠯᠢ ᠶᠢᠨ ᠲᠦᠷᠪᠡᠳᠤᠭᠡᠷ ᠤᠨ ᠤ ᠰᠤᠷᠤᠬᠴᠢ ᠬᠠᠶᠢᠷᠬᠠᠨ ᠬᠦᠦ ᠶᠢᠨ ᠭᠤᠷᠪᠠᠳᠤᠭᠠᠷ ᠤᠨ ᠳᠤ ᠪᠠᠶᠢᠬᠤ ᠳᠠᠭᠠᠨ ᠵᠠᠪ ᠴᠢᠯᠦᠭᠡ ᠪᠠᠷ ᠢᠶᠠᠨ 2 ᠰᠠᠷ᠎ᠠ ᠭᠠᠷᠤᠢ ᠶᠢᠨ ᠴᠠᠭ ᠵᠠᠷᠤᠴᠠᠭᠤᠯᠵᠤ ᠪᠢᠴᠢᠭᠰᠡᠨ ᠬᠤᠸᠠ ᠳᠤᠭᠤᠯ ᠤᠨ ᠬᠡᠨᠡᠨ ᠤᠴᠠᠷᠠᠯ ᠦᠭᠦᠯᠡᠯᠭᠡ ᠶᠢᠨ ᠬᠢᠨᠢ ᠡᠬᠢᠯᠡᠯᠳᠡ ᠪᠤᠯᠤᠨ᠎ᠠ᠃
      ᠪᠢᠴᠢᠭ ᠨᠤᠮ ᠢ ᠲᠦᠮᠡᠨ ᠪᠤᠳᠢ ᠤᠩᠰᠢᠪᠠᠰᠤ ᠪᠢᠷ ᠤᠨ ᠦᠵᠦᠭᠦᠷ ᠰᠢᠳᠢ ᠤᠷᠤᠰᠢᠮᠤᠢ ᠭᠡᠳᠡᠭ᠃  ᠪᠢ ᠨᠤᠮ ᠤᠡᠭᠰᠢᠬᠤ ᠲᠤᠩ ᠲᠤᠷᠡᠳᠡᠢ᠂ ᠴᠢᠩᠬᠢᠰ ᠬᠠᠭᠠᠨ ᠤ ᠳᠤᠬᠠᠢ ᠨᠤᠮ ᠤᠳ ᠢ ᠪᠠᠭᠳᠠᠭᠠᠭᠠᠳ 200 ᠭᠠᠷᠤᠢ ᠨᠤᠮ ᠤᠩᠰᠢᠬᠰᠡᠨ᠂ ᠤᠳᠤ ᠮᠠᠨ ᠤ ᠠᠩᠭᠢ ᠶᠢᠨ ᠪᠠᠶ᠋ᠬᠠᠢᠪᠡᠭᠡᠯ ᠲᠠᠢ ᠴᠤᠭ ᠲᠠᠭᠠᠨ ᠠᠮᠢᠳᠤᠷᠠᠯ ᠤᠨ ᠰᠠᠶᠢᠬᠠᠨ ᠭᠡᠰᠡᠨ 32 ᠪᠦᠯᠦᠭᠳᠦ ᠲᠧᠯᠧᠢᠰ ᠵᠦᠴᠦᠭᠡ ᠶᠢᠨ ᠵᠤᠬᠢᠶᠠᠯ ᠪᠢᠴᠢᠵᠤ ᠪᠠᠶᠢᠨ᠎ᠠ᠂ ᠨᠢᠭᠡᠨᠳᠡ ᠲᠦᠷᠪᠡᠨ ᠪᠦᠯᠦᠭ ᠢ ᠨᠢ ᠪᠢᠴᠢᠭᠡᠳ ᠪᠠᠷᠠᠴᠢᠬᠠᠵᠠᠢ᠃ ᠪᠢ ᠲᠧᠯᠧᠢᠰ ᠵᠦᠴᠦᠭᠡ ᠶᠢᠨ ᠵᠤᠬᠢᠶᠠᠯ ᠢᠶᠠᠨ ᠰᠠᠶᠢᠬᠠᠨ ᠪᠢᠴᠢᠶ᠎ᠠ ᠭᠡᠵᠤ ᠪᠤᠳᠤᠳᠠᠭ᠂ ᠠᠮᠢᠳᠤᠷᠠᠯ ᠢ ᠰᠠᠶᠢᠬᠠᠨ ᠠᠵᠢᠬᠯᠠᠭᠠᠳ ᠶᠠᠮᠠᠷ ᠠᠭᠤᠯᠭ᠎ᠠ ᠶᠢ ᠨᠢ ᠤᠷᠤᠭᠤᠯᠪᠠᠯ ᠳᠡᠭᠡᠷ᠎ᠠ᠂ ᠶᠠᠭᠤ ᠶᠢ ᠨᠢ ᠤᠷᠤᠭᠤᠯᠪᠠᠯ ᠤᠳᠬ᠎ᠠ ᠠᠭᠤᠯᠭ᠎ᠠ ᠲᠠᠢ ᠬᠡᠳᠡᠭ ᠢ ᠪᠤᠳᠤᠯᠬᠢᠯᠠᠵᠤ ᠮᠠᠨ ᠤ ᠬᠤᠶᠠᠭᠤᠯᠠ ᠡᠳᠦᠷᠵᠢᠨ ᠶᠠᠷᠢᠯᠴᠠᠳᠠᠭ ᠭᠡᠵᠤ ᠬᠠᠶᠢᠷᠬᠠᠨ ᠬᠦᠤ ᠬᠠᠮᠳᠤ ᠰᠤᠷᠤᠭᠴᠢ ᠪᠠᠶ᠋ᠬᠠᠢᠪᠡᠭᠡᠯ ᠲᠠᠢ ᠪᠠᠨ ᠬᠤᠶᠠᠭᠤᠯᠠ ᠪᠢᠴᠢᠵᠤ ᠪᠠᠶᠢᠭ᠎ᠠ ᠲᠧᠯᠧᠢᠰ ᠵᠦᠴᠦᠭᠡ ᠶᠢᠨ ᠢᠶᠠᠨ ᠨᠠᠷᠢᠨ ᠠᠭᠤᠯᠭ᠎ᠠ ᠪᠠ ᠰᠡᠳᠬᠢᠮᠵᠢ ᠶᠢᠨ ᠳᠤᠬᠠᠢ ᠪᠤᠯᠢᠶᠠᠯᠳᠤᠨ ᠲᠠᠨᠢᠯᠴᠠᠭᠤᠯᠤᠨ᠎ᠠ᠃ ᠬᠦᠳᠡᠭᠡ ᠶᠢᠨ ᠪᠤᠷᠤ ᠬᠦᠦ ᠬᠠᠶᠢᠷᠬᠠᠨ ᠠᠷᠤ ᠬᠤᠷᠴᠢᠨ ᠬᠤᠰᠢᠭᠤᠨ ᠤ ᠱᠤᠤ ᠪᠠᠯᠭᠠᠰᠤᠨ ᠤ ᠳᠠᠪᠢᠨ ᠭᠠᠴᠠᠭ᠎ᠠ ᠶᠢᠨ ᠮᠠᠯᠴᠢᠨ ᠡᠷᠳᠡᠨᠢᠴᠤᠭᠯᠠ ᠰᠡᠴᠡᠩᠭᠤᠸ᠎ᠠ ᠶᠢᠨ ᠢᠭᠡᠷ᠎ᠠ ᠬᠤᠶᠠᠷ ᠬᠦᠦ ᠶᠢᠨ ᠬᠢᠨᠢ ᠨᠢᠭᠡ ᠨᠢ ᠪᠤᠯᠵᠤ ᠵᠠᠶᠠᠭᠠᠵᠤ᠂ ᠤᠳᠤ ᠳᠡᠭᠦᠦ ᠨᠠᠷᠠᠰᠤ ᠲᠠᠢ ᠪᠠᠨ ᠬᠤᠶᠠᠭᠤᠯᠠ ᠱᠤᠦ ᠨᠢᠭᠡᠳᠦᠭᠡᠷ ᠪᠠᠭ᠎ᠠ ᠰᠤᠷᠭᠠᠭᠤᠯᠢ ᠶᠢᠨ ᠲᠦᠷᠪᠡᠳᠤᠭᠡᠷ ᠤᠨ ᠳᠤ ᠰᠤᠷᠤᠯᠴᠠᠵᠤ ᠪᠤᠢ᠃ ᠮᠠᠯᠵᠢᠬᠤ ᠠᠮᠢᠳᠤᠷᠠᠯ ᠢᠶᠠᠨ ᠡᠳ᠋ᠯᠡᠨ ᠮᠠᠯᠵᠢᠬᠤ ᠠᠮᠢᠳᠤᠷᠠᠯ ᠳᠠᠭᠠᠨ ᠰᠠᠭᠤᠷᠢᠯᠠᠵᠤ᠂ ᠬᠠᠶᠢᠷᠬᠠᠨ ᠬᠡᠯᠡ ᠪᠢᠴᠢᠭ ᠤᠨ ᠬᠢᠴᠢᠶᠡᠯ ᠤᠨ ᠵᠡᠷᠭᠡᠴᠡᠭᠡ ᠤᠩᠰᠢᠯᠭ᠎ᠠ᠂ ᠰᠢᠯᠦᠭ ᠵᠤᠬᠢᠶᠠᠯ᠂ ᠠᠶᠠᠨ ᠤ ᠳᠡᠮᠳᠡᠭᠯᠡᠯ᠂ ᠨᠠᠶᠢᠷᠠᠭᠤᠯᠤᠯ ᠦᠭᠦᠯᠡᠯᠭᠡ ᠭᠡᠭᠦ ᠮᠡᠳᠤ ᠶᠢᠨ ᠤᠯᠠᠨ ᠠᠷᠪᠢᠨ ᠵᠤᠬᠢᠶᠠᠯ ᠪᠢᠴᠢᠵᠤ᠂ ᠬᠤᠰᠢᠭᠤᠨ ᠤ ᠪᠠᠨ ᠨᠤᠮ ᠤᠩᠰᠢᠳᠠᠭ ᠰᠢᠯᠢᠳᠡᠭ ᠬᠡᠦᠭᠡᠳ ᠢᠶᠠᠷ ᠱᠠᠩᠨᠠᠭᠤᠯᠤᠭᠰᠠᠨ ᠤᠳᠠᠭ᠎ᠠ ᠲᠠᠢ᠃  ᠠᠮᠢᠳᠤᠷᠠᠯ ᠢ ᠰᠠᠶᠢᠬᠠᠨ ᠠᠵᠢᠬᠯᠠᠵᠤ ᠤᠢᠢᠯᠠᠭᠠᠨ᠎ᠠ᠂ ᠡᠳᠦᠷ ᠪᠦᠷᠢ ᠡᠳᠦᠷ ᠤᠨ ᠳᠡᠮᠳᠡᠭᠯᠡᠯ ᠬᠢᠬᠦ ᠶᠢ ᠪᠠᠷᠢᠮᠳᠠᠯᠠᠨ᠎ᠠ᠂ ᠳᠡᠭᠡᠪᠡᠯ ᠳᠤᠮᠤ ᠬᠦᠷᠦᠩᠭᠡ ᠲᠠᠢ ᠬᠦᠮᠦᠨ ᠪᠤᠯᠤᠨ᠎ᠠ᠂ ᠪᠠᠰᠠ ᠶᠡᠭᠡ ᠵᠤᠬᠢᠶᠠᠯᠴᠢ ᠪᠤᠯᠤᠨ᠎ᠠ ᠰᠢᠦ  ᠭᠡᠰᠡᠨ ᠤᠤᠯ ᠤᠨ ᠠᠩᠭᠢ ᠶᠢᠨ ᠡᠷᠬᠢᠯᠡᠭᠴᠢ ᠭᠠᠷᠪᠤᠮᠧᠳᠡᠭ ᠪᠠᠭᠰᠢ ᠶᠢᠨ ᠬᠢᠨᠢ ᠰᠤᠷᠭᠠᠯ ᠵᠢᠭᠠᠯ ᠬᠦᠤ ᠬᠠᠶᠢᠷᠬᠠᠨ ᠤ ᠳᠠᠷᠢᠬᠢᠨ ᠳᠤ ᠦᠨᠢᠳᠡ ᠬᠠᠳᠠᠩᠰᠢᠵᠠᠢ᠃
      ᠬᠠᠶᠢᠷᠬᠠᠨ ᠬᠤᠶᠠᠳᠤᠭᠠᠷ ᠤᠨ ᠠᠴᠠ ᠡᠬᠢᠯᠡᠨ ᠨᠤᠮ ᠳᠤ ᠤᠨᠴᠠᠭᠠᠢ ᠳᠤᠷ᠎ᠠ ᠪᠠᠬ᠎ᠠ ᠲᠠᠢ ᠪᠤᠯᠵᠤ᠂ ᠭᠤᠷᠪᠠᠳᠤᠭᠠᠷ ᠤᠨ ᠠᠴᠠ ᠤᠷᠳᠤ ᠵᠤᠬᠢᠶᠠᠯ ᠪᠢᠴᠢᠵᠤ ᠡᠭᠢᠯᠡᠪᠡ᠃  ᠪᠠᠭᠰᠢ ᠪᠠᠨ ᠪᠢ ᠰᠠᠨᠠᠵᠤ ᠰᠢᠯᠦᠭ ᠪᠢᠴᠢᠯ᠎ᠡ ᠭᠡᠰᠡᠨ ᠰᠢᠯᠦᠭ ᠢ ᠡᠵᠢ ᠨᠢ ᠤᠩᠰᠢᠭᠠᠳ ᠰᠡᠤᠨᠭᠢᠯ ᠳᠤᠭᠳᠤᠯᠤᠨ ᠨᠢᠯᠪᠤᠰᠤ ᠪᠠᠨ ᠠᠷᠴᠢᠯ᠎ᠠ ᠭᠡᠳᠡᠭ᠃ ᠨᠢᠳᠤᠨᠤᠨ ᠠᠪᠤ ᠡᠵᠢ ᠨᠢ ᠬᠦᠳᠡᠭᠡ ᠬᠡᠷ ᠢᠶᠠᠨ ᠵᠠᠰᠠᠬᠤ ᠳᠤ ᠨᠤᠮ ᠳᠤ ᠬᠤᠷᠤᠬᠠᠢ ᠲᠠᠢ ᠭᠦᠤ ᠶᠢᠨ ᠢᠶᠠᠨ ᠰᠠᠨᠠᠭᠤᠯᠭ᠎ᠠ ᠪᠠᠷ ᠳᠤᠰᠬᠠᠢ ᠨᠤᠮ ᠤᠨ ᠦᠷᠦᠭᠡ ᠭᠠᠷᠭᠠᠠ ᠦᠭᠴᠤ᠂ ᠲᠡᠳᠡᠨ ᠤ ᠬᠤᠪᠢ ᠬᠤᠪᠢ ᠳᠠᠭᠠᠨ ᠨᠤᠮ ᠴᠤᠭᠯᠠᠭᠤᠯᠵᠤ᠂ ᠦᠪᠡᠷ ᠦᠪᠡᠷ ᠤᠨ ᠳᠤᠷ᠎ᠠ ᠪᠠᠬ᠎ᠠ ᠲᠠᠢ ᠨᠤᠮ ᠢᠶᠠᠨ ᠤᠡᠭᠰᠢᠬᠤ ᠳᠤᠨᠢ ᠨᠦᠭᠦᠴᠡᠯ ᠪᠦᠷᠢᠯᠳᠤᠭᠦᠯᠵᠤ ᠦᠭᠭᠦᠭᠰᠡᠨ ᠪᠠᠶᠢᠨ᠎ᠠ᠃ ᠬᠤᠶᠡᠷ ᠭᠦᠦ ᠮᠢᠨᠢ ᠰᠤᠷᠭᠠᠭᠤᠯᠢ ᠠᠴᠠ ᠪᠠᠨ ᠢᠷᠡᠪᠡᠯ ᠨᠤᠮ ᠤᠨ ᠦᠷᠦᠭᠡᠨ ᠳᠡᠭᠡᠨ ᠰᠠᠭᠤᠭᠠᠳ ᠨᠤᠮ ᠤᠡᠭᠰᠢᠵᠤ ᠯᠡ ᠪᠠᠶᠢᠳᠠᠭ᠂ ᠬᠤᠭᠤᠯᠠ ᠪᠤᠳᠠᠭ᠎ᠠ ᠢᠳᠡᠭᠦ ᠭᠡᠳ ᠳᠠᠭᠤᠳᠠᠪᠠᠯ ᠰᠤᠨᠤᠰᠬᠤ ᠦᠭᠡᠢ ᠨᠢ ᠬᠡᠴᠡᠭᠦᠦ᠃ ᠪᠢᠳᠠ ᠭᠠᠳᠠᠭᠰᠢ ᠭᠠᠷᠪᠡᠯ ᠨᠤᠮ ᠠᠴᠠ ᠤᠨᠳᠤᠤ ᠪᠡᠯᠡᠭ ᠵᠠᠬᠢᠳᠠᠭ ᠦᠭᠡᠢ ᠶᠤᠮ ᠭᠡᠵᠤ ᠰᠡᠴᠡᠩᠭᠤᠸ᠎ᠠ ᠬᠤᠶᠠᠷ ᠬᠦᠦ ᠪᠠᠨ ᠦᠭᠦᠭᠡᠷᠳᠡᠨ ᠶᠠᠷᠢᠨ᠎ᠠ᠃  ᠪᠠᠭᠰᠢ ᠡ᠂ ᠳᠠ ᠮᠢᠨᠦ ᠪᠢᠴᠢᠭᠰᠡᠨ ᠦᠭᠦᠯᠡᠯᠭᠡ ᠶᠢ ᠤᠩᠰᠢᠪᠠᠯ ᠪᠤᠯᠴᠢᠬᠠᠨ᠎ᠠ᠂ ᠪᠢᠳᠡᠭᠡᠢ ᠤᠯᠠᠭᠠᠨ ᠪᠢᠷ ᠢᠶᠠᠷ ᠵᠠᠰᠠ ᠳ᠋ᠠ᠂ ᠪᠢ ᠪᠤᠷᠤ ᠮᠠᠲ᠋ᠧᠷᠢᠶᠠᠯ ᠢᠶᠠᠨ ᠴᠤᠮᠤᠷᠯᠢᠭ ᠰᠡᠳᠬᠦᠯ ᠳᠤ ᠨᠡᠶᠢᠳᠡᠯᠡᠭᠦ ᠭᠡᠵᠤ ᠪᠠᠶᠢᠨ᠎ᠠ ᠰᠢᠦ  ᠭᠡᠵᠤ ᠬᠠᠶᠢᠷᠬᠠᠨ ᠨᠠᠳᠠ ᠳᠤ ᠭᠡᠯᠡᠭᠰᠡᠨ᠂ ᠭᠡᠤᠭᠡᠤᠨ ᠤᠨ ᠡᠭᠡ ᠭᠡᠯᠡᠨ ᠤ ᠰᠤᠷᠭᠠᠨ ᠭᠦᠮᠦᠵᠢᠯ ᠢ ᠴᠢᠬᠤᠯᠠᠴᠢᠯᠠᠨ ᠨᠤᠮ ᠤᠡᠭᠰᠢᠬᠤ ᠤᠷᠮ᠎ᠠ ᠪᠠᠬ᠎ᠠ ᠶᠢ ᠨᠢ ᠭᠦᠭᠵᠢᠭᠡᠵᠤ᠂ ᠰᠡᠤᠨᠭᠢᠭᠦᠢ ᠶᠢ ᠨᠢ ᠲᠠᠯᠡᠭᠦ ᠪᠤᠯ ᠬᠠᠮᠤᠬ ᠤᠨ ᠴᠢᠬᠤᠯᠠ  ᠭᠡᠵᠤ ᠭᠠᠷᠪᠤᠮᠧᠳᠡᠭ ᠪᠠᠭᠰᠢ ᠶᠡᠷᠢᠨ᠎ᠠ᠃ ᠵᠢᠭᠠᠯ ᠬᠦᠤ ᠬᠠᠶᠢᠷᠬᠠᠨ ᠨᠤᠮ ᠤᠩᠰᠢᠬᠤ ᠶᠢᠨ ᠬᠠᠪᠤ ᠴᠡᠩᠭᠡᠯ ᠢ ᠡᠳ᠋ᠯᠡᠵᠤ ᠴᠢᠷᠮᠠᠶᠢᠨ ᠰᠤᠷᠤᠯᠴᠠᠨ᠎ᠠ᠂ ᠤᠬᠠᠭᠠᠨ ᠳᠠᠮᠢᠷ ᠢᠶᠠᠨ ᠬᠤᠷᠴᠠᠯᠠᠵᠤ ᠵᠤᠬᠢᠶᠠᠯᠴᠢ ᠪᠤᠯᠬᠤ ᠬᠦᠰᠡᠯ ᠵᠡᠬᠦᠳᠤ ᠳᠡᠭᠡᠨ ᠲᠡᠮᠡᠤᠯᠤᠨ᠎ᠠ᠃  ᠰᠤᠪᠤᠳ ᠭᠤᠸ᠎ᠠ ᠠᠭᠤᠯᠠ ᠬᠠᠯᠢᠨ  



  
     
     