  

ᠮᠠᠯᠴᠢᠨ ᠠᠯᠳᠠᠨᠪᠠᠭᠠᠨ᠎ᠠ ᠶᠢᠨ 1000 ᠠᠳᠤᠭᠤᠨ ᠤ ᠮᠢᠯᠢᠶᠠᠯᠭ᠎ᠠ ᠶᠢᠨ ᠨᠠᠶᠢᠷ ᠲᠡᠯᠭᠡᠷ ᠰᠠᠶᠢᠬᠠᠨ ᠪᠣᠯᠣᠯ᠎ᠠ

2019-07-07 09:47
  175
  0
 
  ᠠᠯᠤᠰ ᠠᠴᠠ ᠨᠦᠷᠭᠢᠬᠦ ᠲᠦᠪᠡᠷᠭᠡᠨ ᠠᠳᠠᠷ ᠤᠨ ᠬᠦᠷᠦᠰᠤ ᠶᠢ ᠲᠤᠷᠭᠢᠭᠤᠯᠵᠤ᠂ ᠲᠠᠯ᠎ᠠ ᠬᠤᠸᠠ ᠲᠤᠯᠤᠭᠠᠳ ᠤᠨ ᠰᠤᠭᠤ ᠪᠠᠷ ᠠᠰᠠᠨ ᠲᠡᠭᠡᠭᠰᠢᠯᠡᠬᠦ ᠲᠤᠭᠤᠰᠤ ᠲᠡᠭᠷᠢ ᠶᠢᠨ ᠬᠠᠶᠠᠭ᠎ᠠ ᠤᠷᠤᠭᠤ ᠵᠠᠮᠬᠠᠷᠠᠨ ᠠᠯᠳᠠᠬᠤ ᠶᠢᠨ ᠤᠷᠢᠳ ᠤᠷᠤᠰᠬᠠᠯ ᠤᠰᠤᠨ ᠮᠡᠲᠤ ᠠᠳᠤᠭᠤᠨ ᠰᠦᠷᠦᠭ ᠬᠦᠭᠡᠪᠦᠷᠢ ᠶᠢᠨ ᠬᠦᠨᠲᠡᠢ ᠶᠢᠨ ᠵᠠᠭᠦᠨ ᠲᠡᠨᠵᠢ ᠪᠠᠷ ᠤᠷᠤᠭᠰᠢᠯᠠᠨ ᠢᠷᠡᠬᠦ ᠳᠤ ᠬᠠᠷᠠᠭᠰᠠᠨ ᠪᠦᠬᠦᠨ ᠲᠤᠳᠤᠷ ᠪᠤᠯᠬᠢᠯᠠᠨ ᠵᠢᠷᠦᠭᠡ ᠲᠤᠯᠭᠢᠰᠴᠤ᠂ ᠠᠳᠤᠭᠤᠨ ᠳᠤ ᠬᠠᠶᠢᠷᠠᠲᠠᠢ ᠮᠠᠯᠴᠢᠨ ᠬᠦᠮᠦᠰ ᠨᠡᠩ ᠴᠤ ᠰᠡᠳᠬᠢᠯ ᠲᠤᠭᠳᠤᠯᠤᠨ ᠨᠢᠳᠤ ᠨᠢ ᠴᠢᠭᠢᠭᠳᠦᠨ᠎ᠠ᠃ 7 ᠰᠠᠷ᠎ᠠ ᠶᠢᠨ 4 ᠤ ᠡᠳᠦᠷ ᠤᠨ ᠦᠳᠡ ᠶᠢᠨ  ᠡᠮᠦᠨ᠎ᠡ᠂ ᠲᠤᠬᠠᠯᠠᠭᠰᠠᠨ ᠪᠤᠯᠵᠤᠭ᠎ᠠ ᠶᠤᠰᠤᠭᠠᠷ ᠪᠤᠯᠵᠤ᠂ ᠬᠦᠭᠡᠪᠦᠷᠢ ᠶᠢᠨ ᠬᠦᠨᠲᠡᠢ ᠨᠢᠭᠡᠨᠳᠡ ᠬᠦᠮᠤᠨ ᠤ ᠲᠠᠯᠠᠢ ᠪᠤᠯᠵᠠᠢ᠃ ᠬᠤᠯᠠ ᠤᠢᠢᠷ᠎ᠠ ᠶᠢᠨ ᠭᠡᠶᠢᠴᠢᠨ ᠵᠢᠭᠤᠯᠴᠢᠯᠠᠭᠰᠠᠳ ᠠᠪᠠᠭ᠎ᠠ ᠬᠤᠰᠢᠭᠤᠨ ᠤ ᠶᠡᠬᠡᠭᠤᠤᠯ ᠰᠤᠮᠤᠨ ᠤ ᠶᠡᠬᠡᠨ᠋ᠤᠰᠤ ᠭᠠᠴᠠᠭᠠᠨ ᠤ ᠮᠠᠯᠴᠢᠨ ᠠᠯᠳᠠᠨᠪᠠᠭᠠᠨ᠎ᠠ ᠶᠢᠨ 1000 ᠠᠳᠤᠭᠤᠨ ᠤ ᠮᠢᠯᠢᠶᠠᠯᠭ᠎ᠠ ᠶᠢᠨ ᠨᠠᠶᠢᠷ ᠤᠨ ᠰᠤᠷᠠᠭ ᠢᠶᠠᠷ ᠡᠨᠡ ᠭᠠᠵᠠᠷ ᠢ ᠵᠤᠷᠢᠨ ᠢᠷᠡᠵᠡᠭᠡᠵᠦ᠂ ᠠᠳᠤᠭᠤᠨ ᠤ ᠲᠤᠭᠤᠰᠤᠨ ᠳᠤ ᠬᠡᠶᠢᠮᠤᠷᠢ ᠰᠡᠷᠭᠦᠨ ᠰᠡᠳᠬᠢᠯ ᠪᠠᠶᠠᠰᠤᠯᠴᠠᠵᠤ᠂ ᠠᠭᠳᠠ ᠶᠢᠨ ᠰᠠᠶᠢᠨ ᠢ ᠡᠷᠡᠭᠡᠢ ᠭᠠᠷᠭᠠᠨ ᠱᠠᠭᠰᠢᠯᠴᠠᠨ᠂ ᠠᠳᠤᠭᠤᠴᠢᠨ ᠡᠵᠡᠨ ᠤ ᠬᠢᠨ ᠬᠦᠳᠡᠯᠮᠦᠷᠢ ᠶᠢᠨ ᠰᠢᠨᠳᠠᠰᠤ ᠶᠢ ᠠᠶᠤᠤᠯᠢᠬᠠᠢ ᠲᠤᠳᠤᠷ᠎ᠠ ᠪᠠᠨ ᠨᠡᠩ ᠴᠤ ᠪᠢᠰᠢᠷᠡᠵᠡᠭᠡᠨ᠎ᠡ᠃ ᠡᠨᠡ ᠦᠨᠡᠬᠡᠷ ︽ᠠᠳᠤᠭᠤᠨ ᠳᠠᠭᠠᠨ ᠭᠡᠪᠡᠯ ᠠᠭᠳᠠ ᠶᠢᠨ ᠲᠤᠭᠤᠰᠤᠨ ᠳᠤ ᠲᠠᠷᠤᠭᠳᠠᠬᠤ ᠦᠭᠡᠢ᠂ ᠠᠳᠠᠭᠠᠨ ᠳᠠᠭᠠᠨ ᠭᠡᠪᠡᠯ ᠬᠦᠮᠦᠨ ᠤ ᠲᠤᠭᠤᠰᠤᠨ ᠳᠤ ᠪᠤᠯᠠᠭᠳᠠᠬᠤ ᠦᠭᠡᠢ︾ ᠬᠡᠳᠡᠭ ᠰᠢᠯᠦᠭ ᠤᠨ ᠮᠦᠷ ᠱᠠᠳ ᠶᠠᠭ ᠯᠠ ᠬᠦᠳᠡᠯᠮᠦᠷᠢᠴᠢ ᠮᠠᠯᠴᠢᠨ ᠠᠯᠳᠠᠨᠪᠠᠭᠠᠨ᠎ᠠ ᠶᠢᠨ ᠠᠮᠢᠳᠤᠷᠠᠯ ᠲᠡᠮᠡᠦᠯᠦᠯ ᠢ ᠬᠠᠷᠠᠭᠤᠯᠬᠤ ᠰᠢᠬ ᠠᠵᠢ᠃
   ᠠᠳᠤᠭᠤᠴᠢᠨ ᠠᠯᠳᠠᠨᠪᠠᠭᠠᠨ᠎ᠠ ᠶᠢᠨ ᠬᠢᠨ ᠪᠤᠯ ᠬᠡᠳᠦᠨ ᠦᠶ᠎ᠡ ᠪᠠᠷ ᠢᠶᠠᠨ ᠠᠳᠤᠭᠤ ᠰᠠᠶᠢᠬᠠᠨ ᠮᠠᠯᠵᠢᠵᠤ ᠢᠷᠡᠭᠰᠡᠨ ᠬᠤᠳᠠ ᠤᠰᠤᠨ ᠳᠤ ᠪᠠᠨ ᠨᠡᠷᠡᠲᠡᠢ ᠬᠦᠳᠡᠯᠮᠦᠷᠢᠴᠢ ᠡᠷᠦᠬᠡ᠃ ᠲᠡᠷᠡ ᠮᠦᠷᠳᠡᠭᠡᠨ ᠨᠠᠮ ᠵᠠᠰᠠᠭ ᠤᠨ ᠲᠦᠷᠦ ᠶᠢᠨ ᠪᠤᠳᠤᠯᠭ᠎ᠠ ᠶᠢᠨ ᠰᠠᠶᠢᠨ ᠢ ᠨᠠᠶᠢᠵᠠ ᠨᠦᠬᠦᠳ᠂ ᠬᠠᠪᠢ ᠲᠦᠰᠦᠷ ᠤᠨ ᠬᠢᠨ ᠳᠤ ᠪᠠᠨ ᠪᠠᠶᠢᠡᠭᠭᠤ ᠶᠠᠷᠢᠵᠤ ᠦᠭᠳᠡᠭ ᠪᠠᠶᠠᠵᠢᠯ ᠤᠨ ᠵᠢᠱᠢᠶᠡᠴᠢ ᠡᠷᠦᠬᠡ ᠶᠤᠮ᠃ ᠨᠠᠶᠢᠷ ᠤᠨ ᠡᠬᠢᠯᠡᠯᠳᠡ ᠶᠢᠨ ᠶᠤᠰᠤᠯᠠᠯ ᠲᠡᠭᠡᠷ᠎ᠡ ᠠᠯᠳᠠᠨᠪᠠᠭᠠᠨ᠎ᠠ ᠭᠤᠸᠠᠢ ᠶᠢᠨ ᠶᠠᠷᠢᠬᠰᠠᠨ ᠰᠢᠬ ︽ᠨᠠᠮ ᠵᠠᠰᠠᠬ ᠤᠨ ᠬᠠᠶᠢᠷ᠎ᠠ ᠬᠠᠯᠠᠮᠵᠢ᠂ ᠲᠦᠷᠦ ᠶᠢᠨ ᠪᠤᠳᠤᠯᠭ᠎ᠠ ᠶᠢᠨ ᠲᠤᠶᠠᠭᠠᠯᠠᠯ ᠲᠤᠤᠷ᠎ᠠ ᠮᠠᠨ ᠤ ᠠᠮᠢᠳᠤᠷᠠᠯ ᠦᠨᠦ ᠶᠢᠨ ᠮᠡᠳᠤ ᠴᠢᠨᠡᠭᠡᠯᠢᠭᠵᠢᠨ ᠦᠭᠡᠳᠡᠯᠡᠵᠦ ᠠᠮᠤᠷ ᠰᠠᠶᠢᠬᠠᠨ ᠠᠵᠤ ᠲᠦᠷᠦᠬᠦ ᠪᠤᠯᠤᠯ᠎ᠠ᠂ ᠦᠨᠦᠳᠦᠷ ᠮᠠᠨ ᠤ ᠬᠢᠨ ᠡᠬᠡ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢᠨ ᠪᠠᠶᠠᠷ ᠤᠨ ᠪᠤᠱᠤᠭᠠᠨ ᠲᠡᠭᠡᠷ᠎ᠡ ᠠᠳᠤᠭᠤ ᠬᠤᠨᠢ ᠪᠠᠨ ᠵᠠᠭᠤ ᠮᠢᠩᠭ᠎ᠠ ᠪᠠᠷ ᠲᠤᠭᠠᠯᠠᠭᠤᠯᠤᠭᠰᠠᠨ ᠠᠮᠵᠢᠯᠳᠠ ᠪᠠᠨ ᠲᠡᠮᠳᠡᠭᠯᠡᠵᠦ᠂ ᠮᠤᠩᠭᠤᠯ ᠬᠦᠮᠦᠨ ᠤ ᠤᠯᠠᠮᠵᠢᠯᠠᠯᠲᠦ ᠰᠠᠶᠢᠬᠠᠨ ᠵᠠᠩᠰᠢᠯ ᠢᠶᠠᠷ ᠠᠳᠤᠭᠤ ᠮᠠᠯ ᠢᠶᠠᠨ ᠲᠦᠮᠡ ᠪᠤᠮ ᠢᠶᠠᠷ ᠦᠷᠡᠵᠢᠭᠦᠯᠬᠦ ᠶᠢᠨ ᠪᠡᠯᠭᠡᠰᠢᠶᠡᠯ ᠪᠤᠯᠭᠠᠨ ᠮᠢᠯᠢᠶᠠᠯᠭ᠎ᠠ ᠶᠢᠨ ᠨᠠᠶᠢᠷ ᠡᠷᠬᠢᠯᠡᠯ᠎ᠠ︾ ᠭᠡᠵᠦ ᠨᠡᠶᠢᠭᠡᠮ ᠤᠯᠠᠨ᠎ᠠ ᠦᠪᠡᠷ ᠤᠨ ᠰᠠᠨᠠᠭ᠎ᠠ ᠪᠤᠳᠤᠯ ᠬᠠᠷᠠᠯᠳᠠ ᠵᠤᠷᠢᠯᠳᠠ ᠪᠠᠨ ᠲᠡᠪᠰᠢᠭᠦᠯᠵᠦ ᠪᠠᠶᠢᠭᠰᠠᠨ ᠶᠤᠮ᠃ ᠬᠤᠶᠠᠷ ᠡᠳᠦᠷ ᠤᠨ ᠲᠤᠷᠰᠢ ᠨᠠᠶᠢᠷ ᠲᠡᠯᠭᠡᠷ ᠰᠠᠶᠢᠬᠠᠨ ᠪᠤᠯᠵᠤ᠂ ᠮᠤᠷᠢᠨ ᠤᠷᠤᠯᠳᠤᠭᠠᠨ᠂  ᠪᠦᠬᠡ᠂ ᠰᠤᠷ ᠬᠠᠷᠪᠤᠭ᠎ᠠ ᠵᠡᠷᠭᠡ ᠤᠷᠤᠯᠳᠤᠭᠠᠨ ᠮᠦᠷᠦ᠋ᠢᠴᠡᠭᠡᠨ ᠢᠯᠭᠤᠮ ᠤᠷᠤᠭᠰᠢᠲᠠᠢ ᠪᠤᠯᠪᠠ᠃
  ᠲᠤᠰ ᠨᠠᠶᠢᠷ ᠪᠤᠯ ᠳᠤᠮᠳᠠᠳᠤ ᠤᠯᠤᠰ · ᠦᠪᠦᠷ ᠮᠤᠩᠭᠤᠯ ᠤᠨ ᠮᠤᠷᠢᠨ ᠤᠷᠤᠯᠳᠤᠭᠠᠨ ᠵᠢᠴᠢ ᠵᠢᠷᠭᠤᠳᠤᠭᠠᠷ ᠬᠤᠭᠤᠴᠠᠭᠠᠨ ᠤ ᠦᠪᠦᠷ ᠮᠤᠩᠭᠤᠯ ᠤᠨ ᠤᠯᠠᠨ ᠤᠯᠤᠰ ᠤᠨ ᠮᠤᠷᠢᠨ ᠮᠡᠷᠭᠡᠵᠢᠯ ᠤᠨ ᠨᠠᠶᠢᠷ ᠤᠨ ᠨᠢᠭᠡ ᠠᠭᠤᠯᠭ᠎ᠠ ᠪᠠᠶᠢᠵᠤ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠰᠤᠶᠦᠯ ᠪᠠ ᠵᠢᠭᠤᠯᠴᠢᠯᠠᠯ ᠤᠨ ᠲᠢᠩᠬᠢᠮ᠂ ᠪᠡᠶ᠎ᠡ ᠶᠢᠨ ᠲᠠᠮᠢᠷ ᠤᠨ ᠲᠤᠪᠴᠢᠶ᠎ᠠ ᠭᠤᠤᠯᠯᠠᠨ ᠡᠷᠬᠢᠯᠡᠵᠤ᠂ ᠦᠪᠡᠷᠲᠡᠭᠡᠨ ᠵᠠᠰᠠᠬᠤ ᠤᠷᠤᠨ ᠤ ᠮᠤᠷᠢᠨ ᠮᠡᠷᠭᠡᠵᠢᠯ ᠤᠨ ᠨᠡᠶᠢᠭᠡᠮᠯᠢᠭ ᠪᠠ ᠠᠯᠳᠠᠨᠪᠠᠭᠠᠨ᠎ᠠ ᠳᠠᠭᠠᠭᠠᠨ ᠡᠷᠬᠢᠯᠡᠭᠰᠡᠨ ᠪᠠᠶᠢᠨ᠎ᠠ᠃
  ᠮᠠᠷᠭᠠᠰᠢ ᠬᠦᠭᠡᠪᠦᠷᠢ ᠶᠢᠨ ᠬᠦᠨᠲᠡᠢ ᠮᠦᠨ ᠤᠤᠯ ᠤᠨ ᠨᠠᠮ ᠲᠠᠶᠢᠪᠤᠡᠭ ᠢᠶᠠᠨ ᠰᠡᠷᠭᠦᠭᠡᠭᠦ ᠪᠤᠯᠤᠨ᠎ᠠ᠂ ᠭᠡᠪᠡᠴᠤ ᠮᠢᠩᠭᠠᠨ ᠠᠳᠤᠭᠤ ᠪᠠᠨ ᠨᠠᠭᠠᠳᠤᠮᠴᠢᠨ ᠲᠦᠮᠡᠨ ᠤ ᠬᠦᠰᠡᠯ ᠵᠦᠡᠭᠨᠡᠯ ᠤᠨ ᠰᠠᠶᠢᠬᠠᠨ ᠰᠠᠨᠠᠭ᠎ᠠ ᠲᠠᠢ ᠨᠡᠶᠢᠯᠡᠭᠦᠯᠦᠨ ᠮᠢᠯᠢᠶᠠᠬᠰᠠᠨ ᠬᠦᠳᠡᠯᠮᠦᠷᠢ ᠵᠢᠳᠬᠦᠯ ᠤᠨ ᠶᠡᠭᠡ ᠠᠶᠠᠨ ᠡᠨᠡ ᠨᠤᠲᠤᠭ ᠲᠤ ᠲᠠᠭᠤᠰᠤᠰᠢ ᠦᠭᠡᠢ ᠦᠷᠭᠦᠯᠵᠢᠯᠡᠬᠦ ᠪᠤᠯᠤᠨ᠎ᠠ᠃ᠵᠣᠬᠢᠶᠠᠭᠴᠢ᠄  ᠪᠢᠯᠢᠭᠪᠡᠭᠠᠲᠣᠷ 



  
     
     