

ᠨᠦᠢᠷ ᠦᠨ ᠶᠢᠷᠳᠢᠨᠴᠦ ᠳᠡᠬᠢ ᠨᠠᠨᠳᠢᠨ ᠲᠣᠷᠠᠰᠣᠮᠵᠢ

2025-03-25 12:45
  5
  0
ᠨᠣᠢᠷ ᠤᠨ ᠶᠢᠷᠳᠢᠨᠴᠦ ᠳᠡᠬᠢ ᠨᠠᠨᠳᠢᠨ ᠲᠣᠷᠠᠰᠣᠮᠵᠢ
ᠪᠠᠭ᠎ᠠ ᠨᠠᠰᠤ ᠭᠡᠵᠤ ᠪᠠᠰᠠ ᠥᠯᠢᠭᠡᠷ ᠲᠠᠢ ᠠᠯᠢᠶᠠᠯᠠᠳᠠᠭ ᠪᠠᠢᠵᠤ ᠰᠢᠤ᠃ ᠵᠤᠨ ᠤ ᠭᠣᠣᠯ ᠦᠳᠡ ᠳᠤ ᠭᠠᠯ ᠬᠠᠯᠠᠭᠣᠨ ᠨᠠᠷᠠ ᠢᠳᠡ ᠰᠢᠷᠠᠵᠤ᠂ ᠬᠥᠮᠥᠰ ᠢ ᠨᠣᠵᠣᠭᠤᠷᠠᠭᠤᠯᠣᠮ᠎ᠠ ᠪᠦᠭ᠍ᠴᠢᠮ ᠪᠠᠢᠨ᠎ᠠ᠃ ᠭᠡᠷ ᠲᠦ ᠲᠣᠭᠳᠠᠵᠤ ᠶᠠᠳᠠᠭᠰᠠᠨ ᠠᠬ᠎ᠠ ᠪᠢᠳᠡ ᠬᠣᠶᠠᠷ ᠭᠠᠳᠠᠨ᠎ᠠ ᠭᠠᠷᠴᠤ ᠲᠣᠭᠯᠠᠭᠰᠠᠨ ᠪᠠᠢᠪᠠ᠃ ᠭᠡᠷ ᠦᠨ ᠡᠮᠦᠨᠡᠬᠢ ᠠᠷᠭᠠᠯ ᠤᠨ ᠰᠢᠪᠡᠭᠡᠯᠡᠭ᠍ᠰᠡᠨ ᠬᠠᠰᠢᠶᠠᠯᠠᠪᠴᠢ ᠶᠢᠨ ᠡᠩᠭᠡᠷ ᠲᠤ ᠰᠡᠷᠢᠭᠦᠴᠡᠨ ᠵᠡᠭᠦᠷᠮᠡᠭ᠍ᠯᠡᠵᠦ ᠬᠡᠪᠳᠡᠯ᠎ᠡ᠃
     ᠬᠥᠷᠰᠢ ᠶᠢᠨ ᠥᠬᠢᠨ ᠬᠥᠭ᠍ᠵᠢᠯᠮ᠎ᠠ ᠬᠡᠳᠦᠢ ᠳᠦ ᠨᠢ ᠢᠷᠡᠭ᠍ᠰᠡᠨ ᠢ ᠪᠦᠦ ᠮᠡᠳᠡ᠂ ᠥᠬᠢᠨ ᠬᠥᠮᠥᠨ ᠡᠷᠳᠡ ᠦᠰᠴᠦ ᠲᠦᠯᠵᠢᠳᠡᠭ ᠢᠶᠠᠷ ᠢᠶᠡᠨ ᠪᠦᠳᠦᠭᠦᠨ ᠪᠠᠳᠠᠷᠠᠭᠤᠨ ᠪᠡᠶ᠎ᠡ ᠲᠠᠢ᠂ ᠬᠦᠷᠦᠰᠦᠯᠢᠭ ᠪᠣᠷᠣ ᠴᠢᠷᠠᠢ ᠲᠠᠢ᠂ ᠪᠦᠬᠡᠴᠢᠨ ᠬᠡᠮᠡᠷ ᠪᠢᠷ᠎ᠠ ᠲᠠᠢ ᠥᠬᠢᠨ ᠠᠬ᠎ᠠ ᠶᠢᠨ ᠪᠡᠶ᠎ᠡ ᠲᠡᠭᠡᠷ᠎ᠡ ᠲᠠᠷᠣᠵᠤ ᠬᠡᠪᠳᠡᠴᠢᠭᠡᠭ᠍ᠰᠡᠨ᠂ ᠬᠥᠳᠡᠯᠬᠦ ᠶᠢ ᠪᠦᠦ ᠬᠡᠯᠡ᠂ ᠬᠠᠮᠠᠷ ᠲᠠᠳᠠᠵᠣ ᠪᠠᠢᠬᠤ ᠭᠡᠵᠦ ᠰᠦᠷᠡᠭᠡᠢ᠂ ᠢᠩᠬᠢᠭᠡᠳ ᠪᠢ ᠥᠨᠥᠬᠢ ᠶᠢ ᠴᠢᠨᠢ ᠪᠣᠰᠬᠠᠬᠤ ᠭᠡᠳ ᠦᠢᠯᠡ ᠪᠠᠨ ᠦᠵᠡᠯ᠎ᠡ᠃ ᠬᠦᠵᠦᠭᠦᠤ ᠰᠤᠭᠤ ᠶᠢ ᠨᠢ ᠣᠬᠤᠵᠤ ᠦᠵᠡᠯ᠎ᠡ᠂ ᠬᠡᠳᠡᠭᠡ ᠨᠢ ᠬᠥᠷᠥᠨ᠎ᠡ ᠭᠡᠵᠤ ᠪᠠᠢᠴᠢᠬ᠎ᠠ᠂ ᠪᠦᠭ᠍ᠰᠡᠨ ᠲᠡᠭᠡᠷ᠎ᠡ ᠨᠢ ᠨᠠᠮᠬᠠᠨ ᠱᠢᠪᠱᠢᠷᠭᠠᠳᠠᠭᠠᠳ ᠪᠠᠰᠠ ᠪᠣᠰᠬᠤ ᠶᠠᠭᠤᠮ᠎ᠠ ᠪᠢᠰᠢ᠂ ᠪᠦᠭ᠍ᠰᠡᠨ ᠰᠠᠯᠠᠭ᠎ᠠ ᠤᠷᠤᠭᠤ ᠨᠢ ᠪᠣᠷᠭᠠᠰᠣᠨ ᠨᠠᠮᠠᠭ᠎ᠠ ᠪᠠᠷ ᠴᠢᠴᠢᠭᠡᠳ ᠠᠪᠣᠪᠠᠯ ᠨᠢᠭᠡ ᠠᠭᠳᠣᠰ ᠬᠢᠭᠡᠳ ᠠᠬᠢᠭᠠᠳ ᠯᠡ ᠠᠬ᠎ᠠ ᠶᠢ ᠲᠠᠷᠣᠭᠠᠳ ᠬᠡᠪᠳᠡᠴᠢᠭᠡᠨ᠎ᠡ ᠭᠡᠵᠤ ᠮᠡᠳᠡ᠃ ᠠᠷᠭ᠎ᠠ ᠶᠠᠳᠠᠬᠤ ᠳᠠᠭᠠᠨ ᠴᠠᠪᠢ ᠤᠷᠤᠭᠤ ᠨᠢ ᠭᠠᠷ ᠢᠶᠡᠨ ᠰᠢᠷᠭᠣᠭᠣᠯᠵᠣ ᠭᠡᠳᠡᠭᠡᠯᠡᠭ᠍ᠰᠡᠨ ᠳᠤ ᠬᠠᠳᠠᠭᠠᠨᠠᠳᠠᠯ᠎ᠠ ᠢᠨᠢᠶᠡᠭᠡᠳ ᠲᠠᠩᠭᠠᠷᠴᠢᠬᠠᠨ᠎ᠠ ᠪᠢᠯᠡ ᠲᠡᠷᠡ ᠴᠢᠨᠢ᠃ ᠠᠬ᠎ᠠ ᠶᠢᠨ ᠭᠠᠷ ᠠᠴᠠ ᠠᠳᠬᠤᠵᠣ ᠲᠠᠳᠠᠨ ᠪᠣᠰᠬᠠᠳᠠᠯ᠎ᠠ ᠬᠥᠭ᠍ᠵᠢᠯᠮ᠎ᠠ ᠶᠢᠨ ᠮᠢᠬᠠᠯᠢᠭ ᠮᠣᠯᠴᠣᠭᠤᠷ ᠭᠠᠷ ᠲᠤ ᠦᠷᠳᠦᠵᠦ ᠬᠣᠢᠰᠢ ᠪᠠᠨ ᠰᠠᠭᠤᠳᠠᠯ᠎ᠠ ᠲᠦᠯᠬᠢᠭ᠍ᠳᠡᠴᠢᠭᠡᠨ᠎ᠡ ᠳ᠋ᠠ᠃ ᠬᠠᠰᠢᠯᠠ ᠪᠣᠷᠭᠠᠰᠣᠨ ᠤ ᠨᠠᠷᠢᠬᠠᠨ ᠮᠥᠴᠢᠷ ᠢᠶᠠᠷ ᠱᠠᠪᠬᠢᠳᠠᠯ᠎ᠠ ᠣᠷᠢᠶᠠᠯᠭᠠᠴᠢᠬᠠᠭᠰᠠᠨ ᠴᠢᠨᠢ ᠬᠠᠷᠢᠨ ᠭᠣᠳᠬᠢᠳᠠᠯ᠎ᠠ ᠪᠣᠰᠴᠢᠬᠠᠭᠰᠠᠨ ᠪᠢᠯᠡ᠃
     ᠠᠬ᠎ᠠ ᠨᠢ ᠲᠠᠮᠷᠢᠨᠵᠠᠪ ᠭᠡᠭ᠍ᠴᠢ ᠪᠤᠷᠬᠠᠨ ᠰᠡᠳᠬᠢᠯ ᠲᠠᠢ ᠠᠬᠠᠮᠠᠳ ᠮᠠᠨᠠᠬᠢ ᠶᠢ ᠵᠦᠭ᠍ᠯᠡᠵᠦ ᠠᠢᠰᠣᠢ᠃
—— ᠡᠨᠡ ᠬᠥᠭ᠍ᠵᠢᠯᠮ᠎ᠠ ᠲᠣᠮᠣᠭᠤ ᠦᠭᠡᠢᠳᠡᠵᠤ ᠪᠠᠢᠨᠠᠤ︖ ᠡᠷ᠎ᠡ ᠬᠥᠮᠥᠨ ᠭᠡᠵᠤ ᠪᠠᠢᠭᠠᠳ ᠠᠬ᠎ᠠ ᠲᠡᠭᠦᠤ ᠬᠣᠶᠠᠭᠤᠯᠠ ᠡᠯᠪᠡᠯᠴᠡᠭᠡᠳ ᠡᠮᠦᠨ᠎ᠡ ᠰᠠᠯᠠᠭᠠᠳᠣ ᠭᠤᠤ ᠳᠤ ᠡᠭᠦᠷᠴᠦ ᠣᠴᠢᠭᠠᠳ ᠭᠡᠳᠡᠭᠡ ᠶᠢ ᠨᠢ ᠭᠠᠢᠭᠣᠢᠬᠠᠨ ᠭᠠᠷᠭᠠᠭᠠᠳ ᠢᠷᠡᠬᠦ ᠪᠢᠰᠢᠤ︖ ᠭᠡᠵᠤ ᠪᠠᠢᠨ᠎ᠠ᠃ ᠪᠠᠭ᠎ᠠ ᠬᠡᠤᠬᠡᠳ ᠶᠠᠭᠤ ᠮᠡᠳᠡᠬᠦᠪ ᠳ᠋ᠧ᠃
—— ᠠᠢᠯ ᠤᠨ ᠠᠬ᠎ᠠ ᠲᠠ ᠮᠠᠨᠠᠢᠬᠢᠨ ᠢᠶᠡᠷ ᠬᠦᠷᠬᠦ ᠤᠤ︖ ᠶᠠᠬᠡ ᠠᠬ᠎ᠠ ᠨᠣᠮ ᠱᠠᠬᠠᠢᠭᠠᠳ ᠬᠡᠪᠳᠡᠵᠤ ᠪᠠᠢᠭᠰᠠᠨ ᠭᠡᠵᠤ ᠬᠠᠷᠢᠭᠤᠯᠪᠠ᠃
   ᠬᠥᠭ᠍ᠵᠢᠯᠮ᠎ᠠ ᠶᠢᠨ ᠲᠡᠭᠦᠤ ᠭᠡᠵᠤ ᠭᠣᠷᠪᠠᠯᠠᠭᠰᠠᠨ ᠤᠷᠳᠤ ᠭᠡᠵᠢᠭᠡ ᠲᠠᠢ᠂ ᠭᠣᠨᠠᠯᠵᠠᠭᠰᠠᠨ ᠨᠠᠷᠢᠬᠠᠨ ᠨᠢᠷᠤᠭᠤ ᠲᠠᠢ᠂ ᠵᠢᠷᠳᠠᠭᠠᠷ ᠬᠦᠮᠦᠰᠭᠡ ᠶᠢᠨ ᠲᠣᠣᠷᠠᠬᠢ ᠨᠢᠭᠡᠨ ᠬᠣᠣᠰ ᠨᠠᠮᠤᠷ ᠤᠨ ᠨᠠᠭᠤᠷ ᠮᠡᠳᠦ ᠲᠣᠨᠤᠷᠠᠭᠰᠠᠨ ᠠᠯᠠᠭ ᠨᠢᠳᠦ ᠨᠢ ᠬᠥᠮᠥᠨ ᠢ ᠥᠪᠡᠷ ᠦᠨ ᠡᠷᠬᠡ ᠦᠭᠡᠢ ᠰᠣᠷᠢᠨᠵᠢᠨᠳᠡᠨ ᠲᠠᠳᠠᠨ᠎ᠠ᠃ ᠭᠡᠬᠦ ᠳᠡᠬᠡᠨ ᠭᠡᠷ ᠡᠴᠡ ᠪᠠᠨ ᠪᠠᠷᠣᠭᠳᠠᠢ ᠳᠤ ᠪᠣᠯᠳᠠᠢᠳᠠᠭ ᠦᠭᠡᠢ᠂ ᠨᠡᠩ ᠴᠦ ᠮᠠᠨ ᠤ ᠮᠡᠳᠣᠰ ᠤᠨ ᠰᠡᠭ᠍ᠰᠡᠭᠡᠷ ᠬᠦᠤ ᠲᠠᠢ ᠨᠠᠭᠠᠳᠬᠤ ᠴᠦ ᠦᠭᠡᠢ᠂ ᠪᠦᠳᠦᠭᠦᠨ ᠡᠵᠢ ᠶᠢ ᠬᠠᠮᠵᠢᠨ ᠭᠠᠯ ᠲᠣᠭᠣᠭᠠᠨ ᠤ ᠭᠡᠷ ᠲᠦ ᠶᠠᠭᠠᠷᠠᠳᠠᠭ ᠶᠡᠬᠡᠷᠬᠡᠭ ᠥᠬᠢᠨ ᠪᠠᠢᠭᠰᠠᠨ᠂ ᠪᠢ ᠲᠡᠭᠦᠨ ᠤ ᠭᠠᠳᠠᠨ᠎ᠠ ᠪᠠᠨ ᠠᠵᠢᠯ ᠬᠢᠵᠤ ᠪᠠᠢᠬᠤ ᠲᠠᠢ ᠲᠤᠬᠢᠶᠠᠯᠳᠣᠭᠤᠯᠣᠨ ᠦᠭᠡ ᠵᠦᠷᠢᠵᠦ ᠠᠪᠣᠭᠰᠠᠨ ᠪᠢᠯᠡ᠃ ᠨᠠᠳᠠ ᠲᠠᠢ ᠶᠠᠷᠢᠪᠠᠤ ᠳ᠋ᠠ ᠭᠡᠬᠦ ᠰᠢᠭ ᠭᠠᠢᠬᠠᠭᠰᠠᠨ ᠬᠠᠷᠠᠴᠠ ᠪᠡᠷ ᠠᠵᠢᠭ᠌ᠯᠠᠭᠰᠠᠨ ᠢᠶᠡᠨ ᠠᠩᠭᠠᠯᠵᠠᠨ ᠢᠨᠢᠶᠡᠬᠦ ᠳᠦ ᠯᠠᠪᠠᠢ ᠴᠠᠭᠠᠨ ᠰᠢᠳᠦ ᠨᠢ ᠢᠷᠠᠯᠵᠠᠵᠤ ᠯᠠᠭ᠌ᠰᠢᠨ ᠲᠣᠩᠭᠠᠯᠠᠭ ᠴᠢᠷᠠᠢ ᠨᠢ ᠤᠯᠠᠪᠠᠯᠵᠠᠨ ᠬᠤᠸᠠᠷ ᠴᠡᠴᠡᠭ ᠲᠡᠯᠭᠡᠷᠡᠭ᠍ᠰᠡᠨ ᠰᠢᠭ ᠭᠤᠶᠣᠬᠠᠨ ᠬᠠᠷᠠᠭᠳᠠᠭᠰᠠᠨ ᠰᠠᠨ᠃
   ᠪᠢ ᠢᠩᠬᠢᠭᠡᠳ ᠪᠠᠭ᠎ᠠ ᠶᠢᠨ ᠦᠶ᠎ᠡ ᠪᠠᠨ ᠲᠣᠷᠠᠰᠤᠨ ᠰᠠᠨᠠᠵᠤ᠂ ᠵᠡᠭᠦᠳᠦ ᠦᠨᠡᠨ ᠦ ᠬᠣᠭᠣᠷᠣᠨᠳᠤ ᠵᠡᠭᠦᠷᠮᠡᠭ᠍ᠯᠡᠵᠦ ᠬᠡᠪᠳᠡᠬᠦ ᠲᠣᠷᠠᠳᠠᠢ ᠪᠠᠢᠳᠠᠭ ᠰᠠᠨ᠃
᠂᠂᠂᠂ ᠨᠢᠭᠡ ᠮᠡᠳᠡᠬᠦᠨ᠎ᠡ ᠪᠢ ᠴᠢᠨᠢ ᠬᠠᠵᠠᠭᠤᠳᠠ ᠪᠠᠨ ᠬᠠᠮᠠᠷ ᠲᠠᠳᠠᠨ ᠬᠤᠷᠬᠢᠷᠠᠬᠤ ᠲᠡᠯᠭᠡᠷᠮ᠎ᠡ ᠶᠢᠨ ᠲᠡᠭᠡᠷ᠎ᠡ ᠡᠴᠡ︿ᠰᠤᠪᠠᠢ ᠦᠨᠢᠶᠡᠨ ᠦ ᠰᠦᠨ ᠳᠦ ᠠᠮᠳᠠᠰᠢᠵᠤ ᠲᠡᠢᠷᠡᠭᠦᠯᠭᠦ ᠪᠠᠨ ᠮᠠᠷᠳᠠᠭᠰᠠᠨ﹀ ᠲᠤᠭᠤᠯ ᠰᠢᠭ᠋ ᠨᠢᠭᠡᠯᠡ ᠬᠥᠭ ᠢᠶᠡᠷ ᠨᠦᠷᠢᠨ ᠨᠣᠴᠣᠵᠤ ᠡᠬᠢᠯᠡᠯ᠎ᠡ᠃ ᠲᠡᠯᠭᠡᠷᠮ᠎ᠡ ᠲᠠᠢ ᠲᠡᠷ᠎ᠡ ᠨᠢᠭᠡᠳᠬᠡᠬᠡᠳ ᠨᠢᠭᠡᠨᠳᠡ ᠲᠣᠯᠣᠭᠠᠨ ᠵᠢᠯ ᠦᠨ ᠨᠢᠭᠤᠷ ᠢ ᠦᠵᠡᠵᠤ ᠪᠠᠢᠨ᠎ᠠ ᠭᠡᠵᠦ ᠪᠣᠳᠣᠬᠤ ᠳᠤ ᠲᠣᠣᠷᠠᠳᠤ ᠪᠡᠶ᠎ᠡ ᠬᠠᠳᠠᠭᠣᠷᠠᠨ ᠣᠭᠰᠢᠵᠤ ᠣᠢᠨ ᠲᠤᠰᠬᠤ ᠰᠢᠭ᠋ ᠪᠣᠯᠵᠤ ᠲᠡᠯᠭᠡᠷᠮ᠎ᠡ ᠶᠢᠨ ᠮᠥᠷᠥ ᠡᠴᠡ ᠲᠠᠳᠠᠨ ᠡᠷᠭᠢᠭᠦᠯᠵᠣ ᠲᠡᠭᠡᠷ᠎ᠡ ᠪᠠᠨ ᠭᠠᠷᠭᠠᠭᠰᠠᠨ ᠳᠤ ᠨᠦᠰᠡᠷ ᠪᠡᠶ᠎ᠡ ᠪᠠᠷ ᠨᠢ ᠲᠠᠷᠣᠭᠤᠯᠵᠤ ᠨᠥᠯᠡ ᠰᠢᠭ ᠴᠡᠭᠡᠵᠢᠨ ᠳᠦ ᠨᠢ ᠲᠦᠭᠡᠨᠡᠭᠦᠯᠵᠦ ᠬᠠᠯᠠᠭᠣᠨ ᠵᠤᠵᠠᠭᠠᠨ ᠤᠷᠤᠭᠤᠯ ᠳᠤ ᠨᠢ ᠬᠠᠪᠬᠢᠳᠠᠯ᠎ᠠ ᠦᠨᠦᠰᠦᠭᠦᠯᠬᠦ ᠭᠡᠭ᠍ᠴᠢ ᠶᠠᠮᠠᠷ ᠲᠠᠭᠠᠳᠠᠢ ᠲᠠᠭᠠᠰᠢᠶᠠᠯ ᠪᠢᠯᠡ᠃
    ᠰᠢᠯᠦᠨ ᠲᠣᠷᠭ᠎ᠠ ᠰᠢᠭ᠋ ᠵᠦᠭᠡᠯᠡᠨ ᠴᠣᠭᠴᠠᠰ ᠢ ᠨᠢ ᠦᠨᠦᠰᠴᠦ ᠡᠬᠢᠯᠡᠬᠦ ᠳᠦ ᠮᠠᠨᠳᠣᠭᠤᠷ ᠴᠠᠭᠠᠨ ᠬᠥᠬᠥ ᠨᠢ ᠴᠡᠭᠡᠵᠢᠨ ᠲᠡᠭᠡᠷ᠎ᠡ ᠲᠤᠯᠭ᠎ᠠ ᠶᠢᠨ ᠭᠠᠯ ᠢ ᠬᠦᠭ᠍ᠵᠢᠭᠡᠭ᠍ᠰᠡᠨ ᠮᠡᠳᠣ ᠨᠢᠯᠴᠢᠬᠢᠨᠡᠵᠦ ᠮᠢᠨᠳᠠᠰᠤᠨ ᠪᠡᠶ᠎ᠡ ᠶᠢ ᠨᠢ ᠲᠡᠪᠡᠷᠢᠬᠦ ᠲᠣᠳᠣᠮ ᠨᠢᠭᠡ ᠶᠠᠭᠤᠮ᠎ᠠ ᠲᠠᠭᠠᠳᠠᠢᠬᠠᠨ ᠭᠤᠯᠭᠣᠭᠠᠳ ᠯᠡ ᠮᠢᠬᠠᠯᠢᠭ ᠪᠡᠯᠭᠡᠭᠦᠰᠦ ᠶᠢ ᠨᠢ ᠮᠡᠳᠡᠷᠡᠬᠦ ᠲᠣᠳᠤᠮ ᠮᠠᠬᠠᠪᠣᠳ ᠮᠢᠨᠢ ᠦᠷᠪᠢᠰᠦᠨ ᠲᠦᠷᠡᠯᠵᠡᠵᠣ ᠶᠠᠮᠠᠷ ᠨᠢᠭᠡᠨ ᠣᠷᠴᠢᠨ ᠳᠤ ᠣᠷᠣᠭᠠᠳ ᠶᠠᠪᠤᠴᠢᠬᠠᠬᠤ ᠰᠢᠩᠭᠡᠨ ᠪᠣᠯᠣᠭᠰᠠᠨ᠃
    ᠲᠦᠨᠲᠦᠢᠭ᠍ᠰᠡᠨ ᠲᠠᠰᠢᠶ᠎ᠠ ᠪᠠᠨ ᠡᠷᠭᠦᠰᠬᠢᠵᠦ ᠲᠦᠮᠡᠨ ᠠᠮᠢᠳᠠᠨ ᠢ ᠲᠥᠷᠥᠭᠦᠯᠬᠦ ᠮᠡᠳᠣ ᠰᠠᠯᠳᠠᠢᠨ ᠲᠦᠷᠢᠵᠦ ᠮᠢᠬᠠᠯᠢᠭ ᠰᠠᠢᠬᠠᠨ ᠦᠭᠡᠵᠡᠭ ᠨᠢ ᠮᠢᠨᠳᠠᠰᠣᠨ ᠲᠣᠷᠭ᠎ᠠ ᠮᠡᠳᠣ ᠮᠢᠳᠠᠯᠵᠠᠵᠤ ᠬᠦᠷᠦᠯᠴᠡᠬᠦ ᠲᠣᠳᠤᠮ ᠬᠦᠰᠡᠯ ᠢ ᠮᠢᠨᠢ ᠬᠥᠭ᠍ᠵᠢᠭᠡᠵᠦ ᠲᠣᠷᠬ᠎ᠠ ᠲᠠᠢ ᠬᠠᠯᠠᠭᠤᠨ ᠷᠠᠰᠢᠶᠠᠨ ᠳᠤ ᠮᠦᠯᠢᠰᠬᠢᠳᠡᠯ᠎ᠡ ᠣᠷᠤᠭᠠᠳ ᠶᠠᠪᠤᠴᠢᠬᠠᠪᠠ᠃ ᠠᠢᠷᠠᠭ ᠪᠦᠯᠢᠬᠦ ᠮᠡᠳᠣ ᠠᠶᠠᠳᠠᠢᠬᠠᠨ ᠬᠥᠳᠡᠯᠵᠦ ᠶᠠᠪᠣᠭᠰᠠᠨ ᠢᠶᠠᠨ ᠲᠡᠰᠦᠷᠡᠨ ᠲᠡᠯᠪᠡᠷᠡᠬᠦ ᠰᠢᠭ ᠠᠭᠰᠢᠵᠤ᠂ ᠪᠠᠰᠠ ᠭᠡᠨᠡᠳᠳᠡ ᠤᠷᠤᠰᠬᠠᠯ ᠨᠢ ᠰᠡᠳᠡᠷᠡᠭ᠍ᠰᠡᠨ ᠰᠢᠭ ᠵᠢᠷᠢᠯᠵᠡᠨ ᠲᠣᠯᠭᠢᠶᠠᠯᠠᠵᠤ᠂ ᠬᠠᠮᠤᠭ ᠮᠠᠬᠠᠪᠣᠳ ᠤᠨ ᠴᠢᠰᠦ ᠲᠡᠭᠡᠭ᠍ᠰᠢ ᠣᠷᠭᠢᠯᠬᠤ ᠮᠡᠳᠦ ᠪᠣᠯᠵᠠᠢ᠃
      ᠰᠠᠶ᠋ᠢᠬᠠᠨ ᠲᠣᠯᠭᠢᠶᠠᠯᠠᠵᠤ ᠪᠠᠢᠭᠰᠠᠨ ᠤᠷᠤᠰᠬᠠᠯ᠂ ᠬᠣᠯᠠ ᠶᠢᠨ ᠬᠤᠯᠠ ᠳᠤ ᠲᠠᠯᠳᠠᠷᠠᠨ ᠣᠳᠬᠤ ᠮᠡᠳᠦ ᠪᠡᠶ᠎ᠡ ᠰᠡᠳᠬᠢᠯ ᠦᠨ ᠲᠣᠭᠳᠤᠯᠣᠯ ᠠᠭᠠᠵᠢᠮ ᠢᠶᠡᠷ ᠨᠠᠮᠳᠠᠵᠤ ᠠᠳᠬᠤᠷᠠᠭ᠎ᠠ ᠲᠠᠯᠪᠢᠭ᠌ᠳᠠᠨ ᠠᠭᠤᠵᠢᠷᠠᠭᠠᠳ ᠶᠠᠪᠣᠴᠢᠬᠠᠬᠤ ᠳᠤ ᠦᠬᠡᠬᠦᠨ ᠲᠡᠭᠡᠷ᠎ᠡ ᠦᠩᠬᠦᠷᠢᠵᠦ ᠡᠭᠦᠯᠡᠨ ᠲᠡᠭᠡᠷ᠎ᠡ ᠬᠦᠪᠪᠦᠭ᠍ᠰᠡᠨ ᠮᠡᠳᠣ ᠲᠣᠷ᠎ᠠ ᠲᠠᠯᠪᠢᠵᠤ᠂ ᠣᠶᠣᠨ ᠰᠡᠳᠬᠢᠯᠭᠡ ᠮᠢᠨᠢ ᠠᠰᠳᠠᠭᠠᠨ ᠣᠷᠴᠢᠨ ᠢᠶᠡᠷ ᠠᠶᠠᠯᠠᠭᠰᠠᠨ ᠮᠡᠳᠣ ᠠᠷᠢᠭᠤᠰᠣᠨ ᠲᠣᠩᠭᠠᠯᠠᠭᠵᠢᠭᠠᠳ ᠲᠡᠷ᠎ᠡ ᠲᠦᠭᠦᠷᠡᠩ ᠠᠰᠬᠠᠷᠠᠭᠰᠠᠨ ᠮᠤᠢᠯ ᠬᠠᠷ᠎ᠠ ᠥᠰᠦᠨ ᠳᠦ ᠨᠢ ᠨᠢᠭᠤᠷ ᠢᠶᠠᠨ ᠪᠣᠯᠬᠠᠬᠤ ᠳᠤ ᠠᠷᠴᠠ ᠶᠢᠨ ᠦᠨᠦᠷ ᠬᠠᠮᠠᠷ ᠴᠣᠷᠭᠢᠨ᠂ ᠪᠣᠳᠣᠭᠤ ᠶᠢᠨ ᠬᠣᠶᠠᠷ ᠨᠢᠳᠦ ᠨᠢ ᠲᠠᠯᠮᠢᠶᠠᠷᠠᠭᠠᠳ ᠪᠤᠳᠤᠮᠠᠯ ᠤᠯᠠᠭᠠᠨ ᠤᠷᠤᠭᠤᠯ ᠨᠢ ᠵᠢᠮᠡᠢᠭᠡᠳ ᠪᠠᠢᠬᠤᠢ ᠳ᠋ᠣᠷ ᠮᠦᠢᠯ ᠬᠠᠷ᠎ᠠ ᠮᠡᠯᠮᠡᠢ ᠶᠢ ᠨᠢ ᠠᠶᠠᠷᠬᠠᠨ ᠦᠨᠦᠰᠴᠦ ᠬᠠᠯᠠᠭᠣᠨ ᠵᠣᠵᠠᠭᠠᠨ ᠤᠷᠤᠭᠤᠯ ᠢ ᠨᠢ ᠬᠠᠨᠳᠠᠯ᠎ᠠ ᠪᠠᠨ ᠰᠢᠮᠡᠪᠠ᠃ ᠰᠢᠮᠡᠬᠦ ᠲᠣᠳᠤᠮ ᠨᠢᠭᠡ ᠵᠦᠢᠯ ᠦᠨ ᠬᠡᠯᠡᠵᠦ ᠢᠯᠡᠳᠬᠡᠰᠢ ᠦᠭᠡᠢ ᠵᠢᠮᠢᠰ ᠦᠨ ᠰᠢᠩᠭᠡᠨ ᠣᠮᠳᠠᠭᠠᠨ ᠰᠢᠭ᠋ ᠤᠷᠤᠰᠤᠨ ᠭᠠᠷᠴᠦ ᠬᠡᠯᠡ ᠬᠠᠳᠠᠵᠤ ᠬᠣᠭᠣᠯᠠᠢ ᠠᠷᠭᠠᠵᠣ ᠪᠠᠢᠬᠤᠢ ᠳ᠋ᠤᠷ ᠤᠮᠳᠠ ᠲᠠᠢᠯᠬᠤ ᠮᠡᠳᠣ ᠠᠢᠷᠠᠭ ᠰᠢᠭ᠋ ᠬᠦᠴᠢᠯᠯᠢᠭ ᠠᠮᠢᠮ᠎ᠠ ᠰᠢᠭ᠋ ᠰᠢᠬᠢᠷᠯᠢᠭ ᠠᠮᠳᠠᠭᠳᠠᠨᠠᠮ ᠠᠵᠢ᠃ ᠡᠨᠡ ᠮᠥᠴᠡ ᠳᠦ ᠪᠡᠶ᠎ᠡ ᠰᠡᠳᠬᠢᠯ ᠪᠠᠶᠠᠰᠤᠨ ᠴᠡᠩᠬᠡᠵᠦ ᠠᠮᠤᠷᠵᠢᠨ ᠠᠷᠢᠭᠣᠰᠤᠭᠰᠠᠨ ᠢ ᠥᠭᠦᠯᠡᠬᠦ ᠶᠠᠭᠤᠨ᠂᠂᠂



  
     
     