ᠬᠣᠯᠪᠣᠭ᠎ᠠ ᠰᠦᠯᠵᠢᠶ᠎ᠡ ᠶ᠋ᠢ ᠬᠡᠷᠡᠭᠯᠡᠭᠰᠡᠨ ᠦ ᠳᠠᠷᠠᠭᠠᠬᠢ ᠲᠥᠷᠥᠭᠳᠡᠯ
ᠬᠣᠯᠪᠣᠭ᠎ᠠ ᠰᠦᠯᠵᠢᠶ᠎ᠡ ᠪᠣᠯ ᠨᠢᠭᠡᠨ ᠮᠣᠩᠭᠣᠯ ᠲᠦᠮᠡᠨ ᠳ᠋ᠦ᠍ ᠬᠠᠨᠳᠤᠭᠤᠯᠤᠭᠰᠠᠨ ᠪᠥᠭᠡᠳ ᠮᠣᠩᠭᠣᠯ ᠰᠦᠯᠵᠢᠶᠡᠨ ᠦ ᠳᠣᠲᠣᠷ᠎ᠠ ᠨᠡᠯᠢᠶᠡᠳ ᠪᠦᠷᠢᠨ ᠲᠡᠭᠦᠯᠳᠡᠷ ᠰᠢᠰᠲ᠋ᠧᠮ ᠲᠡᠢ ᠶᠡᠬᠡ ᠰᠦᠯᠵᠢᠶ᠎ᠡ ᠪᠣᠯᠤᠨ᠎ᠠ ᠃ ᠬᠣᠯᠪᠣᠭ᠎ᠠ ᠰᠦᠯᠵᠢᠶ᠎ᠡ ᠶ᠋ᠢᠨ ᠬᠣᠶ᠋ᠢᠨ᠎ᠠ ᠰᠦᠯᠵᠢᠶᠡᠨ ᠦ ᠬᠠᠶ᠋ᠢᠭ᠄ ᠢ ᠲᠣᠪᠴᠢᠳᠠᠨ ᠣᠷᠰᠣᠭᠣᠷ ᠨᠡᠯᠢᠶᠡᠳ ᠣᠯᠠᠨ ᠲᠤᠰᠬᠠᠢ ᠪᠤᠯᠤᠩ ᠪᠠᠶ᠋ᠢᠳᠠᠭ ᠠ᠋᠃ ᠲᠡᠷᠢᠭᠦᠨ ᠮᠡᠳᠡᠭᠡ ᠨᠦ᠍ᠭᠦᠳ ᠢ ᠨᠢ ᠲᠤᠰᠬᠠᠢ ᠪᠤᠯᠤᠩ ᠨᠠᠶ᠋ᠢᠷᠠᠭᠤᠯᠤᠯ᠂ ᠳᠠᠭᠤᠤ ᠬᠥᠭᠵᠢᠮ ᠨᠠᠶ᠋ᠢᠷ ᠨᠠᠭᠠᠳᠤᠮ ᠢᠷᠠᠭᠤ ᠨᠠᠶ᠋ᠢᠷᠠᠭ ᠪᠦᠷᠭᠡ ᠡᠷᠡᠭᠦᠯ ᠡᠩᠬᠡ ᠥᠭᠦᠯᠡᠯᠭᠡ ᠪᠢᠴᠢᠯᠭᠡ ᠳᠣᠮᠣᠭ ᠦᠯᠢᠭᠡᠷ᠂ ᠥᠭᠦᠯᠡᠯ ᠰᠢᠭᠦᠮᠵᠢ᠂ ᠰᠤᠷᠭᠠᠨ ᠬᠥᠮᠦᠵᠢᠯ ᠨᠡᠶ᠋ᠢᠭᠡᠮ ᠠᠮᠢᠳᠤᠷᠠᠯ᠃ ᠳᠠᠭᠤᠨ ᠤ ᠥᠩᠭᠡ ᠠ᠋᠂ ᠦᠯᠢᠭᠡᠷ ᠬᠣᠯᠪᠣᠭ᠎ᠠ ᠴᠠᠢ ᠶ᠋ᠢᠨ ᠵᠣᠭᠣᠭ᠂ ᠵᠠᠩ ᠠᠭᠠᠯᠢ᠂ ᠮᠣᠩᠭᠣᠯ ᠢᠳᠡᠭᠡᠨ᠂ ᠰᠣᠶᠣᠯ ᠤᠷᠠᠯᠢᠭ᠂ ᠰᠢᠨᠵᠢᠯᠡᠬᠦ ᠤᠬᠠᠭᠠᠨ ᠠᠨᠠᠭᠠᠬᠤ ᠤᠬᠠᠭᠠᠨ᠃ ᠨᠡᠶ᠋ᠢᠭᠡᠮ ᠰᠢᠨᠵᠢᠯᠡᠭᠡ ᠪᠠᠶ᠋ᠢᠭᠠᠯᠢ ᠣᠷᠴᠢᠨ ᠠᠶᠠᠯᠠᠯ ᠵᠤᠭᠠᠴᠠᠯ᠂ ᠭᠣᠶᠣᠯᠠᠯ ᠵᠠᠰᠠᠯ᠂ ᠺᠢᠨᠣ ᠵᠦᠴᠦᠭᠡ᠂ ᠪᠡᠶ᠎ᠡ ᠲᠠᠮᠢᠷ ᠬᠠᠤᠯᠢ ᠳᠦᠷᠢᠮ ᠠᠵᠤ ᠠᠬᠤᠢ᠃ ᠱᠠᠰᠢᠨ ᠰᠤᠷᠲᠠᠬᠤᠨ᠂ ᠲᠡᠦᠬᠡ ᠰᠤᠳᠤᠯᠤᠯ᠂ ᠵᠦᠢᠷ ᠦᠭᠡᠰ ᠣᠨᠢᠰᠣᠭ᠎ᠠ ᠪᠦᠰᠡᠭᠦᠢ ᠠᠮᠢᠳᠤᠷᠠᠯ ᠨᠣᠮ ᠰᠤᠳᠤᠷ᠂ ᠰᠤᠷᠠᠭ ᠵᠠᠩᠬᠢ ᠵᠡᠷᠭᠡ ᠲᠤᠰᠬᠠᠢ ᠪᠤᠯᠤᠩ ᠲᠠᠢ᠃ ᠬᠥᠮᠦᠰ ᠥᠪᠡᠷ ᠦᠨ ᠬᠡᠷᠡᠭᠴᠡᠭᠡ ᠱᠠᠭᠠᠷᠳᠠᠯᠭ᠎ᠠ ᠪᠠᠨ ᠦᠨᠳᠦᠰᠦᠯᠡᠨ ᠠᠭᠤᠯᠭ᠎ᠠ ᠪᠠᠨ ᠣᠯᠵᠤ ᠦᠵᠡᠳᠡᠭ᠂ ᠢᠮᠠᠭ᠎ᠠ ᠰᠦᠯᠵᠢᠶ᠎ᠡ ᠪᠠᠰᠠ ᠬᠠᠷᠢᠯᠴᠠᠨ ᠦᠢᠯᠡᠳᠦᠯᠴᠡᠬᠦ ᠴᠢᠨᠠᠷ ᠢᠶ᠋ᠠᠷ ᠮᠠᠰᠢ ᠴᠢᠩᠭ᠎ᠠ ᠪᠠᠶ᠋ᠢᠳᠠᠭ ᠬᠡᠨ ᠴᠦ᠍ ᠭᠡᠳ ᠥᠪᠡᠷᠲᠡᠭᠡᠨ ᠪᠡᠨ ᠳᠠᠩᠰᠠᠯᠠᠭᠤᠯᠵᠤ ᠪᠣᠯᠤᠨ᠎ᠠ ᠬᠥᠮᠦᠨ ᠦ ᠵᠣᠬᠢᠶᠠᠯ ᠪᠦᠲᠦᠭᠡᠯ ᠢ ᠨᠢ ᠳᠣᠣᠷ᠎ᠠ ᠰᠡᠳᠭᠢᠭᠳᠡᠯ ᠢᠶ᠋ᠡᠨ ᠦᠯᠡᠳᠡᠭᠡᠵᠢ ᠶᠠᠷᠢᠯᠴᠠᠵᠤ ᠪᠣᠯᠬᠤ ᠶᠤᠮ ᠃
ᠡᠨᠳᠡ ᠡᠴᠡ ᠰᠠᠶ᠋ᠢᠨ ᠰᠠᠶᠢᠬᠠᠨ ᠵᠣᠬᠢᠶᠠᠯ ᠪᠦᠲᠦᠭᠡᠯ ᠳᠠᠭᠤᠤ ᠤᠷᠠᠯᠢᠭ ᠰᠣᠶᠣᠯ ᠲᠡᠦᠬᠡ ᠶ᠋ᠢᠨ ᠬᠠᠮᠢᠶ᠎ᠠ ᠪᠦᠬᠦᠢ ᠮᠠᠲ᠋ᠧᠷᠢᠶᠠᠯ ᠪᠠ ᠠᠳᠠᠯᠢ ᠪᠤᠰᠤ ᠬᠥᠮᠦᠰ ᠦᠨ ᠰᠡᠳᠬᠢᠬᠦᠢ ᠳ᠋ᠦ᠍ ᠯᠡ ᠪᠠᠭ᠎ᠠ ᠰᠠᠨᠠᠭ᠎ᠠ ᠶ᠋ᠢ ᠣᠯᠵᠤ ᠮᠡᠳᠡᠵᠦ ᠪᠣᠯᠤᠨ᠎ᠠ᠃ ᠬᠥᠮᠦᠰ ᠮᠠᠰᠢ ᠠᠮᠠᠷᠬᠠᠨ ᠢᠶ᠋ᠠᠷ ᠥᠪᠡᠷ ᠦᠨ ᠣᠯᠬᠤ ᠭᠡᠰᠡᠨ ᠰᠤᠷᠠᠭ ᠵᠠᠩᠬᠢ ᠪᠠᠨ ᠣᠯᠬᠤ ᠪᠤᠶᠤ ᠬᠤᠪᠢᠶᠠᠯᠴᠠᠵᠤ ᠪᠣᠯᠤᠨ᠎ᠠ᠃ ᠨᠠᠨ ᠪᠣᠯ ᠬᠣᠯᠪᠣᠭ᠎ᠠ ᠰᠦᠯᠵᠢᠶᠡᠨ ᠦ ᠳᠥᠭᠥᠮ ᠲᠦᠳᠡ ᠴᠢᠨᠠᠷ ᠢ ᠢᠯᠡᠷᠡᠭᠦᠯᠵᠦ ᠪᠠᠶ᠋ᠢᠨ᠎ᠠ᠃ ᠲᠦᠭ ᠲᠦᠮᠡᠨ ᠮᠣᠩᠭᠣᠯ ᠲᠦᠮᠡᠨ ᠲᠡᠢ ᠪᠡᠨ ᠮᠣᠩᠭᠣᠯ ᠢᠶ᠋ᠠᠷ ᠢᠶ᠋ᠠᠨ ᠶᠠᠷᠢᠯᠴᠠᠵᠤ᠂ ᠰᠡᠳᠬᠢᠯ ᠰᠡᠳᠬᠢᠯ ᠢᠶ᠋ᠡᠨ ᠬᠣᠯᠪᠣᠯᠴᠠᠬᠤ ᠰᠠᠶ᠋ᠢᠬᠠᠨ ᠲᠠᠪᠴᠠᠩ ᠰᠦᠯᠵᠢᠶ᠎ᠡ ᠪᠣᠯᠬᠤ ᠶᠤᠮ ᠠ᠋᠃ ᠡᠨᠡ ᠪᠣᠯ ᠮᠢᠨᠦ ᠬᠣᠯᠪᠣᠭ᠎ᠠ ᠰᠦᠯᠵᠢᠶ᠎ᠡ ᠶ᠋ᠢ ᠬᠡᠷᠡᠭᠯᠡᠭᠰᠡᠨ ᠦ ᠳᠠᠷᠠᠭᠠᠬᠢ ᠲᠥᠷᠥᠭᠳᠡᠯ ᠪᠣᠯᠬᠤ ᠶᠤᠮ ᠠ᠋᠃