

ᠨᠤᠳᠤᠭ ᠠᠮᠢᠳᠠᠢ ᠦᠷ᠎ᠠ ᠰᠠᠳᠦ

2018-06-02 14:05
  162
  0
    ᠲᠦᠷᠦᠬᠦᠬᠡᠨ ︽ᠨᠠᠭᠠᠴᠦ ᠡ᠂ ᠨᠤᠮ ᠢᠶᠠᠨ ᠲᠠᠨ ᠳᠤ ᠪᠡᠯᠡᠭᠯᠡᠬᠦ ᠬᠡᠵᠦ ᠠᠪᠴᠦ ᠶᠠᠪᠤᠭᠰᠠᠨ ᠪᠤᠯᠪᠠᠴᠦ ᠠᠵᠢᠯ ᠶᠠᠭᠠᠷᠠᠥ ᠠᠴᠠ ᠪᠤᠯᠵᠦ ᠦᠭᠬᠦ ᠬᠡᠳ ᠠᠮᠵᠢᠭᠰᠠᠨ ᠦᠭᠡᠢ ᠠᠴᠠ ᠡᠮᠧ ᠳᠤ ᠦᠯᠡᠳᠡᠭᠡᠭᠡᠳ ᠭᠠᠷᠴᠦ ᠢᠷᠡᠭᠰᠡᠨ᠃ ᠲᠠ ᠵᠠᠪ ᠢᠶᠠᠷ ᠢᠶᠠᠨ ᠬᠦᠷᠦᠬᠡᠳ ᠠᠪᠤᠭᠠᠷᠡᠢ︾ ᠬᠡᠰᠡᠨ ᠮᠦ᠊ · ᠬᠤᠥᠰᠪᠠᠶᠠᠷ ᠤᠨ ᠵᠢᠷᠬᠢᠶ᠎ᠠ ᠪᠠᠷ ᠲᠠᠮᠵᠢᠭᠤᠯᠤᠭᠰᠠᠨ ᠴᠢᠮᠡᠭᠡ ᠨᠠᠳᠠ ᠳᠤ ᠰᠠᠨᠠᠭᠠᠨ ᠳᠤ ᠦᠬᠡᠢ ᠪᠠᠶᠠᠷ ᠪᠤᠯᠪᠠ᠃
     ᠪᠤᠶᠢᠳᠠ ᠪᠦᠭᠯᠡᠬᠦᠥ ᠨᠤᠲᠤᠭ ᠤᠰᠤᠨ ᠠᠴᠠ ᠮᠢᠨᠢ ᠪᠤᠷᠤ ᠴᠢᠷᠠᠶᠢᠲᠠᠢ ᠨᠢᠬᠡ ᠬᠡᠥᠬᠡᠳ ᠡᠷᠳᠡᠮ ᠰᠤᠷᠤᠨ᠎ᠠ ᠬᠡᠮᠡᠨ ᠢᠷᠡᠵᠦ ᠶᠠᠪᠤᠳᠠᠭ ᠢ ᠮᠠᠨᠠᠶᠢᠬᠢᠨ ᠳᠡᠷᠡ ᠦᠶ᠎ᠠ ᠳᠤ ᠳᠡᠮᠡᠢ ᠶᠡᠭᠡ ᠠᠩᠵᠠᠭᠠᠷᠠᠳᠠᠭ ᠦᠭᠡᠢ ᠪᠠᠶᠢᠵᠠᠢ᠃ ᠪᠢᠷ ᠲᠠᠰᠬᠠᠯ ᠢᠶᠠᠨ ᠪᠤᠨᠲᠦ᠋ᠢᠲᠠᠯ᠎ᠠ ᠴᠢᠬᠢᠭᠰᠡᠨ ᠪᠤᠭᠴᠤᠨ ᠳᠠᠭᠠᠨ ᠲᠠᠷᠤᠭᠳᠠᠮ᠎ᠠ ᠴᠦ ᠬᠦᠪᠡᠭᠡ ᠬᠢᠵᠠᠭᠠᠷ ᠨᠢ ᠦᠯᠦ ᠬᠠᠷᠠᠭᠳᠠᠬᠤ ᠰᠤᠶᠤᠯ ᠤᠨ ᠲᠠᠯᠠᠢ ᠳᠤ ᠠᠩᠭᠠᠵᠦ ᠴᠠᠩᠭᠠᠭᠰᠠᠨ ᠮᠡᠲᠦ ᠤᠮᠪᠠᠭᠰᠠᠨ ᠪᠤᠷᠤ ᠬᠦᠥ ᠬᠠᠷᠢᠨ ᠡᠷᠳᠡᠮ ᠤᠨ ᠮᠦᠷ ᠢ ᠱᠠᠲᠦ ᠱᠠᠲᠦ ᠪᠠᠷ ᠦᠭᠰᠦᠭᠰᠡᠭᠡᠷ ᠦᠨᠦ ᠪᠤᠯᠬᠤ ᠳᠤ ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠳᠤ ᠳ᠋ᠤᠺᠲ᠋ᠤᠷ ᠴᠤᠯᠠ ᠬᠠᠮᠠᠭᠠᠯᠠᠴᠢᠬᠠᠭᠠᠳ ᠬᠦᠬᠡᠬᠤᠳᠠᠨ᠎ᠠ ᠠᠵᠢᠯ ᠤᠨ ᠭᠠᠷᠤᠭ᠎ᠠ ᠪᠠᠨ ᠠᠪᠤᠭᠰᠠᠨ ᠮᠦᠷᠲᠡᠭᠡᠨ ᠤᠷᠠᠨ ᠵᠤᠬᠢᠶᠠᠯ ᠤᠨ ᠬᠦᠷᠢᠶᠡᠨ ᠳᠤ ︽ᠤᠷᠬᠤᠲᠠᠢ ᠦᠬᠢᠨ︾ ᠬᠡᠬᠦ ᠨᠤᠮ ᠤᠨ ᠡᠵᠡᠨ ᠪᠤᠯᠵᠦ ᠤᠯᠠᠨ᠎ᠠ ᠱᠠᠭᠰᠢᠭᠳᠠᠵᠦ ᠶᠠᠪᠤᠨ᠎ᠠ ᠪᠢᠯᠠ᠃ ᠡᠨᠡ ᠵᠤᠨ ᠮᠠᠨ ᠤ ᠨᠤᠲᠤᠭ ᠲᠤ ᠪᠤᠷᠤᠭᠠᠨ ᠪᠠᠭᠠᠲᠠᠢ᠃ ᠢᠯᠡᠬᠦᠥ ᠬᠡᠳᠦᠨ ᠮᠦᠩᠬᠦ ᠲᠦᠬᠦᠷᠢᠭ ᠤᠯᠳᠠᠭ ᠴᠦ ᠪᠢᠯᠢᠥ ᠬᠡᠵᠦ ᠲᠠᠷᠢᠭᠰᠠᠨ ᠲᠠᠷᠢᠶ᠎ᠠ ᠮᠢᠨᠢ ᠬᠠᠳᠠᠵᠦ ᠭᠠᠩᠳᠠᠭᠠᠳ ᠤᠷᠭᠤᠴᠠ ᠨᠢ ᠮᠠᠭᠤᠳᠠᠭᠠᠳ ᠪᠤᠯᠬᠤ ᠦᠭᠡᠢ ᠪᠤᠯᠬᠤᠷ ᠤᠰᠤᠯᠠᠬᠤ ᠬᠡᠮᠡᠨ ᠬᠦᠳᠡᠭᠡ ᠭᠡᠷ ᠲᠡᠭᠡᠨ ᠬᠠᠷᠢᠭᠰᠠᠨ᠂ ᠳᠡᠬᠡᠵᠦ ᠠᠵᠢᠯ ᠤᠨ ᠵᠠᠪᠰᠠᠷ ᠲᠤ ᠡᠭᠡᠴᠢ ᠶᠢᠨ ᠳᠤ ᠲᠠᠪᠬᠢᠵᠦ ᠬᠦᠷᠦᠬᠡᠳ ︽ᠤᠷᠬᠤᠲᠠᠢ ᠦᠬᠢᠨ︾ ᠨᠤᠮ ᠢ ᠠᠪᠴᠢᠷᠠᠪᠠ᠃ ᠲᠠᠪᠢᠨ ᠲᠤᠯᠤᠭᠠᠨ ᠵᠤᠬᠢᠶᠠᠯ ᠲᠠᠢ ᠬᠤᠶᠠᠷ ᠵᠠᠭᠤ ᠲᠦᠴᠢᠨ ᠬᠤᠶᠠᠷ ᠬᠠᠭᠤᠳᠠᠰᠦ ᠪᠦᠬᠦᠢ ᠡᠨᠡ ᠨᠤᠮ ᠢ ᠤᠩᠰᠢᠭᠰᠠᠨ ᠤ ᠲᠠᠷᠠᠭ᠎ᠠ ᠤᠯᠠᠨ ᠤᠯᠠᠨ ᠭᠠᠶᠢᠬᠠᠰᠢ ᠲᠦᠷᠦᠭᠳᠡᠭᠰᠡᠨ ᠮᠢᠨᠢ ᠦᠨᠡᠨ ᠰᠢᠦ᠃
     ︽ᠲᠤᠷ᠎ᠠ ᠳᠤ ᠰᠢᠷ᠎ᠠ ᠦᠭᠡᠢ︾ ᠭᠡᠳᠡᠭ ᠢᠶᠠᠷ ᠰᠤᠷᠤᠭᠰᠠᠨ ᠮᠡᠳᠡᠯᠬᠡ ᠮᠢᠨᠢ ᠲᠤᠥᠷ᠎ᠠ ᠴᠦ ᠠᠵᠢᠯ ᠬᠦᠳᠡᠯᠮᠦᠷᠢ ᠶᠢᠨ ᠰᠡᠯᠡᠬᠦᠥ ᠴᠠᠭ ᠢᠶᠠᠷ ᠨᠤᠮ ᠰᠡᠳᠬᠦᠯ ᠢ ᠤᠯᠲᠠᠬᠤ ᠶᠢᠨ ᠬᠢᠷᠢ ᠪᠠᠷ ᠤᠩᠰᠢᠵᠦ ᠶᠠᠪᠤᠳᠠᠭ ᠪᠢ ᠬᠡᠷ ᠲᠡᠭᠡᠨ ᠬᠠᠷᠢᠵᠦ ᠢᠷᠡᠩᠬᠦᠳᠡ ᠪᠠᠨ ︽ᠤᠷᠬᠤᠲᠠᠢ ᠦᠬᠢᠨ︾ ᠨᠤᠮ ᠢ ᠤᠩᠰᠢᠭᠰᠠᠨ᠃ ᠴᠤᠬᠤᠮ ᠴᠦ ᠨᠢᠬᠡ ᠰᠢᠪᠲᠤᠷᠠᠳᠠᠯ᠎ᠠ ᠨᠢ ᠤᠩᠰᠢᠵᠦ ᠭᠠᠷᠤᠭᠰᠠᠨ᠃ ᠡᠭᠡᠯ ᠪᠤᠷᠤᠭᠵᠢᠭᠤᠨ ᠬᠡᠯᠡ ᠬᠡᠯᠡᠯᠬᠡ ᠲᠠᠢ᠂ ᠶᠡᠪ ᠶᠡᠷᠦᠮᠳᠡᠭ ᠦᠯᠢᠬᠡᠷ ᠰᠡᠳᠦᠪ ᠤᠳ ᠴᠦ ᠬᠡᠰᠡᠨ ᠤᠳᠠᠭ᠎ᠠ ᠪᠤᠯᠭᠠᠨ ᠤ ᠤᠩᠰᠢᠬᠤ ᠳᠤ ᠰᠢᠪ ᠰᠢᠨᠡᠷᠬᠡᠦ ᠰᠠᠨᠠᠭᠳᠠᠬᠤ ᠪᠦᠬᠡᠳ ᠶᠠᠭ ᠯᠠ ᠵᠤᠬᠢᠶᠠᠭᠴᠢ ᠲᠠᠢ ᠨᠢ ᠵᠡᠷᠭᠡᠴᠡᠨ ᠰᠠᠭᠤᠭᠠᠳ ᠦᠬᠡ ᠵᠤᠭᠤᠭ ᠲᠡᠯᠬᠡᠵᠦ ᠪᠠᠶᠢᠬᠤ ᠰᠢᠭ᠋ ᠲᠤᠲᠤᠨᠤᠬᠠᠨ᠃ ᠮᠢᠨᠤ ᠤᠩᠰᠢᠵᠦ ᠦᠩᠬᠡᠷᠡᠭᠰᠡᠨ ᠨᠤᠮ ᠤᠨ ᠲᠤᠲᠤᠷ᠎ᠠ ᠬᠠᠮᠤᠭ ᠠᠴᠠ ᠬᠤᠷᠳᠤᠨ ᠮᠦᠷᠲᠡᠭᠡᠨ ᠤᠯᠠᠨ ᠤᠩᠰᠢᠭᠰᠠᠨ ᠨᠢ ︽ᠤᠷᠬᠤᠲᠠᠢ ᠦᠬᠢᠨ︾ ᠪᠤᠯᠵᠠᠢ᠃ ᠬᠦᠳᠡᠯᠮᠦᠷᠢᠴᠢ ᠬᠦᠮᠦᠨ ᠳᠤ ᠬᠦᠨᠡᠰᠦ ᠢᠷᠡᠳᠡᠭ ᠬᠡᠵᠦ ᠮᠠᠨᠠᠶᠢᠬᠢᠨ ᠠᠵᠦ ᠠᠮᠢᠳᠤᠷᠠᠯ ᠳᠠᠭᠠᠨ ᠠᠯᠠᠩ ᠰᠠᠯᠡᠩ ᠬᠦᠮᠦᠨ ᠢ ᠦᠵᠡᠨ ᠶᠠᠳᠠᠵᠦ᠂ ᠠᠵᠢᠯ ᠬᠦᠳᠡᠯᠮᠦᠷᠢ ᠳᠡᠭᠡᠨ ᠰᠢᠭᠤᠷᠬᠠᠢ ᠮᠦᠷᠲᠡᠭᠡᠨ ᠪᠦᠲᠦᠮᠵᠢᠲᠡᠢ ᠬᠦᠮᠦᠨ ᠢ ᠪᠠᠭ᠋ᠠᠲᠤᠨ ᠰᠠᠶᠢᠰᠢᠶᠠᠳᠠᠭ᠃ ᠦᠨᠦ ᠦᠵᠡᠬᠦᠯ᠎ᠡ ᠮᠦ᠊ · ᠬᠤᠥᠰᠪᠠᠶᠠᠷ ᠮᠠᠨᠢ ᠶᠡᠭᠡ ᠬᠦᠳᠡᠯᠮᠦᠷᠢᠴᠢ ᠵᠠᠯᠠᠭᠤ ᠠᠵᠢ᠃ ᠡᠬᠦᠨ ᠢ ᠪᠢ ᠬᠡᠯᠡᠬᠡᠳ ᠲᠠ ᠰᠤᠨᠤᠰᠤᠭᠠᠳ ᠪᠤᠯᠳᠠᠭ ᠶᠠᠭᠤᠮ᠎ᠠ ᠪᠢᠰᠢ᠂ ᠬᠠᠷᠢᠨ ︽ᠤᠷᠬᠤᠲᠠᠢ ᠦᠬᠢᠨ︾ ᠨᠤᠮ ᠢ ᠤᠷᠪᠠᠭᠤᠯᠤᠭᠠᠳ ᠦᠵᠡᠪᠡᠯ ᠮᠡᠳᠡᠴᠢᠬᠡᠨ᠎ᠡ᠃
     ᠭᠤᠷᠪᠠᠭ᠋ᠠᠨ ᠵᠢᠯ ᠤᠨ ᠬᠤᠭᠤᠴᠠᠭᠠᠨ ᠳᠤ ᠲᠦᠴᠢᠬᠡᠳ ᠵᠤᠬᠢᠶᠠᠯ ᠢ ᠨᠠᠷᠢᠨ ᠰᠠᠶᠢᠬᠠᠨ ᠵᠤᠬᠢᠶᠠᠮᠵᠢᠯᠠᠨ ᠪᠦᠲᠦᠬᠡᠨ᠎ᠡ ᠬᠡᠳᠡᠭ ᠢ ᠬᠡᠨ ᠰᠤᠨᠤᠰᠪᠠᠴᠦ ᠭᠠᠶᠢᠬᠠᠰᠢ ᠲᠦᠷᠦᠮᠡᠷ᠃ ᠬᠡᠯᠡᠬᠦ ᠠᠴᠠ ᠨᠢᠳᠦᠨ ᠳᠤ ᠦᠵᠡᠭᠳᠡᠵᠦ ᠪᠠᠶᠢᠭ᠎ᠠ ᠨᠢ ᠡᠳᠦᠢ᠃ ᠴᠠᠭᠠᠨ᠎ᠠ ᠨᠢ ᠢᠯᠡᠷᠡᠭᠡ ᠦᠭᠡᠢ ᠪᠦᠲᠦᠬᠡᠯ ᠴᠤᠬᠤᠮ ᠬᠡᠳᠦᠢ ᠬᠡᠳᠡᠭ ᠢ ᠵᠢᠱᠢᠬᠦ ᠶᠢᠨ ᠠᠷᠭ᠎ᠠ ᠦᠭᠡᠢ᠃ ᠮᠦ᠊ · ᠬᠤᠥᠰᠪᠠᠶᠠᠷ ᠤᠨ ᠢᠶᠠᠨ ᠵᠠᠯᠠᠭᠤ ᠽᠠᠨᠳᠠᠨ ᠨᠠᠰᠤᠨ ᠳᠠᠭᠠᠨ ᠡᠶᠢᠨᠬᠦ ᠤᠶᠢᠭ᠎ᠠ ᠦᠭᠡᠢ ᠬᠦᠳᠡᠯᠮᠦᠷᠢᠯᠡᠨ ᠠᠮᠵᠢᠯᠲᠠ ᠪᠦᠲᠦᠬᠡᠯ ᠲᠦᠬᠦᠷᠡᠩ ᠶᠠᠪᠤᠭ᠎ᠠ ᠳᠤ ᠭᠠᠶᠢᠬᠠᠬᠤ ᠦᠭᠡᠢ ᠪᠠᠶᠢᠬᠤ ᠶᠢᠨ ᠠᠷᠭ᠎ᠠ ᠦᠭᠡᠢ᠃ ᠤᠯᠠᠩᠬᠢ ᠵᠤᠬᠢᠶᠠᠯᠴᠢᠳ ᠲᠤᠮᠤ ᠰᠡᠳᠦᠪ ᠲᠤ ᠰᠢᠪᠠᠷᠲᠠᠨ ᠤᠶᠢᠯᠡ ᠪᠠᠷᠠᠳᠠᠭ᠃ ᠬᠡᠬᠦ ᠳᠤ ᠮᠦ᠊ · ᠬᠤᠤᠰᠪᠠᠶᠠᠷ ᠬᠡᠨᠡᠨ ᠴᠠᠭᠠᠨ ᠬᠡᠥᠬᠡᠳ ᠨᠠᠰᠤᠨ ᠤ ᠪᠠᠨ ᠦᠯᠢᠬᠡᠷ ᠲᠤᠷᠠᠰᠤᠮᠵᠢ ᠪᠠᠨ ᠬᠡᠨᠡᠭ ᠦᠭᠡᠢ ᠶᠠᠷᠢᠴᠢᠬᠠᠭᠰᠠᠨ ᠲᠠᠷᠤᠥᠬᠠᠨ ᠶᠠᠪᠤᠨ᠎ᠠ᠃ ᠬᠡᠥᠬᠡᠳ ᠨᠠᠰᠤ ᠬᠡᠵᠦ ᠴᠡᠪᠡᠷ ᠴᠠᠶᠢᠯᠭᠠᠨ᠂ ᠭᠬᠢᠷ ᠦᠭᠡᠢ ᠰᠠᠶᠢᠬᠠᠨ ᠴᠠᠭ ᠦᠶ᠎ᠡ᠃ ︽ᠤᠷᠬᠤᠲᠠᠢ ᠦᠬᠢᠨ︾ ᠨᠤᠮ ᠳᠤ ᠴᠤᠪᠤᠭᠤ ᠴᠤᠯᠬᠢᠨ ᠬᠡᠥᠬᠡᠳ ᠨᠠᠰᠤᠨ ᠤ ᠦᠯᠢᠬᠡᠷ ᠵᠤᠭᠤᠭ ᠵᠤᠩᠬᠢᠯᠠᠬᠤ ᠳᠤᠭ᠎ᠠ ᠶᠢ ᠡᠵᠡᠯᠡᠴᠢᠬᠡᠭᠰᠡᠨ ᠡᠪ ᠡᠩ ᠤᠨ ᠦᠬᠡ ᠶᠠᠷᠢᠶ᠎ᠠ ᠪᠠᠷ ᠬᠦᠨ ᠬᠦᠨᠵᠠᠬᠡᠢ ᠤᠴᠢᠷ ᠤᠳᠬ᠎ᠠ ᠦᠬᠦᠯᠡᠴᠢᠬᠡᠬᠡᠳ ᠰᠡᠳᠬᠢᠯ ᠤᠨ ᠬᠦᠪᠴᠢ ᠶᠢ ᠡᠶᠢᠨᠬᠦ ᠲᠤᠷᠬᠢᠭᠤᠯᠵᠦ ᠴᠢᠳᠠᠭᠰᠠᠨ ᠳᠤ ᠨᠢ ᠭᠠᠶᠢᠬᠠᠰᠢᠷᠠᠨ ᠭᠠᠶᠢᠬᠠᠰᠢᠷᠠᠨ ᠰᠠᠭᠤᠨ᠎ᠠ᠃ ᠨᠠᠭᠤᠷ ᠲᠠᠭᠠᠨ ᠬᠤᠷᠭᠤᠳᠠᠵᠦ ᠨᠤᠭᠤᠰᠤ ᠨᠢ ᠡᠷᠭᠢᠴᠡᠳᠡᠭ ᠲᠠᠢ ᠠᠳᠠᠯᠢ ᠪᠠᠷ ᠨᠤᠲᠤᠭ ᠢᠶᠠᠨ ᠰᠠᠨᠠᠭᠠᠯᠵᠠᠵᠦ ᠡᠵᠡᠨ ᠨᠢ ᠮᠦᠷᠦᠭᠡᠳᠦᠨ ᠶᠠᠪᠤᠳᠠᠭ ᠰᠠᠨᠵᠠᠢ᠃ ᠦᠨᠳᠡᠶᠢᠮᠡᠭᠴᠡ ᠭᠠᠳᠠᠭᠰᠢ ᠶᠠᠪᠤᠴᠢᠬᠠᠭᠰᠠᠨ ᠮᠦ᠊ · ᠬᠤᠤᠰᠪᠠᠶᠠᠷ ᠮᠠᠨᠢ ᠨᠠᠰᠤ ᠨᠢ ᠨᠡᠮᠡᠭᠳᠡᠨ ᠨᠠᠮᠪᠠᠭ᠎ᠠ ᠨᠢ ᠰᠠᠭᠤᠭᠠᠳ ᠢᠷᠡᠬᠦᠯᠡᠷ ᠲᠦᠷᠦᠵᠦ ᠦᠰᠦᠭᠰᠡᠨ ᠨᠤᠲᠤᠭ ᠤᠰᠤ ᠨᠢ ᠪᠤᠳᠤᠯ ᠰᠡᠳᠬᠢᠯ ᠠᠴᠠ ᠨᠢ ᠭᠠᠷᠳᠠᠭ ᠦᠭᠡᠢ ᠪᠤᠯᠤᠯᠲᠠᠢ᠃ ᠲᠡᠭᠦᠨ ᠤ ᠤᠯᠠᠩᠬᠢ ᠵᠤᠬᠢᠶᠠᠯ ᠲᠠᠩᠲᠠ ᠨᠤᠲᠤᠭ ᠤᠰᠤᠨ ᠤ ᠬᠢᠨᠢ ᠠᠭᠤᠯᠠ ᠲᠤᠯᠤᠭᠠᠳ᠂ ᠲᠠᠯ᠎ᠠ ᠬᠦᠨᠲᠠᠢ᠂ ᠨᠠᠭᠤᠷ ᠭᠤᠥᠯ ᠤᠨ ᠨᠡᠷ᠎ᠡ ᠲᠠᠭᠤᠲᠠᠯᠭ᠎ᠠ ᠲᠤᠷᠠᠳᠤᠭᠲᠠᠭᠠᠳ ᠪᠠᠶᠢᠨ᠎ᠠ᠃ ᠬᠤᠰᠢᠭᠤᠮᠤᠲᠤ᠂ ᠴᠠᠭᠠᠨ ᠴᠢᠯᠠᠭᠤᠲᠤ᠂ ᠲᠠᠥᠯᠠᠶᠢᠲᠦ᠂ ᠬᠠᠬᠢᠷ ᠤᠨ ᠭᠤᠥᠯ ᠬᠡᠳ ᠤᠯᠠᠨ ᠤᠯᠠᠨ ᠭᠠᠵᠠᠷ ᠤᠨ ᠨᠠᠷᠠᠰ ᠰᠡᠳᠬᠢᠯ ᠳᠤ ᠲᠤᠯᠠᠭᠠᠬᠠᠨ ᠨᠢ ᠠᠷᠭ᠎ᠠ ᠦᠭᠡᠢ ᠤᠩᠰᠢᠭᠳᠠᠨ᠎ᠠ᠃
       ᠶᠠᠭ ᠦᠨᠡᠨ ᠢ ᠬᠡᠯᠡᠪᠡᠯ ᠪᠢ ᠬᠡᠳᠡᠭ ᠬᠤᠷᠢᠭᠠᠳ ᠵᠢᠯ ᠬᠤᠨᠢ ᠬᠠᠷᠢᠭᠤᠯᠵᠦ᠂ ᠠᠭᠤᠯᠠ ᠲᠠᠯ᠎ᠠ ᠪᠠᠷ ᠬᠦᠶᠦᠨ ᠬᠡᠰᠢᠭ ᠬᠡᠶᠢᠮᠦᠷᠢ ᠳᠤ ᠨᠢ ᠢᠪᠡᠭᠡᠭᠳᠡᠵᠦ ᠶᠠᠪᠤᠭᠰᠠᠨ ᠪᠤᠯᠪᠠᠴᠦ ᠡᠶᠢᠨᠬᠦ ᠨᠠᠷᠢᠨ ᠨᠢᠭᠲᠠ ᠪᠠᠷ ᠰᠡᠳᠬᠢᠯ ᠳᠡᠭᠡᠨ ᠲᠤᠭᠲᠠᠭᠠᠵᠦ ᠶᠠᠪᠤᠭ᠎ᠠ ᠦᠭᠡᠢ ᠰᠠᠨ᠃ ᠡᠭᠡᠴᠢ ᠮᠢᠨᠢ ︽ᠮᠠᠨ ᠤ ᠬᠦᠥ ᠤᠲᠠᠰᠤ ᠢᠷᠡᠬᠦ ᠪᠤᠯᠭᠠᠨ ᠳᠠᠭᠠᠨ ᠪᠤᠷᠤᠭᠠᠨ ᠲᠠᠢ ᠤᠤ ᠬᠡᠵᠦ ᠠᠰᠠᠭᠤᠳᠠᠭ︾ ᠬᠡᠵᠦ ᠶᠠᠷᠢᠵᠦ ᠪᠠᠶᠢᠭᠰᠠᠨ᠃ ︽ᠤᠷᠬᠤᠲᠠᠢ ᠦᠬᠢᠨ︾ ᠨᠤᠮ ᠤᠨ ᠲᠤᠳᠤᠷᠠᠬᠢ ᠲᠠᠪᠢᠭᠠᠳ ᠵᠤᠬᠢᠶᠠᠯ ᠤᠨ ᠲᠤᠲᠤᠷ᠎ᠠ ︽ᠴᠤᠷ ᠤᠨ ᠭᠠᠭᠴᠠ ᠤᠩᠰᠢᠭᠴᠢ︾᠂ ︽ᠪᠤᠷᠤᠭᠠᠨ ᠤ ᠵᠢᠷᠤᠭᠠᠴᠢ︾᠂ ︽ᠡᠭᠦᠯᠡᠨ ᠤ ᠲᠦᠬᠡᠷᠢᠯ︾ ᠁ ᠮᠡᠲᠦ ᠶᠢᠨ ᠠᠷᠪᠠᠨ ᠭᠤᠷᠪᠠᠨ ᠵᠤᠬᠢᠶᠠᠯ ᠳᠤ ᠪᠤᠷᠤᠭᠠᠨ ᠢ ᠪᠠᠭ᠋ᠠᠷᠬᠠᠭᠰᠠᠨ ᠪᠤᠶᠤ ᠮᠦᠷᠦᠭᠡᠳᠦᠭᠰᠡᠨ ᠲᠤᠬᠠᠢ ᠶᠠᠷᠢᠭᠳᠠᠨ᠎ᠠ᠃ ᠰᠡᠳᠬᠢᠯ ᠳᠤ ᠦᠭᠡᠢ ᠦᠬᠡ ᠠᠮᠠᠨ ᠠᠴᠠ ᠭᠠᠷᠬᠤ ᠶᠤᠰᠤ ᠦᠭᠡᠢ ᠬᠡᠳᠡᠭ ᠢᠶᠠᠷ ᠮᠠᠨ ᠤ ᠵᠠᠯᠠᠭᠤ ᠮᠠᠨᠢ ᠬᠦᠮᠦᠨ ᠤᠯᠠᠨ ᠨᠦᠭᠦᠴᠡᠯ ᠰᠠᠶᠢᠨ ᠲᠤᠮᠤ ᠬᠤᠲᠠᠨ᠎ᠠ ᠠᠯᠪᠠᠯᠠᠵᠦ ᠪᠠᠶᠢᠪᠠᠴᠦ ᠠᠷᠤ ᠬᠡᠷ ᠤᠨ ᠢᠶᠠᠨ ᠠᠳᠠᠯ ᠠᠮᠢᠳᠤᠷᠠᠯᠭ᠎ᠠ᠂ ᠠᠵᠢᠯ ᠬᠦᠳᠡᠯᠮᠦᠷᠢ ᠳᠤ ᠲᠠᠩᠳᠠ ᠰᠡᠳᠬᠢᠯ ᠠᠯᠭᠠᠰᠠᠵᠦ ᠶᠠᠪᠤᠭ᠎ᠠ ᠬᠡᠳᠡᠭ ᠨᠢ ᠭᠠᠷᠴᠠᠭ᠎ᠠ ᠦᠭᠡᠢ᠃ ᠲᠡᠬᠡᠬᠦ ᠳᠡᠭᠡᠨ ᠦᠵᠦᠭ ᠪᠢᠷ ᠤᠨ ᠲᠤᠥᠷ᠎ᠠ ᠪᠠᠨ ᠦᠷᠬᠦᠯᠵᠢ ᠪᠤᠷᠤᠭᠠᠨ ᠱᠠᠭᠠᠬᠢᠭᠤᠯᠤᠨ ᠪᠠᠶᠢᠳᠠᠭ ᠢ ᠨᠢ ᠪᠢᠰᠢᠷᠡᠬᠦ ᠶᠤᠮ ᠪᠢᠯᠡ᠃ ᠁ ᠲᠠᠷᠢᠶ᠎ᠠ ᠪᠠᠨ ᠲᠤᠯᠤᠭ᠎ᠠ ᠬᠤᠨᠤᠭ ᠤᠰᠤᠯᠠᠭᠠᠳ ᠶᠠᠭᠤ ᠴᠦ ᠬᠡᠰᠡᠨ ᠨᠢᠬᠡ ᠦᠵᠦᠬᠦᠷ ᠭᠠᠷᠭᠠᠵᠠᠢ ᠪᠢ᠃ ᠨᠠᠢᠮᠠᠳᠠᠬᠢ ᠡᠳᠦᠷ ᠤᠨ ᠦᠷᠯᠦᠬᠡᠬᠦᠷ ᠨᠢ ᠴᠢᠪᠠᠭ᠎ᠠ ᠲᠡᠰᠢ ᠶᠠᠪᠤᠬᠤ ᠪᠠᠷ ᠠᠶᠠᠨᠴᠢᠨ ᠤ ᠲᠡᠷᠭᠡᠨ ᠳᠤ ᠭᠠᠷᠪᠠ᠃ ᠮᠠᠨ ᠤ ᠠᠶᠢᠯ ᠳᠤ ᠠᠶᠠᠨᠴᠢᠨ ᠤ ᠮᠠᠰᠢᠨ ᠨᠡᠪᠲᠡᠷᠡᠭᠡᠳ ᠶᠠᠭ ᠰᠠᠶᠢᠬᠠᠨ ᠠᠷᠪᠠᠨ ᠵᠢᠯ ᠤᠨ ᠨᠢᠭᠤᠷ ᠢᠶᠠᠨ ᠦᠵᠡᠵᠦ ᠪᠠᠶᠢᠭ᠎ᠠ ᠶᠤᠮ᠃ ᠤᠷᠢᠳᠤ ᠳᠠᠭᠠᠨ ᠪᠤᠯ ᠬᠤᠷᠢ ᠭᠤᠴᠢᠨ ᠭᠠᠵᠠᠷ ᠵᠠᠮᠨᠠᠨ ᠪᠤᠯᠵᠤᠭ᠎ᠠ ᠪᠤᠶᠤ ᠵᠢᠭᠠᠰᠤᠲᠠᠢ ᠳᠤ ᠬᠦᠷᠴᠤ ᠬᠤᠰᠢᠭᠤ ᠤᠷᠤᠬᠤ ᠲᠡᠷᠭᠡ ᠶᠢ ᠬᠦᠯᠢᠶᠡᠵᠦ ᠰᠠᠭᠤᠳᠠᠭ ᠪᠠᠶᠢᠭᠰᠠᠨ᠃ ᠬᠡᠬᠦ ᠳᠤ ᠤᠳᠤ ᠬᠠᠷᠢᠨ ᠬᠡᠷ ᠠᠴᠠ ᠪᠠᠨ ᠭᠠᠷᠪᠠᠯ ᠲᠡᠷᠭᠡᠨ ᠳᠤ ᠭᠠᠷᠴᠢᠬᠠᠬᠤ ᠪᠤᠯᠴᠢᠬᠠᠵᠠᠢ᠃ ᠲᠡᠷᠭᠡᠨ ᠴᠤᠩᠬᠤ ᠪᠠᠷ ᠭᠠᠳᠠᠭᠰᠢ ᠬᠠᠷᠠᠪᠠᠯ᠂ ᠬᠠᠶᠠᠭ᠎ᠠ ᠬᠠᠶᠠᠭ᠎ᠠ ᠪᠠᠨ ᠲᠠᠷᠤᠵᠤ ᠰᠠᠭᠤᠭᠰᠠᠨ ᠠᠶᠢᠯ ᠤᠳ ᠮᠠᠯ ᠲᠠᠷᠢᠶᠠᠨ ᠳᠠᠭᠠᠨ ᠬᠡᠵᠦ ᠶᠠᠭᠠᠷᠠᠵᠦ ᠪᠠᠶᠢᠬᠤ ᠨᠢ ᠲᠤᠲᠤᠬᠠᠨ᠃ ᠤᠳᠤ ᠮᠢᠨᠦ ᠨᠤᠲᠤᠭ ᠢ ᠪᠤᠶᠢᠳᠠ ᠪᠦᠭᠯᠡᠬᠦᠥ ᠭᠠᠵᠠᠷ ᠬᠡᠵᠦ ᠬᠡᠯᠡᠬᠦ ᠬᠦᠮᠦᠨ ᠪᠠᠷᠤᠭ ᠪᠠᠶᠢᠬᠤ ᠦᠭᠡᠢ᠃ ᠤᠰᠤ ᠴᠠᠬᠢᠯᠭᠠᠨ᠂ ᠵᠠᠮ ᠨᠡᠪᠲᠡᠷᠡᠯᠬᠡ ᠪᠤᠰᠤᠳ ᠭᠠᠵᠠᠷ ᠠᠴᠠ ᠲᠡᠮᠡᠢ ᠲᠤᠲᠠᠬᠤ ᠦᠬᠡᠢ ᠪᠤᠯᠵᠦ᠂ ᠠᠷᠡᠳ ᠤᠯᠠᠨ ᠤ ᠦᠵᠡᠯᠲᠡ ᠲᠠᠨᠢᠯᠲᠠ ᠴᠦ ᠶᠡᠬᠡᠬᠡᠨ ᠲᠡᠭᠡᠭᠰᠢᠯᠡᠵᠦ ᠠᠵᠢᠯ ᠤᠨᠳᠤᠷᠤᠯᠭ᠎ᠠ ᠳᠠᠭᠠᠨ ᠬᠦᠴᠦᠯᠡᠨ ᠴᠢᠷᠮᠠᠶᠢᠨ ᠪᠠᠶᠠᠨ ᠴᠢᠨᠡᠬᠡᠯᠢᠭᠵᠢᠬᠦ ᠰᠠᠶᠢᠨ ᠰᠠᠶᠢᠬᠠᠨ ᠵᠠᠮ ᠢᠶᠠᠷ ᠵᠠᠮᠨᠠᠵᠠᠭᠠᠭᠰᠠᠨ ᠶᠤᠮ ᠪᠠᠶᠢᠨ᠎ᠠ᠃
      ᠲᠡᠭᠡᠲᠡᠯ᠎ᠡ ᠪᠤᠳᠤᠯ ᠰᠡᠳᠬᠢᠯ ᠳᠤ ᠨᠤᠲᠤᠭ ᠤᠰᠤᠨ ᠠᠴᠠ ᠮᠢᠨᠢ ᠭᠠᠷᠴᠦ ᠰᠤᠶᠤᠯ ᠰᠤᠷᠭᠠᠭᠤᠯᠢ ᠶᠢᠨ ᠮᠦᠷ ᠬᠦᠬᠡᠬᠡᠭᠰᠡᠨ ᠬᠡᠥᠬᠡᠳ ᠲᠡᠭᠦᠥᠨᠡᠷ ᠨᠢᠬᠡᠳ ᠨᠢᠬᠡ ᠪᠠᠷ ᠤᠷᠤᠭᠠᠳ ᠢᠷᠡᠯ᠎ᠡ ᠁  ᠪᠤᠷᠤᠨᠤᠳ ᠵᠢ᠊ · ᠠᠯᠲᠠᠨᠰᠠᠩ 



  
     
     