 

︽ᠬᠤᠷᠤᠭᠤ ᠰᠢᠯ ᠤᠨ ᠲᠤᠭᠤᠯ︾᠎ ᠢ ᠦᠢᠯᠡᠳᠪᠦᠷᠢᠵᠢᠭᠦᠯᠦᠨ ᠲᠥᠯᠵᠢᠭᠦᠯᠬᠦ ᠲᠤᠷᠰᠢᠯᠲᠠ ᠠᠮᠵᠢᠯᠲᠠ 

2018-01-10 15:42
  233
  0

      1 ᠰᠠᠷ᠎ᠠ ᠶᠢᠨ 6᠎ ᠤ ᠡᠳᠥᠷ᠂ ᠰᠤᠷᠪᠤᠯᠵᠢᠯᠠᠬᠴᠢ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠬᠤᠧᠠᠳᠤᠭᠤᠯ ᠠᠵᠤ ᠥᠢᠯᠡᠳᠪᠥᠷᠢ ᠶᠢᠨ ᠬᠥᠷᠢᠶᠡᠯᠡᠩ ᠲᠤᠭᠤᠷᠢᠬ ᠲᠤ ᠪᠠᠶᠢᠷᠢᠯᠠᠭ᠎ᠠ ᠥᠪᠤᠷ ᠮᠤᠩᠭᠤᠯ ᠤᠨ ᠬᠤᠷᠴᠢᠨ ᠮᠢᠬᠠᠨ ᠤ ᠥᠭᠡᠷ ᠤᠨ ᠥᠷ᠎ᠠ ᠶᠢᠨ ᠥᠢᠯᠡᠰ ᠤᠨ ᠬᠤᠪᠢ ᠤᠷᠤᠭᠤᠯᠤᠭᠰᠠᠨ ᠬᠢᠵᠠᠭᠠᠷᠳᠤ ᠺᠤᠮᠫᠠᠨᠢ ᠳᠤ ᠬᠥᠷᠬᠦ ᠳᠤ᠂ ᠲᠤᠰ ᠺᠤᠮᠫᠠᠨᠢ ᠶᠢᠨ ᠬᠥᠪᠥᠷᠡᠯ ᠰᠢᠯᠵᠢᠭᠦᠯᠬᠦ ᠲᠥᠪ ᠤᠨ ᠲᠥᠯ ᠤᠨ ᠬᠠᠰᠢᠶᠠᠨ ᠳᠤ ᠲᠦᠯᠯᠡᠭᠡᠳ ᠤᠳᠠᠭᠠᠳᠤᠢ 5 ᠤᠯᠠᠭᠠᠨ ᠠᠯᠠᠭ ᠲᠤᠭᠤᠯ ᠲᠤᠷᠨᠢᠭᠤᠨ ᠲᠤᠬᠯᠠᠵᠤ ᠪᠠᠶᠢᠯ᠎ᠠ᠃ ︽ᠡᠨᠡ 5 ᠲᠤᠭᠤᠯ ᠪᠤᠯ ᠴᠡᠪᠡᠷ ᠰᠢᠮᠧᠨ᠋ᠳᠡᠷ ᠤᠳᠤᠮ ᠤᠨ ᠲᠤᠭᠤᠯ ᠪᠤᠯᠤᠨ᠎ᠠ᠂ ᠮᠠᠨ ᠤ ᠺᠤᠮᠫᠠᠨᠢ ᠬᠢᠭᠡᠳ ᠳᠤᠮᠳᠠᠳᠤ ᠤᠯᠤᠰ ᠤᠨ ᠲᠠᠷᠢᠶᠠᠯᠠᠩ ᠤᠨ ᠶᠡᠭᠡ ᠰᠤᠷᠭᠠᠭᠤᠯᠢ ᠬᠠᠮᠳᠤᠪᠠᠷ ︿ᠬᠤᠷᠤᠭᠤ ᠰᠢᠯ ᠤᠨ ᠲᠤᠭᠤᠯ﹀᠎ ᠢ ᠦᠢᠯᠡᠳᠪᠦᠷᠢᠵᠢᠭᠦᠯᠦᠨ ᠲᠥᠯᠵᠢᠭᠦᠯᠬᠦ ᠲᠤᠷᠰᠢᠯᠲᠠ ᠬᠢᠵᠤ᠂ ᠠᠩᠬᠠᠳᠠᠬᠴᠢ ᠪᠥᠯᠥᠭ ᠲᠤ 23 ᠦᠨᠢᠶ᠎ᠠ ᠳᠤ ᠬᠥᠪᠥᠷᠡᠯ ᠰᠢᠯᠵᠢᠭᠦᠯᠥᠭᠡᠳ 7᠎ ᠨᠢ ᠭᠡᠭᠡᠯ ᠲᠤᠬᠲᠠᠵᠤ᠂ ᠤᠳᠤᠬᠠᠨ ᠳᠤ ᠨᠢᠭᠡᠨᠳᠡ 5᠎ ᠨᠢ ᠲᠥᠯᠯᠡᠵᠤ᠂ ᠨᠥᠭᠦᠭᠡ 2᠎ ᠨᠢ ᠪᠠᠰᠠ ᠤᠳᠠᠯ ᠥᠭᠡᠢ ᠲᠥᠯᠯᠡᠨ᠎ᠡ︾ ᠭᠡᠵᠤ ᠥᠪᠤᠷ ᠮᠤᠩᠭᠤᠯ ᠤᠨ ᠬᠤᠷᠴᠢᠨ ᠮᠢᠬᠠᠨ ᠤ ᠥᠭᠡᠷ ᠤᠨ ᠥᠷ᠎ᠠ ᠶᠢᠨ ᠥᠢᠯᠡᠰ ᠤᠨ ᠬᠤᠪᠢ ᠤᠷᠤᠭᠤᠯᠤᠬᠰᠠᠨ ᠬᠢᠵᠠᠭᠠᠷᠳᠤ ᠺᠤᠮᠫᠠᠨᠢ ᠶᠢᠨ ᠳᠡᠳ᠋ ᠶᠡᠷᠥᠩᠬᠡᠢ ᠳᠠᠭᠠᠭᠠᠮᠠᠯ ᠵᠠᠩ ᠶᠥᠩ ᠲᠤᠤ ᠲᠠᠨᠢᠯᠴᠠᠭᠤᠯᠵᠤ ᠪᠠᠶᠢᠯ᠎ᠠ᠃
      ︽ᠬᠤᠷᠤᠭᠤ ᠰᠢᠯ ᠤᠨ ᠲᠤᠭᠤᠯ︾ ᠭᠡᠳᠡᠭ ᠨᠢ ᠦᠨᠢᠶᠡᠨ ᠤ ᠪᠡᠶ᠎ᠡ ᠶᠢᠨ ᠭᠠᠳᠠᠨ᠎ᠠ ᠥᠷ᠎ᠡ ᠲᠤᠬᠳᠠᠭᠠᠬᠤ ᠮᠡᠷᠭᠡᠵᠢᠯ ᠢ ᠬᠡᠯᠡᠵᠤ ᠪᠤᠢ᠂ ᠲᠡᠷᠡ ᠨᠢ ᠦᠨᠳᠡᠬᠡᠨ ᠡᠰ ᠬᠠᠩᠭᠠᠬᠤ ᠥᠨᠢᠶ᠎ᠠ ᠶᠢᠨ ᠥᠨᠳᠡᠭᠡᠪᠴᠢ ᠠᠴᠠ ᠥᠨᠳᠡᠭᠡᠨ ᠡᠰ ᠴᠤᠬᠯᠠᠭᠤᠯᠤᠨ ᠪᠡᠶ᠎ᠡ ᠶᠢᠨ ᠭᠠᠳᠠᠨ᠎ᠠ ᠥᠷ᠎ᠡ ᠲᠤᠬᠳᠠᠭᠠᠵᠤ᠂ ᠲᠤᠷᠰᠢᠯᠲᠠ ᠶᠢᠨ ᠲᠠᠰᠤᠬ ᠲᠤ ᠰᠢᠯᠢᠳᠡᠭ ᠬᠥᠪᠥᠷᠡᠯ ᠢ ᠪᠥᠢᠵᠢᠭᠤᠯᠬᠤ ᠶᠢ ᠵᠢᠭᠠᠵᠤ ᠪᠠᠶᠢᠨ᠎ᠠ᠃ ᠦᠢᠯᠡᠳᠪᠦᠷᠢᠵᠢᠭᠦᠯᠦᠨ ᠲᠥᠯᠵᠢᠭᠦᠯᠬᠦ ᠭᠡᠳᠡᠭ ᠨᠢ ᠬᠠᠩᠭᠠᠬᠴᠢ ᠥᠨᠢᠶ᠎ᠠ ᠶᠢᠨ ᠥᠨᠳᠡᠭᠡᠨ ᠡᠰ ᠢᠯᠭᠠᠷᠠᠭᠤᠯᠬᠤ ᠬᠤᠭᠤᠴᠠᠭᠠᠨ ᠳᠤ ᠦᠯᠦ ᠬᠢᠵᠠᠭᠠᠷᠯᠠᠬᠳᠠᠨ ᠪᠠᠶ᠎ᠠ ᠶᠢᠨ ᠭᠠᠳᠠᠨ᠎ᠠ ᠪᠦᠭᠡᠮ ᠢᠶᠠᠷ ᠥᠢᠯᠡᠳᠪᠥᠷᠢᠵᠢᠭᠦᠯᠥᠨ ᠲᠥᠯᠵᠢᠭᠦᠯᠬᠦ ᠶᠢ ᠵᠢᠭᠠᠵᠤ᠂ ᠪᠤᠶᠢᠵᠢᠭᠤᠯᠤᠭᠰᠠᠨ ᠬᠥᠪᠥᠷᠡᠯ ᠢᠶᠠᠨ ᠨᠤᠲᠤᠬ ᠤᠨ ᠦᠨᠢᠶᠡᠨ ᠳᠤ ᠰᠢᠯᠵᠢᠭᠦᠯᠥᠨ᠂ ᠡᠯ᠎ᠡ ᠲᠥᠷᠥᠯ ᠤᠨ ᠴᠡᠪᠡᠷ ᠤᠳᠤᠮᠳᠤ ᠮᠢᠬᠠᠨ ᠤ ᠥᠭᠡᠷ ᠲᠥᠯᠵᠢᠭᠦᠯᠬᠦ ᠶᠢ ᠬᠡᠯᠡᠨ᠎ᠡ᠃ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ ︽ᠮᠢᠬᠠᠨ ᠤ ᠥᠭᠡᠷ ᠤᠨ ᠨᠤᠲᠤᠬ︾ ᠬᠡᠮᠡᠬᠦ ᠨᠡᠷ᠎ᠡ ᠲᠡᠮᠳᠡᠭ ᠢ ᠴᠢᠷᠮᠠᠶᠢᠨ ᠡᠭᠦᠳᠴᠥ ᠪᠤᠢ᠃ ᠲᠤᠰ ᠬᠤᠰᠢᠭᠤᠨ ᠤ ᠮᠠᠯ ᠠᠵᠤ ᠠᠬᠤᠢ ᠶᠢᠨ ᠳᠠᠭᠠᠭᠤᠯᠤᠬᠴᠢ ᠠᠵᠤ ᠠᠬᠤᠢᠢᠯᠠᠯ ᠪᠤᠯᠤᠬᠰᠠᠨ ᠤ ᠬᠤᠪᠢ ᠳᠤ᠂ 2017 ᠤᠨ ᠤ 3 ᠰᠠᠷ᠎ᠠ ᠠᠴᠠ ᠡᠬᠢᠯᠡᠨ᠂ ᠥᠪᠤᠷ ᠮᠤᠩᠭᠤᠯ ᠤᠨ ᠬᠤᠷᠴᠢᠨ ᠮᠢᠬᠠᠨ ᠤ ᠥᠭᠡᠷ ᠤᠨ ᠥᠷ᠎ᠠ ᠶᠢᠨ ᠥᠢᠯᠡᠰ ᠤᠨ ᠬᠤᠪᠢ ᠤᠷᠤᠭᠤᠯᠤᠭᠰᠠᠨ ᠬᠢᠵᠠᠭᠠᠷᠳᠤ ᠺᠤᠮᠫᠠᠨᠢ ᠳᠤᠮᠳᠠᠳᠤ ᠤᠯᠤᠰ ᠤᠨ ᠲᠠᠷᠢᠶᠠᠯᠠᠩ ᠤᠨ ᠶᠡᠭᠡ ᠰᠤᠷᠭᠠᠭᠤᠯᠢ ᠲᠠᠢ ᠬᠠᠮᠳᠤ ︽ᠬᠤᠷᠤᠭᠤ ᠰᠢᠯ ᠤᠨ ᠲᠤᠭᠤᠯ︾᠎ ᠢ ᠥᠢᠯᠡᠳᠪᠥᠷᠢᠵᠢᠭᠦᠯᠥᠨ ᠲᠥᠯᠵᠢᠭᠦᠯᠬᠦ ᠢᠨᠵᠧᠨᠧᠷᠢᠩ ᠤᠨ ᠰᠤᠳᠤᠯᠤᠯᠲᠠ ᠶᠢ ᠥᠷᠨᠢᠭᠦᠯᠵᠤ᠂ ᠠᠦ᠋ᠰᠲᠷᠡᠯᠢᠶ᠎ᠠ ᠶᠢᠨ ᠥᠨᠢᠶ᠎ᠡ ᠪᠠᠷ ᠥᠨᠳᠡᠭᠡᠨ ᠡᠰ ᠤᠨ ᠬᠠᠩᠭᠠᠬᠴᠢ ᠪᠡᠶ᠎ᠡ ᠪᠤᠯᠭᠠᠨ OPU ᠪᠡᠶ᠎ᠡ ᠶᠢᠨ ᠭᠠᠳᠠᠨ᠎ᠠ ᠬᠥᠪᠥᠷᠡᠯ ᠪᠤᠶᠢᠵᠢᠭᠤᠯᠪᠠ᠂ ᠡᠶᠢᠨᠬᠦ 2017 ᠤᠨ ᠤ ᠡᠴᠥᠰ ᠪᠤᠯᠳᠠᠯ᠎ᠠ ᠨᠡᠶᠢᠳᠡ 118 ᠰᠢᠷᠬᠡᠭ ᠪᠡᠶ᠎ᠡ ᠶᠢᠨ ᠭᠠᠳᠠᠨᠠᠬᠢ ᠬᠥᠪᠥᠷᠡᠯ ᠢ ᠠᠮᠵᠢᠯᠲᠠ ᠲᠠᠢ ᠪᠥᠢᠵᠢᠭᠤᠯᠪᠠ᠃
        ︽ᠬᠤᠷᠤᠭᠤ ᠰᠢᠯ ᠤᠨ ᠲᠤᠭᠤᠯ︾᠎ ᠢ ᠥᠢᠯᠡᠳᠪᠥᠷᠢᠵᠢᠭᠦᠯᠤᠨ ᠲᠥᠯᠵᠢᠭᠦᠯᠬᠦ ᠮᠡᠷᠭᠡᠵᠢᠯ ᠤᠯᠤᠰ ᠤᠨ ᠭᠠᠳᠠᠭᠠᠳᠤ ᠳᠤ ᠪᠠᠶᠢᠬᠤ ᠠᠴᠠ ᠪᠢᠰᠢ ᠬᠠᠷᠢᠨ ᠮᠠᠨ ᠤ ᠤᠯᠤᠰ ᠲᠤ ᠬᠠᠷᠠᠬᠠᠨ ᠦᠭᠡᠢ ᠪᠠᠶᠢᠪᠠ᠃ ᠥᠪᠤᠷ ᠮᠤᠩᠭᠤᠯ ᠤᠨ ᠬᠤᠷᠴᠢᠨ ᠮᠢᠬᠠᠨ ᠤ ᠥᠭᠡᠷ ᠤᠨ ᠥᠷ᠎ᠠ ᠶᠢᠨ ᠥᠢᠯᠡᠰ ᠤᠨ ᠬᠤᠪᠢ ᠤᠷᠤᠭᠤᠯᠤᠭᠰᠠᠨ ᠬᠢᠵᠠᠭᠠᠷᠳᠤ ᠺᠤᠮᠫᠠᠨᠢ ᠶᠢᠨ ᠡᠨᠡᠬᠦ ᠠᠮᠵᠢᠯᠳᠠ ᠲᠠᠢ ᠲᠤᠷᠰᠢᠯᠳᠠ ᠨᠢ ᠪᠥᠬᠦ ᠤᠯᠤᠰ ᠤᠨ ᠬᠡᠪᠴᠢᠶᠠᠨ ᠤ ᠲᠤᠰ ᠬᠥᠷᠢᠶ᠎ᠡ ᠴᠠᠷᠠᠭ᠎ᠠ ᠳᠠᠬᠢ ᠬᠤᠭᠤᠰᠤᠨ ᠢ ᠨᠦᠬᠦᠪᠦᠷᠢᠯᠡᠵᠡᠢ᠃ ︽ᠬᠤᠷᠤᠭᠤ ᠰᠢᠯ ᠤᠨ ᠲᠤᠭᠤᠯ ︾᠎ ᠢ ᠥᠢᠯᠡᠳᠪᠥᠷᠢᠵᠢᠭᠦᠯᠥᠨ ᠲᠥᠯᠵᠢᠭᠦᠯᠬᠦ ᠨᠢ ᠰᠢᠯᠢᠳᠡᠭ ᠥᠨᠢᠶ᠎ᠡ ᠶᠢᠨ ᠭᠧᠨ ᠢ ᠭᠥᠢᠴᠡᠳ ᠠᠰᠢᠬᠯᠠᠨ ᠡᠭᠦᠯᠳᠡᠷ ᠰᠠᠶᠢᠵᠢᠷᠠᠭᠤᠯᠬᠤ ᠠᠯᠬᠤᠮ ᠢ ᠲᠥᠷᠭᠡᠳᠭᠡᠬᠦ ᠪᠠᠷ ᠪᠠᠷᠠᠬᠤ ᠥᠭᠡᠢ᠂ ᠪᠠᠰᠠ ᠥᠪᠡᠷ ᠤᠨ ᠥᠷᠳᠡᠭ ᠢ ᠶᠡᠭᠡ ᠬᠡᠮᠵᠢᠶ᠎ᠡ ᠪᠠᠷ ᠪᠠᠭᠤᠷᠠᠭᠤᠯᠵᠤ᠂ ᠡᠭᠦᠯᠳᠡᠷ ᠪᠤᠶᠢᠵᠢᠭᠤᠯᠬᠤ ᠥᠶ᠎ᠡ ᠶᠢᠨ ᠬᠤᠭᠤᠷᠤᠨᠳᠥᠬᠢ ᠵᠠᠪᠰᠠᠷᠳᠠᠯ ᠢ ᠪᠤᠭᠤᠨᠢᠰᠬᠠᠨ᠂ ᠰᠢᠨᠵᠢᠯᠡᠬᠦ ᠤᠬᠠᠭᠠᠨ ᠮᠡᠷᠭᠡᠵᠢᠯ ᠢ ᠥᠢᠯᠡᠳᠪᠥᠷᠢᠯᠡᠯ ᠤᠨ ᠬᠥᠴᠥᠨ ᠪᠤᠯᠭᠠᠨ ᠬᠤᠪᠢᠷᠠᠭᠤᠯᠬᠤ  ᠎ ᠶᠢ ᠪᠡᠶᠡᠯᠡᠭᠦᠯᠬᠦ ᠪᠤᠯᠤᠨ᠎ᠠ᠃ ᠤᠳᠤᠬᠠᠨ ᠳᠤ᠂ ᠲᠤᠰ ᠺᠤᠮᠫᠠᠨᠢ ᠶᠢᠨ ᠥᠭᠡᠷ ᠤᠨ ᠲᠤᠭ᠎ᠠ 465 ᠪᠤᠢ᠂ ᠡᠭᠦᠨ ᠳᠤ 128 ᠪᠤᠬ᠎ᠠ᠂ ᠠᠦ᠋ᠰᠲᠷᠡᠯᠢᠶ᠎ᠠ ᠶᠢᠨ 54 ᠬᠠᠩᠭᠠᠬᠴᠢ ᠥᠨᠢᠶ᠎ᠡ᠂ 100 ᠪᠡᠯᠡᠳᠭᠡᠯ ᠥᠭᠡᠷ᠂ 210 ᠬᠠᠩᠭᠠᠬᠳᠠᠬᠴᠢ ︵ᠬᠦᠷᠲᠡᠭᠴᠢ︶ ᠨᠤᠲᠤᠬ ᠤᠨ ᠥᠨᠢᠶ᠎ᠡ ᠳᠡᠵᠢᠭᠡᠵᠤ ᠪᠤᠢ᠃ ᠳᠠᠷᠠᠭᠠᠴᠢ ᠶᠢᠨ ᠠᠯᠬᠤᠮ ᠳᠤ᠂ ᠭᠤᠤᠯᠳᠠᠭᠤ OPU ᠪᠡᠶ᠎ᠡ ᠶᠢᠨ ᠭᠠᠳᠠᠨ᠎ᠠ ᠬᠥᠪᠥᠷᠡᠯ ᠪᠤᠶᠢᠵᠢᠭᠤᠯᠬᠤ ᠬᠡᠪᠴᠢᠶ᠎ᠡ ᠪᠠᠨ ᠥᠷᠭᠡᠳᠭᠡᠵᠤ᠂ ᠰᠢᠨ᠎ᠡ ᠵᠢᠯ ᠳᠤ 200᠎ ᠠᠴᠠ 250 ᠬᠥᠪᠥᠷᠡᠯ ᠪᠥᠢᠵᠢᠭᠤᠯᠤᠨ᠂ 100᠎ ᠠᠴᠠ 150 ︽ᠬᠤᠷᠤᠭᠤ ᠰᠢᠯ ᠤᠨ ᠲᠤᠭᠤᠯ︾᠎ ᠢ ᠥᠢᠯᠡᠳᠪᠥᠷᠢᠵᠢᠭᠦᠯᠥᠨ ᠲᠥᠯᠵᠢᠭᠦᠯᠵᠤ᠂ ᠮᠢᠬᠠᠨ ᠤ ᠥᠭᠡᠷ ᠤᠨ ᠠᠵᠤ ᠥᠢᠯᠡᠰ ᠤᠨ ᠮᠡᠷᠭᠡᠵᠢᠯ ᠤᠨ ᠰᠢᠨ᠎ᠡ ᠡᠭᠦᠳᠥᠯᠳᠡ ᠶᠢ ᠪᠡᠶᠡᠯᠡᠭᠦᠯᠬᠦ ᠪᠠᠷ ᠲᠥᠯᠥᠪᠯᠡᠵᠤ ᠪᠤᠢ᠃  ᠪᠤᠤ ᠴᠢᠩ ᠱᠧᠩ 



  
     
     