

ᠭᠠᠭᠴᠠ ᠮᠣᠳᠣᠨ ᠬᠦᠭᠦᠷᠭᠡ

2015-08-14 12:32
  900
  0
        ᠭᠠᠭᠴᠠ ᠮᠣᠳᠣᠨ ᠬᠥᠭᠦᠷᠭᠡ
 ᠴᠡᠯᠮᠡᠭ ᠲᠡᠭᠷᠢ  ᠶᠢᠨ ᠴᠡᠯᠡᠭᠡᠷ ᠲᠠᠯ᠎ᠠ ᠶᠢ ᠪᠠᠷᠠᠯᠠᠨ ᠰᠠᠯᠬᠢ ᠰᠥᠷᠦᠨ ᠶᠠᠪᠣᠨ᠎ᠠ ᠃ ᠳᠡᠷᠡᠰᠦᠨ ᠦ ᠨᠠᠮᠠᠭ᠎ᠠ ᠰᠠᠯᠠᠭ᠎ᠠ ᠰᠠᠯᠬᠢᠨ ᠤ ᠨᠠᠶᠢᠭᠣᠯᠵᠠᠨ ᠭᠠᠩᠭᠣᠵᠦ ᠪᠠᠶᠢᠨ᠎ᠠ ᠃ ᠲᠡᠷᠡ ᠬᠣᠯᠠ ᠲᠡᠭᠷᠢ ᠶᠢᠨ ᠬᠢᠵᠠᠭᠠᠷ ᠨᠠᠯᠣᠶᠢᠨ ᠴᠡᠩᠬᠡᠷᠯᠡᠭᠡᠳ ᠂ ᠬᠦᠪᠡᠭᠡ ᠬᠢᠵᠠᠭᠠᠷ ᠦᠭᠡᠢ ᠳᠡᠷᠡᠰᠦᠲᠦ ᠲᠠᠯ᠎ᠠ ᠨᠠᠯᠣᠶᠢᠨ ᠰᠢᠷᠠᠯᠠᠨ ᠂ ᠵᠦᠭᠡᠯᠡᠨ ᠰᠠᠯᠬᠢᠨ  ‍ᠣ ᠰᠡᠪᠢᠯᠭᠡᠨ ᠃ ᠲᠦᠷ ᠴᠠᠭ ᠴᠦ ᠭᠡᠰᠡᠨ ᠬᠠᠪᠣᠷ᠎ᠠ ᠶᠢᠨ ᠣᠶᠢᠳᠬᠠᠷ ᠭᠤᠨᠢᠭ ᠂ ᠪᠣᠳᠣᠯ ᠂ ᠰᠠᠨᠠᠯ ᠂ ᠡᠷᠬᠢᠴᠡᠭᠦᠯᠦᠯ ᠢ ᠦᠯᠳᠡᠨ ᠠᠪᠠᠴᠢᠵᠦ ᠂ ᠰᠡᠳᠬᠢᠯ ᠰᠠᠨᠠᠭ᠎ᠠ ᠶᠢ ᠨᠢ ᠪᠠᠶᠠᠰᠬᠠᠵᠦ ᠶᠠᠪᠣᠨ᠎ᠠ ᠃ ᠡᠭᠦᠨ ‍ᠣ ᠬᠠᠮᠲᠦ ᠬᠠᠪᠣᠷ᠎ᠠ ᠦᠪᠡᠷ ᠢ ᠪᠡᠨ ᠪᠠᠭ᠎ᠠ ᠬᠡᠦᠬᠡᠳ ᠪᠢᠰᠢ ᠭᠡᠳᠡᠭ ᠢ ᠮᠡᠳᠡᠷᠡᠬᠦ ᠪᠣᠯᠣᠭᠰᠠᠨ ᠲᠡᠭᠦᠨ ‍ᠣ ᠪᠣᠳᠣᠯ ᠰᠡᠳᠬᠢᠯ ᠭᠡᠷᠡᠴᠢᠯᠡᠵᠦ ᠴᠢᠳᠠᠨ᠎ᠠ ᠃
 ᠶᠠᠪᠣᠭᠰᠠᠭᠠᠷ ᠂ ᠶᠠᠪᠣᠭᠰᠠᠭᠠᠷ ᠂ ᠨᠢᠭᠡ ᠮᠡᠳᠡᠬᠦ ᠳ᠋ᠦ ᠭᠠᠭᠴᠠ ᠮᠣᠳᠣᠨ ᠬᠥᠭᠦᠷᠭᠡ ᠲᠠᠢ ᠭᠣᠣᠯ ᠤᠨ ᠬᠦᠪᠡᠭᠡᠨ ᠳ᠋ᠦ ᠢᠷᠡᠴᠢᠬᠡᠭᠰᠡᠨ ᠪᠠᠶᠢᠪᠠ ᠃ ᠬᠠᠪᠣᠷ᠎ᠠ ᠭᠣᠣᠯ ᠤᠨ ᠡᠷᠬᠢᠨ ᠳ᠋ᠦ ᠣᠴᠢᠨ ᠰᠠᠭᠣᠯ᠎ᠠ ᠃ ᠭᠠᠭᠴᠠ ᠮᠣᠳᠣᠨ ᠬᠦᠭᠦᠷᠭᠡ ᠬᠠᠪᠣᠷ᠎ᠠ ᠳ᠋ᠦ ᠲᠡᠭᠷᠢ ᠡᠴᠡ ᠡᠯᠭᠦᠭᠡᠰᠦᠲᠠᠢ ᠨᠠᠷᠢᠨ ᠣᠳᠠᠰᠦ ᠰᠢᠭ᠋ ᠠᠶᠣᠮᠰᠢᠭᠲᠠᠢ ᠬᠠᠷᠠᠭᠳᠠᠨ᠎ᠠ ᠃
 ᠭᠠᠭᠴᠠ ᠮᠣᠳᠣᠨ ᠬᠦᠭᠦᠷᠭᠡ᠎᠎᠎᠎ — ᠪᠦᠷ ᠲᠠᠨ ᠠᠴᠠ ᠪᠣᠯᠣᠠᠭᠰᠠᠨ ᠂ ᠲᠠ ᠪᠠᠶᠢᠬᠣ ᠦᠭᠡᠢ ᠪᠣᠯ ᠡᠨ᠋ᠨ ᠡᠳᠦᠷ ᠦᠨ ᠪᠣᠳᠣᠯ ᠰᠡᠳᠬᠢᠯ ᠨᠠᠳᠠ ᠣᠷᠣᠰᠢᠬᠣ ᠦᠭᠡᠢ ᠭᠡᠵᠦ ᠬᠠᠪᠣᠷ᠎ᠠ ᠪᠣᠳᠣᠨ᠎ᠠ ᠃
 ᠨᠠᠮᠣᠷ ᠤᠨ ᠦᠷᠯᠥᠭᠡ ᠂ ᠰᠠᠨᠳᠣᠣ ᠮᠦᠷᠦᠯᠡᠭᠰᠡᠨ ᠂ ᠳᠣᠭᠣᠢ ᠵᠢᠳᠬᠦᠭᠰᠡᠨ ᠂ ᠪᠣᠭᠴᠣ ᠲᠠᠢ ᠂ ᠪᠣᠭᠴᠣ ᠦᠭᠡᠢ ᠶᠠᠪᠠᠭᠠᠨ ᠬᠦᠮᠦᠰ ᠭᠠᠭᠴᠠ ᠮᠣᠳᠣᠨ ᠬᠦᠭᠦᠷᠭᠡᠨ ᠳᠡᠷᠭᠡᠲᠡ ᠠᠪᠠᠭᠠᠷᠠᠯᠳᠣᠨ᠎ᠠ ᠃ ᠡᠨ᠋ᠨ ᠭᠠᠵᠠᠷ ᠤᠨ ᠬᠠᠰᠢᠯᠭᠠᠲᠦ ᠬᠦᠭᠦᠷᠭᠡ ᠨᠢ ᠦᠶᠡᠷ ᠲᠦ ᠠᠪᠠᠲᠠᠭᠰᠠᠨ ᠠᠴᠠ ᠬᠣᠶᠢᠰᠢ ᠭᠠᠭᠴᠠ ᠮᠣᠳᠣᠨ ᠬᠦᠭᠦᠷᠭᠡ ᠲᠠᠯᠪᠢᠨ ᠶᠠᠪᠠᠭᠠᠨ ᠬᠦᠮᠦᠰ ᠵᠦᠷᠢᠯᠳᠦᠳᠡᠭ ᠪᠣᠯᠵᠠᠢ ᠃ ᠬᠡᠳᠦᠶᠢᠪᠡᠷ ᠬᠣᠶᠠᠷ ᠬᠦᠮᠦᠨ ᠵᠡᠷᠭᠡᠴᠡᠵᠦ ᠶᠠᠪᠣᠮᠠᠷ ᠦᠷᠭᠡᠨ ᠪᠠᠶᠢᠳᠠᠭ ᠴᠦ ᠵᠢᠷᠦᠭᠡ ᠪᠠᠭ ᠲᠠᠢ ᠡᠮᠡᠭᠲᠠᠶᠢᠴᠣᠣᠳ ᠬᠡᠦᠬᠡᠨᠴᠦᠳ ᠡᠭᠦᠨ ᠢᠶᠡᠷ ᠦᠩᠭᠡᠷᠡᠬᠦ ᠳᠡᠬᠡᠨ ᠵᠢᠷᠦᠬᠡ ᠪᠠᠨ ᠭᠠᠷ ᠳᠠᠭᠠᠨ ᠪᠠᠷᠢᠳᠠᠭ ᠪᠠᠶᠢᠵᠠᠢ ᠃
 ᠬᠦᠮᠦᠰ ᠬᠣᠶᠢᠨ᠎ᠠ ᠬᠣᠶᠢᠨ᠎ᠠ ᠠᠴᠠ ᠴᠣᠪᠣᠷᠠᠯᠳᠦᠨ ᠶᠠᠪᠣᠭᠰᠠᠭᠠᠷ ᠬᠠᠪᠣᠷ᠎ᠠ ᠶᠢᠨ ᠳᠡᠭᠡᠷ᠎ᠡ ᠬᠦᠷᠴᠦ ᠢᠷᠠᠵᠠᠢ ᠃ ᠭᠣᠣᠯ ᠤᠨ ᠣᠰᠦ ᠶᠢ ᠬᠠᠷᠠᠬᠤ ᠠᠴᠠ ᠬᠠᠪᠣᠷ᠎ᠠ ᠶᠢᠨ ᠲᠣᠯᠣᠭᠠᠢ ᠡᠷᠬᠢᠬᠦ ᠰᠢᠭ ᠪᠣᠯᠵᠦ ᠬᠠᠵᠠᠭᠣᠳᠠᠬᠢ ᠬᠦᠮᠦᠰ ᠲᠦ ᠄ ︽ ᠪᠢ ᠶᠠᠪᠣᠬᠣ ᠦᠭᠡᠢ ᠯᠠ ︾ ᠭᠡᠵᠦ ᠬᠡᠯᠡᠬᠦᠯᠡᠷ ᠠᠶᠢᠯ ᠤᠨ ᠠᠬᠠᠰ ᠵᠠᠬᠠᠰ ᠨᠢ ᠄ ︽ ᠬᠠᠮᠢᠭ᠎ᠠ ᠦᠭᠡᠢ ᠶᠤᠮ ᠂ ᠬᠦᠮᠦᠨ ᠭᠠᠷᠴᠦ ᠯᠠ ᠪᠠᠶᠢᠬᠣ ᠦᠭᠡᠢ ᠦᠦ ︖ ᠨᠠᠮᠣᠷ ᠤᠨ ᠡᠪᠡᠰᠦ ᠣᠷᠣᠶᠢᠲᠠᠯ᠎ᠠ ᠭᠡᠭᠰᠡᠭᠡᠷ ᠬᠠᠷ᠎ᠠ ᠶᠠᠷᠰᠢᠭ ᠰᠢᠦ ︕ ︾ ᠭᠡᠨ᠎ᠡ ᠃
 ᠦᠨᠡᠬᠡᠷ ᠡ ︕ ᠡᠪᠡᠰᠦ ᠣᠷᠣᠶᠢᠲᠠᠯ᠎ᠠ ᠭᠡᠭᠰᠡᠭᠡᠷ ᠨᠠᠮᠣᠷ ᠤᠨ ᠠᠵᠢᠯ ᠣᠷᠣᠶᠢᠲᠠᠯ᠎ᠠ ᠭᠡᠰᠡᠨ ᠦᠭᠡ ᠃
  ᠬᠠᠪᠣᠷ᠎ᠠ ᠵᠣᠷᠢᠭᠯᠠᠨ ᠳᠣᠭᠣᠢ ᠪᠠᠨ ᠲᠦᠯᠬᠢᠨ ᠬᠦᠭᠦᠷᠭᠡᠨ ᠳᠡᠭᠡᠷ᠎ᠡ ᠭᠠᠷᠪᠠ ᠃ ᠵᠢᠷᠦᠬᠡᠨ ᠴᠣᠬᠢᠯᠭ᠎ᠠ ᠨᠢ ᠬᠦᠴᠦᠲᠠᠶᠢᠬᠡᠨ ᠰᠣᠨᠣᠰᠳᠠᠨ᠎ᠠ ᠃ ᠬᠡᠳᠦᠬᠡᠨ ᠠᠯᠬᠣᠮ ᠶᠠᠪᠣᠭᠰᠠᠨ ᠦᠭᠡᠢ ᠬᠦᠭᠦᠷᠭᠡ ᠪᠦᠷ ᠳᠠᠶᠢᠪᠠᠯᠵᠠᠬᠣ ᠰᠢᠭ᠋ ᠪᠣᠯᠪᠠ ᠃ ᠬᠡᠳᠦᠨ ᠠᠯᠢᠶ᠎ᠠ ᠵᠠᠯᠠᠭᠣ: ︽ ᠬᠦᠢ ᠂ ᠣᠶᠢᠴᠢᠯ᠎ᠠ ᠂ ᠣᠶᠢᠴᠢᠯ᠎ᠠ ︾ ᠭᠡᠵᠦ ᠢᠨᠢᠶᠡᠯᠳᠦᠬᠦ ᠶᠤᠮ ᠃ ᠬᠠᠪᠣᠷ᠎ᠠ ᠪᠦᠷ ᠨᠢᠭᠡ ᠠᠯᠬᠣᠮ ᠴᠦ ᠣᠷᠣᠭᠰᠢᠯᠠᠵᠦ ᠳᠡᠶᠢᠯᠬᠦ ᠦᠭᠡᠢ ᠪᠣᠯᠵᠦ ᠳᠣᠭᠣᠢ ᠪᠠᠨ ᠲᠦᠰᠢᠨ ᠵᠣᠭᠰᠣᠯ᠎ᠠ ᠃ ᠬᠠᠪᠣᠷ᠎ᠠ ᠳ᠋ᠦ ᠶᠠᠭ ᠯᠠ ᠠᠰᠬ᠎ᠠ ᠬᠠᠳᠠ ᠠᠴᠠ ᠳᠡᠭᠦᠵᠢᠯᠡᠭᠳᠡᠭᠰᠡᠨ ᠰᠢᠭ ᠲᠦᠭᠰᠢᠭᠦᠷᠢᠲᠠᠢ ᠰᠠᠨᠠᠭᠳᠠᠪᠠ ᠃
 ᠡᠮᠦᠨ᠎ᠡ ᠶᠠᠪᠣᠵᠦ ᠪᠠᠶᠢᠭᠰᠠᠨ ᠰᠦᠮᠪᠦᠷ ᠢ ᠳᠠᠭᠣᠳᠠᠭᠰᠠᠨ ᠴᠦ ᠲᠡᠷᠡ ᠰᠣᠨᠣᠰᠣᠭᠰᠠᠨ ᠦᠭᠡᠢ ᠰᠢᠭ᠋ ᠬᠡᠭᠡᠷ᠎ᠡ ᠲᠠᠯ᠎ᠠ ᠶᠠᠪᠣᠭ᠎ᠠ ᠰᠢᠭ ᠲᠡᠨᠢᠭᠦᠨ ᠠᠯᠬᠣᠨ ᠶᠠᠪᠤᠵᠦ ᠣᠳᠴᠠᠢ ᠃ ︽ᠰᠦᠮᠪᠦᠷ ᠡ ᠂ ᠴᠢ ᠶᠠᠮᠠᠷ ᠬᠦᠮᠦᠨ ᠪᠣᠢ ᠂ ᠪᠢ ᠪᠣᠯ ᠴᠢᠨᠣ ᠢᠷᠡᠭᠡᠳᠦᠢ ᠶᠢᠨ ᠡᠬᠡᠨᠠᠷ ᠴᠢᠨᠢ ᠰᠢᠦ ᠃ ᠬᠠᠷᠠᠵᠦ ᠪᠠᠶᠢᠭᠠᠳ ᠬᠠᠶᠠᠴᠢᠬᠠᠬᠤ ᠴᠢᠨᠢ ᠴᠢᠨᠣ ᠬᠡᠯᠡᠳᠡᠭ ᠬᠠᠶᠢᠷ᠎ᠠ ᠦᠦ ︖ ︾ ᠭᠡᠵᠦ ᠬᠠᠪᠣᠷ᠎ᠠ ᠪᠣᠳᠣᠨ᠎ᠠ ᠃
 ᠳᠡᠷᠭᠡᠲᠡ ᠡᠷᠭᠢᠨ ᠳ᠋ᠦ ᠭᠠᠷᠣᠠᠭᠰᠠᠨ ᠬᠠᠩᠭᠠᠢ ᠭᠡᠨᠡᠳᠲᠡ ᠪᠣᠴᠠᠭᠠᠳ ᠢᠷᠡᠯ᠎ᠡ ᠃ ︽ ᠬᠠᠪᠣᠷ᠎ᠠ ᠡ ᠂ ᠳᠣᠭᠣᠢ ᠪᠠᠨ ᠨᠠᠰᠢ ᠪᠠᠨ ︾ ᠭᠡᠵᠦ ᠠᠬ᠎ᠠ ᠬᠦᠮᠦᠨ ‍ᠣ ᠣᠪᠣᠷ ᠢᠶᠠᠷ ᠳᠣᠭᠣᠢ ᠶᠢᠨ ᠲᠦᠰᠢᠨ ᠠᠪᠣᠯ᠎ᠠ ᠃ ᠬᠠᠪᠣᠷ᠎ᠠ ᠶᠢᠨ ᠨᠢᠯᠪᠣᠰᠣ ᠳᠣᠰᠣᠯᠠᠮᠠᠷ ᠪᠣᠯᠪᠠ ᠃ ︽ᠬᠠᠰᠢᠯᠠ ᠬᠠᠩᠭᠠᠢ ᠠᠬ᠎ᠠ ᠡ ︕ ︾ ᠭᠡᠵᠦ ᠪᠣᠳᠣᠬᠣ ᠳ᠋ᠦ ᠬᠠᠮᠣᠭ ᠪᠡᠶ᠎ᠡ ᠨᠢ ᠳᠣᠯᠠᠭᠠᠴᠠᠭᠠᠳ ᠶᠠᠪᠣᠴᠢᠬᠠᠯ᠎ᠠ ᠃
 ᠬᠠᠩᠭᠠᠢ ᠳᠣᠭᠣᠢ ᠶᠢ ᠲᠦᠰᠢᠨ ᠬᠡᠨᠡᠭ ᠴᠦ ᠦᠭᠡᠢ ᠠᠯᠬᠣᠯᠠᠷ ᠬᠠᠪᠣᠷ᠎ᠠ ᠬᠤᠶᠢᠨ᠎ᠠ ᠠᠴᠠ ᠨᠢ ᠵᠣᠷᠢᠭᠯᠠᠨ ᠠᠯᠬᠣᠵᠠᠢ ᠃ ᠳᠣᠭᠣᠢ ᠨᠢ ᠲᠦᠰᠢᠭ ᠪᠣᠯᠵᠦ ᠪᠠᠶᠢᠭᠰᠠᠨ ᠪᠠᠶᠢᠵᠠᠢ ᠃ ᠭᠠᠭᠴᠠᠭᠠᠷ ᠨᠡᠩ ᠴᠦ ᠨᠢᠭᠡ ᠠᠯᠬᠣᠮ ᠠᠯᠬᠣᠬᠣ ᠳ᠋ᠦ ᠬᠦᠴᠢᠷ ᠡ ︕ ᠬᠠᠪᠣᠷ᠎ᠠ ᠳᠣᠰᠣᠯᠠᠮᠠᠷ ᠪᠣᠯᠣᠭᠰᠠᠨ ᠨᠢᠯᠪᠣᠰᠣ ᠪᠠᠨ ᠠᠷᠠᠶᠢᠬᠠᠨ ᠬᠣᠷᠢᠭᠯᠠᠵᠦ ︽ ᠬᠠᠩᠭᠠᠢ ᠠᠬ᠎ᠠ ᠡ︕ ᠲᠠ ᠠᠷᠠᠢ ᠳᠣᠭᠣᠢ ᠶᠢ ᠬᠦᠭᠦᠷᠭᠡ ᠭᠠᠷᠭᠠᠬᠣ ᠪᠠᠷ ᠢᠷᠡᠭᠰᠡᠨ ᠦᠭᠡᠢ ᠪᠠ ︖ ︾ ᠭᠡᠵᠦ ᠢᠨᠢᠶᠡᠵᠠᠢ ᠃ ᠬᠠᠩᠭᠠᠢ ᠠᠷᠭ᠎ᠠ ᠪᠠᠷᠠᠭᠳᠠᠭᠰᠠᠨ ᠪᠠᠶᠢᠳᠠᠯ ᠲᠠᠢ ᠢᠨᠢᠶᠡᠭᠡᠳ ︽ ᠳᠣᠭᠣᠢ ᠶᠢᠨ ᠠᠷᠣ ᠳᠡᠭᠡᠷ᠎ᠡ ᠰᠠᠭᠣᠴᠢᠬ᠎ᠠ ︕ ︾ ᠭᠡᠪᠠ ᠃
︽ ᠲᠠᠯ᠎ᠠ ᠰᠢᠭ᠋ ᠲᠡᠨᠢᠭᠦᠨ ᠰᠡᠳᠬᠢᠯ ᠳ᠋ᠦ ᠴᠢᠨᠢ ᠭᠡᠰᠡᠨ ᠪᠢ ᠭᠠᠷᠴᠦ ᠳᠡᠶᠢᠯᠦᠨ᠎ᠡ ︾ ᠭᠡᠳ ᠬᠠᠪᠣᠷ᠎ᠠ ᠬᠠᠩᠭᠠᠢ ᠶᠢᠨ ᠵᠢᠳᠬᠦᠵᠦ ᠶᠠᠪᠣᠭ᠎ᠠ ᠳᠣᠭᠣᠢ ᠶᠢᠨ ᠵᠢᠶᠠᠰᠠ ᠠᠴᠠ ᠪᠠᠷᠢᠨ ᠬᠦᠭᠦᠷᠭᠡ ᠶᠢ ᠭᠠᠷᠴᠠᠢ ᠃
  ᠨᠠᠷᠠ ᠪᠠᠷᠠᠭᠣᠨᠰᠢ ᠬᠡᠯᠪᠡᠶᠢᠮᠡᠭᠴᠡ ᠰᠦᠮᠪᠦᠷ ᠳᠡᠷᠭᠡᠲᠡ ᠨᠢ ᠢᠷᠡᠭᠡᠳ ︽ ᠬᠠᠪᠣᠷ᠎ᠠ ᠡ ᠂ ᠶᠠᠪᠣᠬᠣ ᠦᠭᠡᠢ ᠦᠦ ︖ ︾ ᠭᠡᠯ᠎ᠡ ᠃ ᠬᠠᠪᠣᠷ᠎ᠠ ᠦᠷᠯᠦᠭᠡ ᠶᠢᠨ ᠤᠴᠠᠭᠠᠷ ᠳᠠᠭᠠᠨ ᠳᠣᠣᠭᠠᠷᠣᠭᠰᠠᠨ ᠦᠭᠡᠢ ᠂ ᠳᠡᠶᠢᠮᠦ ᠡᠷᠲᠡ ᠬᠠᠷᠢᠬᠣ ᠶᠢᠨ ᠣᠷᠣᠨ ᠳ᠋ᠦ ᠡᠪᠡᠰᠦ ᠪᠡᠨ ᠬᠠᠳᠣᠪᠠᠯ ᠳᠡᠭᠡᠷ᠎ᠡ ᠭᠡᠵᠦ ᠳᠣᠭᠣᠶᠢᠬᠠᠨ ᠬᠠᠷᠢᠭᠣᠯᠵᠠᠢ ᠃
 ᠰᠦᠮᠪᠦᠷ ︽ ᠬᠦᠮᠦᠨ ᠣᠯᠣᠭᠠᠳ ᠬᠠᠳᠣᠭᠣᠯᠴᠢᠭ᠎ᠠ ︕ ᠬᠦᠴᠦᠨ ᠵᠣᠭᠣᠰ ᠢ ᠨᠢ ᠪᠢ ᠭᠠᠷᠭᠠᠶ᠎ᠠ ︕ ︾ ᠭᠡᠵᠦ ᠰᠠᠶᠢᠮᠰᠣᠷᠬᠠᠵᠠᠢ ᠃ ᠬᠠᠪᠣᠷ᠎ᠠ ᠳᠣᠣᠭᠠᠷᠣᠭᠰᠠᠨ ᠦᠭᠡᠢ ︾
 ︽ᠵᠣᠭᠣᠰ ᠲᠠᠢ ᠪᠣᠯ ᠴᠢᠳᠬᠦᠷ ᠢ ᠴᠦ ᠵᠠᠷᠣᠴᠢᠬᠠᠬᠣ ︖ ᠡᠨ᠋ᠨ ᠨᠠᠶᠢᠭᠡᠮ ᠳ᠋ᠦ ᠲᠡᠭᠦᠨ ‍ᠣ ᠦᠭᠡ ᠪᠣᠷᠣᠭᠣ ᠪᠢᠰᠢ ᠃ ᠭᠡᠪᠡᠴᠦ ᠦᠨᠦᠭᠡᠳᠦᠷ ᠬᠠᠪᠣᠷ᠎ᠠ ᠳ᠋ᠦ ᠶᠠᠭ ᠯᠠ ᠲᠡᠭᠦᠨ ‍ᠣ ᠦᠭᠡ ᠨᠢᠭᠡᠪᠦᠷᠢ ᠬᠢᠲᠣᠭ᠎ᠠ ᠰᠢᠪᠦᠭᠡ ᠪᠣᠯᠴᠢᠬᠠᠭᠰᠠᠨ ᠰᠠᠨᠠᠭᠳᠠᠪᠠ ᠃
  ᠰᠦᠮᠪᠦᠷ ᠵᠣᠭᠣᠰ ᠲᠠᠢ ᠪᠠᠨ ᠶᠠᠷᠢᠵᠦ ᠶᠠᠷᠢᠭᠠᠳ ᠬᠠᠪᠣᠷ᠎ᠠ ᠦᠭᠡ ᠦᠭᠡᠢ ᠪᠣᠯᠬᠣᠷ ︽ ᠱᠠᠨ ᠳ᠋ᠢ ︾ ᠪᠡᠨ ᠢᠰᠭᠦᠯᠦᠨ ᠶᠠᠪᠣᠵᠦ ᠣᠳᠣᠯ᠎ᠠ ᠃ ︽ᠵᠣᠭᠣᠰ ᠲᠠᠢ ᠬᠦᠮᠦᠰ ᠢᠩᠬᠢᠵᠦ ᠠᠮᠢᠳᠣᠷᠠᠳᠠᠭ ᠡ ︕ ︾ ᠭᠡᠵᠦ ᠬᠠᠪᠣᠷ᠎ᠠ ᠨᠢᠭᠡ ᠶᠠᠭᠣᠮ᠎ᠠ ᠰᠡᠭᠡᠭᠡᠷᠡᠭᠰᠡᠨ ᠰᠢᠭ ᠪᠣᠯᠪᠠ ᠃
 ᠨᠠᠷᠠ ᠵᠢᠷᠭᠠᠬᠤ ᠶᠢᠨ ᠠᠯᠲᠠ ᠪᠠᠷ ᠬᠦᠮᠦᠰ ᠣᠪᠣᠨ ᠴᠣᠪᠤᠨ ᠭᠡᠷ ᠵᠦᠭ ᠢᠶᠡᠨ ᠪᠣᠴᠠᠵᠠᠭᠠᠪᠠ ᠃ ᠬᠠᠪᠣᠷ᠎ᠠ ᠬᠠᠮᠣᠭ ᠰᠡᠭᠦᠯ ᠳ᠋ᠦ ᠭᠠᠷᠬᠣ ᠶᠢ ᠪᠣᠳᠣᠨ ᠂ ᠡᠪᠡᠰᠦ ᠪᠡᠨ ᠬᠠᠳᠣᠵᠦ ᠪᠠᠶᠢᠪᠠ ᠃ ︽ ᠬᠠᠪᠣᠷ᠎ᠠ ᠬᠠᠷᠢᠬᠣ ᠦᠭᠡᠢ ᠦᠦ ︖ ︾ ᠭᠡᠬᠦᠯᠡᠷ ᠬᠠᠷᠠᠵᠦ ᠦᠵᠡᠬᠦ ᠳ᠋ᠦ ᠬᠠᠩᠭᠠᠢ ᠠᠬ᠎ᠠ ᠨᠢ ᠢᠷᠡᠴᠢᠬᠡᠭᠡᠳ ᠵᠣᠭᠰᠣᠵᠦ ᠪᠠᠶᠢᠪᠠ ᠃
  ︽ᠲᠠ ᠳᠣᠭᠣᠢ ᠣᠨᠣᠭᠰᠠᠨ ᠦᠭᠡᠢ ᠦᠦ ︖ ︾ᠭᠡᠬᠦᠯᠡᠷ
  ︽ᠦᠭᠡᠢ ᠂ ᠦᠷᠯᠦᠭᠡ ᠠᠶᠢᠯ ᠤᠨ ᠲᠡᠷᠭᠡᠨ ᠳᠡᠭᠡᠷ᠎ᠡ ᠭᠠᠷᠴᠦ ᠢᠷᠡᠭᠰᠡᠨ ᠶᠤᠮ ︾ ᠭᠡᠪᠡ ᠃
  ᠬᠠᠪᠣᠷ᠎ᠠ ᠬᠦᠭᠦᠷᠭᠡ ᠭᠠᠷᠬᠤ ᠬᠠᠨᠢ ᠣᠯᠣᠭᠰᠠᠨ ᠳᠠᠭᠠᠨ ᠪᠠᠶᠠᠷᠯᠠᠨ ᠂ ᠰᠠᠨᠳᠣᠣ ᠪᠠᠨ ᠡᠪᠡᠰᠦᠨ ᠳᠣᠮᠳᠠ ᠪᠠᠨ ᠨᠢᠭᠣᠵᠦ ᠲᠠᠯᠪᠢᠭᠠᠳ ᠬᠦᠨᠡᠰᠦᠨ ᠪᠣᠭᠴᠣ ᠪᠠᠨ ᠠᠪᠣᠨ ᠂ ᠳᠣᠭᠣᠢ ᠪᠠᠨ ᠲᠦᠯᠬᠢᠨ ᠬᠠᠩᠭᠠᠢ ᠲᠠᠢ ᠬᠠᠮᠲᠦ ᠠᠯᠬᠣᠵᠠᠢ ᠃
  ︽ᠡᠶᠢᠮᠦ ᠣᠷᠣᠢ ᠪᠣᠯᠴᠢᠬᠠᠭᠠᠳ ᠲᠡᠷᠭᠡᠯ ᠣᠬᠢᠯᠠᠬᠣ ᠦᠭᠡᠢ ᠦᠦ ︖ ︾ᠬᠠᠪᠣᠷ᠎ᠠ ᠭᠡᠨᠡᠳᠲᠡ ᠬᠠᠩᠭᠠᠢ ᠶᠢᠨ ᠬᠡᠦᠬᠡᠨ ᠦ ᠰᠠᠨᠠᠵᠦ ᠣᠯᠣᠭᠠᠳ ᠢᠩᠬᠢᠵᠦ ᠠᠰᠠᠭᠣᠪᠠ ᠃
  ︽ᠲᠡᠷᠭᠡᠯ ᠨᠠᠭᠠᠴᠦ ᠡᠮᠡᠭᠡ ᠶᠢᠨ ᠳᠡᠬᠡᠨ ᠪᠠᠶᠢᠨ᠎ᠠ ︾ᠭᠡᠬᠦᠯᠡᠷ ᠬᠠᠪᠣᠷ᠎ᠠ ᠰᠠᠨᠠᠭ᠎ᠠ ᠠᠮᠣᠷᠠᠯ᠎ᠠ ᠃
  ᠭᠤᠴᠢ ᠶᠢᠨ ᠳᠠᠪᠠᠭ᠎ᠠ ᠶᠢ ᠴᠦ ᠳᠠᠪᠠᠭᠠᠳᠣᠢ ᠂ ᠭᠣᠣᠨᠢ ᠡᠷ᠎ᠡ ᠶᠢᠨ ᠭᠤᠨᠢᠭ ᠪᠦᠷᠬᠦᠭᠰᠡᠨ ᠴᠢᠷᠠᠢ  ᠵᠢ ᠬᠠᠷᠠᠭᠠᠳ ᠬᠠᠪᠣᠷ᠎ᠠ ᠰᠡᠳᠬᠢᠯ ᠣᠶᠠᠷᠠᠵᠦ ᠡᠬᠢᠯᠡᠵᠠᠢ ᠃
  ᠬᠦᠭᠡᠷᠦᠬᠦᠢ ︕ᠴᠢᠮᠡᠭ ᠪᠡᠷᠭᠡᠨ ᠬᠠᠩᠭᠠᠢ ᠠᠬ᠎ᠠ ᠲᠠᠢ ᠯᠠ ᠲᠣᠬᠢᠷᠠᠬᠣ ᠬᠥᠩᠭᠡᠨ ᠱᠠᠯᠠᠮᠠᠭᠠᠢ ᠂ ᠣᠬᠠᠭᠠᠨ ᠲᠠᠢ ᠪᠦᠰᠡᠭᠦᠢ ᠂ ᠬᠦᠨᠳᠦ ᠡᠪᠡᠳᠴᠢᠨ ᠳ᠋ᠦ ᠨᠡᠷᠪᠡᠭᠳᠡᠨ ᠬᠣᠶᠠᠷ ᠨᠠᠰᠤ ᠬᠦᠷᠦᠭᠡ ᠦᠭᠡᠢ ᠬᠡᠦᠬᠡᠨ ᠢᠶᠡᠨ ᠣᠷᠬᠢᠭᠠᠳ ᠶᠠᠪᠣᠴᠢᠬᠠᠯ᠎ᠠ ᠃
  ︽ᠬᠡᠦᠬᠡᠨ ᠢᠶᠡᠨ ᠬᠦᠮᠦᠨ ᠳ᠋ᠦ ᠡᠷᠭᠦᠯᠴᠢᠭᠡ ᠃ ᠵᠠᠯᠠᠭᠣ ᠬᠦᠮᠦᠨ ᠳᠠᠬᠢᠭᠠᠳ ᠨᠢᠭᠡ ᠶᠢ ᠡᠷᠢᠬᠦ ᠦᠭᠡᠢ ᠦᠦ ︖ ︾ᠭᠡᠬᠦ ᠠᠶᠢᠯ ᠤᠨ ᠣᠯᠠᠨ ‍ᠣ ᠢᠳᠬᠠᠯ ᠪᠠ ︽ ᠬᠦᠦ ᠮᠢᠨᠢ ᠂ ᠲᠡᠷᠭᠡᠯ ᠢᠶᠡᠨ ᠨᠠᠳᠠ ᠲᠣᠰᠢᠶᠠᠴᠢᠬ᠎ᠠ ︕ ᠴᠢ ᠪᠠᠰᠠ ᠵᠠᠯᠠᠭᠣ ᠪᠠᠶᠢᠭᠰᠠᠭᠠᠷ ᠂ ᠬᠣᠵᠢᠮ ᠢᠶᠠᠨ ᠪᠣᠳᠣ ︾ ᠭᠡᠬᠦ ᠬᠠᠳᠠᠮ ᠡᠵᠢ ᠶᠢᠨ ᠢᠶᠡᠨ ᠦᠭᠡ ᠶᠢ ᠴᠦ ᠰᠣᠨᠣᠰᠣᠯ ᠦᠭᠡᠢ ᠬᠡᠦᠬᠡᠨ ᠲᠠᠢ ᠪᠠᠨ ᠦᠨᠦᠴᠢᠨ ᠪᠣᠷᠣ ᠡᠳᠦᠷ ᠬᠣᠨᠣᠭ ᠢ ᠦᠩᠭᠡᠷᠡᠭᠦᠯᠵᠠᠢ ᠃
  ︽ᠳᠣᠭᠣᠢ ᠪᠠᠨ ᠠᠯᠢ ︾ᠭᠡᠬᠦ ᠳ᠋ᠤᠨᠢ ᠬᠦᠭᠦᠷᠭᠡ ᠬᠦᠷᠴᠦ ᠢᠷᠡᠭᠰᠡᠨ ᠢ ᠮᠡᠳᠡᠨ ᠂ ᠪᠣᠳᠣᠯ ᠠᠯᠳᠠᠭᠰᠠᠨ ᠳᠠᠭᠠᠨ ᠬᠠᠪᠣᠷ᠎ᠠ ᠡᠪ ᠦᠭᠡᠶᠢᠷᠬᠡᠵᠠᠢ ᠃ ᠲᠡᠳᠡ ᠦᠷᠯᠦᠭᠡ ᠶᠢᠨ ᠭᠠᠷᠣᠠᠭᠰᠠᠨ ᠰᠢᠭ᠋ ᠢᠶᠡᠨ ᠭᠠᠷᠴᠦ ᠂ ᠬᠠᠩᠭᠠᠢ ᠳ᠋ᠦ ᠰᠣᠨᠳᠣᠯᠠᠭᠳᠠᠨ ᠶᠠᠪᠣᠬᠣ ᠳᠠᠭᠠᠨ ︽ᠴᠢᠨᠤ ᠳᠣᠭᠣᠢ ᠴᠢᠨᠢ ᠡᠪᠳᠡᠷᠡᠭᠰᠡᠨ ᠶᠤᠮ ᠴᠢᠨᠢ ᠮᠠᠷᠭᠠᠰᠢ ᠬᠠᠮᠲᠦ ᠶᠠᠪᠣᠶ᠎ᠠ ᠂ ᠲᠡᠭᠡᠪᠡᠯ ᠴᠢ ᠠᠯᠬᠣᠬᠣ ᠴᠢᠬᠤᠯᠠ ᠦᠭᠡᠢ ᠮᠦᠷᠲᠡᠭᠡᠨ ᠪᠢ ᠴᠦ ᠠᠶᠣᠬᠣ ᠦᠭᠡᠢ ︾ᠭᠡᠬᠦ ᠰᠠᠶᠢᠬᠠᠨ ᠠᠷᠭ᠎ᠠ ᠪᠣᠳᠣᠭᠰᠠᠨ ᠢᠶᠠᠨ ᠬᠠᠪᠣᠷ᠎ᠠ ᠪᠠᠶᠠᠷᠯᠠᠨ ᠬᠡᠯᠡᠵᠠᠢ ᠃
  ᠬᠠᠪᠣᠷ᠎ᠠ ᠬᠠᠩᠭᠠᠢ ᠲᠠᠢ ᠬᠣᠶᠠᠷ ᠡᠳᠦᠷ ᠬᠠᠮᠲᠦ ᠶᠠᠪᠣᠪᠠ ᠃ ᠰᠦᠮᠪᠦᠷ ᠢ ᠣᠶᠢᠰᠢᠶᠠᠭᠰᠠᠨ ᠦᠭᠡ ᠬᠣᠶᠠᠷ ᠡᠳᠦᠷ ᠪᠣᠯᠵᠠᠢ ᠃
  ᠭᠣᠷᠪᠠᠳᠣᠭᠠᠷ ᠡᠳᠦᠷ ᠬᠠᠪᠣᠷ᠎ᠠ ᠡᠪᠡᠰᠦ ᠬᠠᠳᠣᠵᠦ ᠪᠠᠶᠢᠲᠠᠯ᠎ᠠ ᠰᠦᠮᠪᠦᠷ ᠴᠢᠷᠠᠢ ᠮᠠᠭᠣᠲᠠᠶᠢᠬᠠᠨ ᠢᠷᠡᠭᠡᠳ ︽ᠬᠠᠪᠣᠷ᠎ᠠ ᠡ ︕ ᠴᠢ ᠴᠣᠬᠣᠮ ᠶᠠᠮᠠᠷ ᠰᠠᠨᠠᠭ᠎ᠠ ᠲᠠᠢ ᠶᠤᠮ ⁉ ᠴᠢ ᠨᠠᠳᠠ ᠳ᠋ᠦ ᠭᠣᠮᠣᠳᠠᠪᠠᠴᠦ ᠢᠩᠬᠢᠵᠦ ᠬᠠᠩᠭᠠᠢ ᠪᠠᠷ ᠦᠰᠢᠶ᠎ᠡ ᠠᠪᠴᠦ ᠪᠣᠯᠬᠣ ᠦᠭᠡᠢ ᠯᠠ ᠳ᠋ᠠ ︕ ᠴᠢ ᠲᠡᠶᠢᠮᠦ ᠠᠶᠣᠮᠠᠲᠠᠬᠠᠢ ᠂ ᠪᠢ ᠴᠢᠮᠠᠶᠢ ᠶᠠᠭᠠᠬᠢᠵᠦ ᠭᠠᠷᠭᠠᠬᠣ ᠪᠣᠢ ︕ ︾ ᠭᠡᠪᠡ ᠃ ᠂
  ︽ᠪᠣᠯᠵᠠᠢ ︕ ᠰᠦᠮᠪᠦᠷ ᠂ ᠪᠢ ᠠᠶᠣᠮᠠᠲᠠᠬᠠᠢ ᠨᠢ ᠦᠨᠡᠨ ᠂ ᠭᠡᠪᠡᠴᠦ ᠪᠢ ᠪᠣᠯ ᠴᠢᠨᠣ ᠣᠷᠣᠭ ᠲᠣᠭᠲᠠᠭᠰᠠᠨ ᠪᠡᠷᠢ ᠴᠢᠨᠢ ᠰᠢᠦ ᠂ ᠬᠡᠷᠪᠡ ᠪᠢ ᠴᠢᠨᠣ ᠡᠬᠡᠨᠠᠷ ᠪᠠᠶᠢᠭᠰᠠᠨ ᠪᠣᠯ ᠴᠢ ᠪᠠᠰᠠ ᠬᠠᠶᠠᠭᠠᠳ ᠶᠠᠪᠣᠴᠢᠬᠠᠬᠣ ᠨᠢ ᠦᠦ ︖ ᠨᠠᠮᠠᠶᠢ ᠴᠢ ᠭᠠᠷᠭᠠᠭᠰᠠᠨ ᠦᠭᠡᠢ ᠳ᠋ᠦ ᠪᠠᠰᠠ ᠭᠠᠷᠭᠠᠬᠣ ᠬᠦᠮᠦᠨ ᠪᠠᠶᠢᠨ᠎ᠠ ᠂ ᠪᠢ ᠬᠠᠩᠭᠠᠢ ᠲᠠᠢ ᠬᠠᠮᠲᠦ ᠶᠠᠮᠠᠷ ᠪᠣᠷᠣᠭᠣ ᠶᠤᠮ ︖ ᠪᠤᠷᠤᠭᠤᠳᠠᠭᠰᠠᠨ ᠨᠢ ᠬᠠᠷᠢᠨ ᠴᠢ ᠳ᠋ᠠ ︾ᠭᠡᠵᠦ ᠬᠠᠪᠣᠷ᠎ᠠ ᠠᠭᠣᠷᠯᠠᠨ ᠬᠡᠯᠡᠵᠠᠢ ᠃
  ︽ᠬᠠᠮᠲᠦ ᠶᠠᠪᠤ ᠡ ᠂ ᠬᠠᠩᠭᠠᠢ ᠶᠢ ᠨᠠᠰᠤ ᠪᠠᠷ ᠢᠶᠠᠨ ᠳᠠᠭᠠᠭᠰᠠᠨ ᠴᠦ ᠪᠣᠯᠣᠨ᠎ᠠ ᠂ ᠪᠢ ᠬᠠᠮᠢᠶᠠᠷᠠᠬᠣ ᠦᠭᠡᠢ ︾ᠭᠡᠵᠦ ᠰᠦᠮᠪᠦᠷ ᠳᠡᠭᠳᠡᠭᠡᠨᠡᠨ ᠶᠠᠪᠣᠪᠠ ᠃
  ᠬᠠᠪᠣᠷ᠎ᠠ ᠠᠷᠦ ᠠᠴᠠ ᠨᠢ ︽ᠳᠡᠭᠡᠪᠡᠯ ᠪᠣᠯᠵᠠᠢ ︕ ᠬᠡᠯᠡᠭᠰᠡᠨ ᠦᠭᠡ ᠪᠡᠨ ᠪᠢᠳᠡᠬᠡᠢ ᠮᠠᠷᠲᠠ ︕ ︾ᠭᠡᠵᠦ ᠬᠠᠰᠭᠢᠷᠦᠮ᠎ᠠ ᠭᠡᠯᠡᠵᠠᠢ ᠃
  ᠲᠡᠷᠡ ᠣᠷᠣᠢ ᠨᠢ ᠬᠠᠪᠣᠷ᠎ᠠ ᠨᠠᠷᠠ ᠰᠢᠩᠭᠢᠲᠡᠯ᠎ᠡ ᠬᠠᠳᠣᠭᠰᠠᠨ ᠪᠣᠯᠪᠠᠴᠦ ᠬᠠᠩᠭᠠᠢ ᠢᠷᠡᠭᠰᠡᠨ ᠦᠭᠡᠢ᠂ᠰᠠᠨᠳᠣᠷᠠᠬᠣ ᠳᠠᠭᠠᠨ ᠬᠠᠩᠭᠠᠢ ᠶᠢᠨ ᠬᠠᠳᠣᠯᠩ ᠵᠦᠭ ᠬᠠᠷᠠᠪᠠᠯ ᠬᠦᠮᠦᠨ ‍ᠣ ᠪᠠᠷ᠎ᠠ ᠪᠠᠶᠢᠳᠠᠭ ᠦᠭᠡᠢ ᠲᠤᠯᠠ ᠳᠣᠭᠣᠢ ᠪᠠᠨ ᠲᠦᠯᠬᠢᠨ ᠭᠠᠭᠴᠠᠭᠠᠷ ᠶᠠᠪᠣᠪᠠ ᠃ ᠬᠦᠭᠦᠷᠭᠡᠨ ᠳᠡᠭᠡᠷ᠎ᠡ ᠬᠡᠳᠦᠢ ᠣᠳᠠᠭᠰᠠᠨ ᠢ ᠪᠦᠦ ᠮᠡᠳᠡ ︕ ᠬᠦᠮᠦᠨ ᠬᠠᠷ᠎ᠠ ᠶᠢᠨ ᠪᠠᠷ᠎ᠠ ᠦᠭᠡᠢ ᠶᠢᠨ ᠳᠡᠭᠡᠷ᠎ᠡ ᠪᠦᠷᠦᠭ ᠪᠠᠷᠣᠭ ᠪᠣᠯᠴᠢᠬᠠᠭᠰᠠᠨ ᠪᠣᠯᠬᠣᠷ ᠬᠦᠭᠦᠷᠭᠡᠨ ᠳᠣᠮᠳᠠ ᠬᠦᠷᠦᠭᠡᠳ ᠬᠠᠪᠣᠷ᠎ᠠ ᠪᠣᠴᠠᠵᠦ ᠳᠡᠶᠢᠯᠬᠦ ᠦᠭᠡᠢ ᠂ ᠶᠠᠪᠣᠵᠦ ᠴᠦ ᠳᠡᠶᠢᠯᠬᠦ ᠦᠭᠡᠢ ᠣᠷᠣᠰᠣᠮᠡᠷ ᠪᠣᠯᠣᠭᠰᠡᠨ ᠨᠢᠯᠪᠦᠰᠦ ᠪᠡᠨ ᠠᠷᠠᠶᠢᠬᠠᠨ ᠬᠣᠷᠢᠭᠯᠠᠨ ᠮᠡᠨᠡᠩᠷᠡᠨ ᠵᠣᠭᠰᠣᠪᠠ ᠃ ᠡᠨ᠋ᠨ ᠦᠶ᠎ᠡ ᠳ᠋ᠦ ᠬᠠᠪᠣᠷ᠎ᠠ ᠶᠢᠨ ᠡᠮᠦᠨ᠎ᠡ ᠡᠴᠡ ᠨᠢᠭᠡ ᠬᠦᠮᠦᠨ ᠠᠯᠬᠣᠭᠠᠳ ᠢᠷᠡᠪᠡ ᠃ ᠬᠠᠪᠣᠷ᠎ᠠ ᠪᠦᠷ ᠠᠶᠣᠭᠠᠳ ᠰᠠᠪᠠᠵᠦ ᠣᠨᠠᠮᠠᠷ ᠪᠣᠯᠣᠭᠰᠠᠨ ᠴᠦ ︽ᠬᠠᠪᠣᠷ᠎ᠠ ︾ᠭᠡᠬᠦ ᠳᠠᠭᠣᠨ ᠳ᠋ᠤᠨᠢ ︽ᠬᠠᠩᠭᠠᠢ ᠠᠬ᠎ᠠ ︾ᠭᠡᠳ ᠬᠠᠬᠠᠴᠢᠬᠠᠯ᠎ᠠ ᠃
  ᠬᠠᠩᠭᠠᠢ ᠶᠠᠭᠤ ᠴᠦ ᠳᠣᠣᠭᠠᠷᠣᠭᠰᠠᠨ ᠦᠭᠡᠢ ︽ᠬᠠᠪᠣᠷ᠎ᠠ ᠡ ︕ ᠪᠢᠳᠡᠬᠡᠢ ᠠᠶᠤ ︕ ︾ ᠭᠡᠬᠦ ᠶᠤᠮ ᠃ ︽ ᠲᠠ ᠶᠠᠭᠠᠬᠢᠭᠠᠳ ᠨᠠᠮᠠᠶᠢ ᠬᠠᠶᠠᠭᠠᠳ ᠶᠠᠪᠣᠴᠢᠬᠠᠭᠰᠠᠨ ᠪᠣᠢ ︖ ︾ᠭᠡᠬᠦᠯᠡᠷ ︽ ᠪᠢ ᠲᠠᠨ ᠢ ᠦᠪᠡᠷ ᠢᠶᠡᠨ ᠬᠠᠷᠢᠴᠢᠬᠠᠬᠤ ᠮᠠᠭᠠᠳ ︕ ᠭᠡᠵᠦ ᠪᠣᠳᠣᠯ᠎ᠠ ︾ ᠭᠡᠪᠡ ᠃
  ᠲᠡᠷᠡ ᠣᠷᠣᠢ ᠰᠦᠮᠪᠦᠷ ᠬᠠᠪᠣᠷ᠎ᠠ ᠶᠢᠨ ᠳ᠋ᠦ ᠣᠴᠢᠭᠰᠠᠨ ᠨᠢ ᠢᠯᠡᠷᠡᠬᠡᠢ ᠂ ᠬᠦᠭᠦᠷᠭᠡᠨ ᠳᠡᠭᠡᠷ᠎ᠡ ᠪᠣᠯᠣᠭᠰᠠᠨ ᠣᠴᠢᠷ ᠠᠴᠠ ᠬᠣᠶᠢᠰᠢ ᠬᠠᠪᠣᠷ᠎ᠠ ᠲᠡᠭᠦᠨ ᠢ ᠣᠶᠢᠰᠢᠶᠠᠬᠣ ᠪᠠᠨ ᠪᠣᠯᠢᠭᠰᠠᠨ ᠃ ᠲᠡᠷᠡ ᠠᠪᠤ ᠡᠵᠢ ᠳ᠋ᠤᠨᠢ ᠬᠠᠩᠭᠠᠢ ᠲᠠᠢ ᠰᠠᠶᠢᠨ ᠪᠣᠯᠣᠯ᠎ᠠ ᠭᠡᠵᠦ ᠳᠠᠯᠳᠠᠭᠣᠷ ᠵᠠᠭᠠᠯᠳᠣᠴᠢᠬᠠᠭᠰᠠᠨ ᠪᠠᠶᠢᠵᠠᠢ ᠃
  ᠬᠠᠪᠣᠷ᠎ᠠ ᠡᠭᠦᠳᠡ ᠲᠦᠯᠬᠢᠨ ᠣᠷᠣᠮᠠᠭᠴᠠ︽ᠰᠦᠮᠪᠦᠷ ᠶᠠᠭᠤ ᠨᠢ ᠮᠠᠭᠤ ᠶᠤᠮ ᠃ ᠣᠬᠠᠭᠠᠨᠲᠠᠢ ᠪᠦᠭᠡᠳ ᠠᠷᠭ᠎ᠠ ᠲᠠᠢ ᠂ ᠬᠦᠮᠦᠨ ᠠᠮᠢᠳᠣᠷᠠᠵᠦ ᠴᠢᠳᠠᠨ᠎ᠠ ︾ᠭᠡᠬᠦ ᠮᠡᠲᠦ ᠪᠠᠷ ᠨᠡᠯᠢᠶᠡᠳ ᠵᠠᠩᠨᠠᠵᠠᠢ ᠃
  ᠬᠠᠪᠣᠷ᠎ᠠ ᠮᠡᠳᠡᠨ᠎ᠡ ᠂ ᠰᠦᠪᠦᠷ ᠣᠬᠠᠭᠠᠨ ᠲᠠᠢ ᠂ ᠬᠦᠮᠦᠨ ᠳ᠋ᠦ ᠰᠠᠶᠢᠬᠠᠨ ᠬᠠᠨᠳᠣᠵᠦ ᠴᠢᠳᠠᠨ᠎ᠠ ᠂ ᠠᠷᠭ᠎ᠠ ᠨᠡᠩ ᠪᠠᠶᠢᠨ᠎ᠠ ᠂ ᠦᠪᠡᠷ ᠢ ᠪᠡᠨ ᠲᠦᠯᠦᠭᠡ ᠶᠠᠮᠠᠷ ᠴᠦ ᠭᠡᠰᠡᠨ ᠶᠠᠪᠣᠳᠠᠯ ᠢ ᠬᠢᠬᠦ ᠡᠴᠡ ᠪᠣᠴᠠᠳᠠᠭ ᠦᠭᠡᠢ ᠃
  ᠡᠳᠡᠭᠡᠷ ᠡᠳᠦᠷ ᠦᠳ ᠲᠦ ᠬᠠᠪᠣᠷ᠎ᠠ ᠪᠣᠳᠣᠯ ᠠᠯᠳᠠᠬᠤ ᠪᠣᠯᠴᠢᠬᠠᠯ᠎ᠠ᠃ ᠰᠦᠮᠪᠦᠷ ᠭᠡᠵᠦ ᠪᠣᠳᠣᠬᠣ ᠠᠴᠠ ᠶᠡᠷᠦ ᠵᠠᠯᠬᠠᠭᠤᠷᠠᠬᠣ ᠰᠢᠭ᠋ ᠪᠣᠯᠣᠯ᠎ᠠ᠃ ᠲᠡᠭᠦᠨ ‍ᠣ ᠲᠡᠷᠡ ᠭᠣᠵᠤᠭᠤᠷ ᠴᠠᠭᠠᠨ ᠴᠢᠷᠠᠢ ᠬᠦᠷᠲᠡᠯ᠎ᠡ ᠬᠠᠪᠣᠷ᠎ᠠ ᠶᠢᠨ ᠡᠭᠳᠡᠭᠦᠦ ᠶᠢ ᠬᠦᠷᠭᠡᠳᠡᠭ ᠪᠣᠯᠵᠠᠢ ᠃ ᠲᠡᠭᠡᠬᠦ ᠳ᠋ᠦ ᠯᠠ ᠪᠣᠳᠣᠯ ᠰᠡᠳᠬᠢᠯ ᠳ᠋ᠤᠨᠢ ᠨᠢᠭᠡ ᠬᠦᠮᠦᠨ ‍ᠣ ᠳᠦᠷᠢ ᠪᠠᠶᠢᠨ ᠳᠠᠬᠢᠨ ᠣᠷᠣᠵᠦ ᠢᠷᠡᠳᠡᠭ ᠨᠢ ᠬᠠᠩᠭᠠᠢ ᠠᠬ᠎ᠠ ᠶᠢᠨ ᠬᠢᠨᠢ ᠬᠠᠯᠠᠭᠤᠮᠰᠠᠭ ᠴᠢᠷᠠᠢ ᠪᠠᠶᠢᠯ᠎ᠠ ᠃ ᠬᠠᠪᠣᠷ᠎ᠠ ᠶᠡᠷᠦ ᠨᠢ ᠡᠨ᠋ᠨ ᠲᠣᠬᠠᠢ ᠪᠣᠳᠣᠬᠣ ᠠᠴᠠ ᠪᠠᠨ ᠠᠶᠣᠬᠣ ᠶᠤᠮ ᠡ ᠃
  ᠲᠡᠷᠡ ᠡᠳᠦᠷ ᠰᠦᠮᠪᠦᠷ ᠬᠠᠩᠭᠠᠢ ᠶᠢ ︽ᠬᠠᠪᠣᠷ᠎ᠠ ᠲᠠᠢ ᠶᠠᠪᠣᠵᠦ ᠪᠣᠯᠬᠣ ᠦᠭᠡᠢ ᠂ ᠲᠡᠷᠡ ᠪᠣᠯ ᠮᠢᠨᠤ ᠬᠦᠮᠦᠨ ᠂ ᠴᠢ ᠲᠡᠭᠦᠨ ᠬᠠᠮᠲᠦ ᠶᠠᠪᠣᠬᠣ ᠦᠭᠡᠢ ᠯᠠ ᠶᠠᠮᠠᠷ ᠨᠦᠬᠦᠴᠡᠯ ᠳᠣᠷᠠᠳᠣᠭᠰᠠᠨ ᠴᠦ ᠪᠦᠷ ᠪᠣᠯᠣᠨ᠎ᠠ ︾ᠭᠡᠵᠠᠢ ᠃
  ᠬᠠᠩᠭᠠᠢ ᠶᠠᠭᠣᠮ᠎ᠠ ᠬᠡᠯᠡᠭᠰᠡᠨ ᠦᠭᠡᠢ ︽ᠬᠠᠪᠣᠷ᠎ᠠ ᠪᠠᠶᠠᠷ ᠲᠠᠢ ᠯᠠ ᠪᠣᠯ ᠁ ︾ ᠭᠡᠵᠦ ᠪᠣᠳᠣᠬᠤ ᠠᠴᠠ ︽ ᠬᠠᠮᠲᠦ ᠶᠠᠪᠣᠨ᠎ᠠ ︾ ᠭᠡᠰᠡᠨ ᠪᠣᠯᠵᠣᠭ᠎ᠠ ᠪᠠᠨ ᠣᠷᠬᠢᠨ ᠬᠠᠮᠣᠭ ᠲᠦᠷᠦᠭᠦᠦ ᠬᠠᠷᠢᠵᠦ ᠢᠷᠡᠵᠦ ᠪᠢᠯᠡ ᠃ ᠬᠡᠳᠦᠶᠢᠪᠡᠷ ᠪᠡᠶ᠎ᠡ ᠨᠢ ᠭᠡᠷᠲᠡᠭᠡᠨ ᠴᠦ ᠰᠡᠳᠬᠢᠯ ᠨᠢ ᠡᠪᠡᠰᠦ ᠬᠠᠳᠣᠭ᠎ᠠ ᠬᠠᠪᠣᠷ᠎ᠠ ᠳᠡᠭᠡᠷ᠎ᠡ ᠪᠠᠶᠢᠵᠦ ᠬᠦᠭᠦᠷᠭᠡ ᠬᠡᠷᠬᠢᠨ ᠭᠠᠷᠳᠠᠭ ᠪᠣᠯ ᠭᠡᠵᠦ ᠪᠣᠳᠣᠭᠰᠠᠭᠠᠷ ᠨᠠᠷᠠ ᠰᠢᠩᠭᠢᠲᠡᠯ᠎ᠡ ᠪᠠᠷ᠎ᠠ ᠦᠭᠡᠢ ᠳ᠋ᠤᠨᠢ ᠬᠠᠳᠣᠯᠠᠩ ᠵᠦᠭ ᠮᠣᠷᠢ ᠣᠨᠣᠨ ᠳᠠᠪᠬᠢᠭᠣᠯᠵᠠᠢ ᠃
   ᠬᠦᠭᠦᠷᠭᠡᠨ ᠳᠡᠷᠭᠡᠲᠡ ᠰᠠᠭᠣᠵᠦ ᠪᠠᠶᠢᠲᠠᠯ᠎ᠠ ᠬᠠᠪᠣᠷ᠎ᠠ ᠮᠦᠯᠬᠦᠵᠦ ᠮᠠᠭᠠᠵᠢᠮ᠎ᠠ ᠶᠠᠪᠣᠬᠣ ᠳ᠋ᠤᠨᠢ ᠣᠭᠲᠣᠨ ᠣᠴᠢᠵᠠᠢ ᠃
  ᠬᠠᠪᠣᠷ᠎ᠠ ᠪᠣᠳᠣᠯ ᠳᠠᠭᠠᠨ ᠲᠦᠭᠡᠷᠢᠵᠠᠢ ᠃ ᠰᠦᠮᠪᠦᠷ ᠦᠨ ᠨᠠᠭᠠᠯᠢᠩᠬᠠᠢ ᠡᠶᠡᠯᠳᠡᠭ ᠵᠠᠩ ᠳ᠋ᠤᠨᠢ ᠣᠶᠠᠰᠴᠦ ᠶᠠᠪᠣᠬᠣ ᠳᠠᠭᠠᠨ ᠦᠪᠡᠷ ᠢ ᠪᠡᠨ ᠬᠠᠮᠣᠭ ᠤᠨ ᠵᠢᠷᠭᠠᠯ ᠲᠠᠢ ᠬᠦᠮᠦᠨ ᠭᠡᠵᠦ ᠪᠣᠳᠣᠵᠦ ᠪᠠᠶᠢᠭᠰᠠᠨ ᠪᠣᠯ ᠣᠳᠣ ᠬᠠᠷᠢᠨ ᠬᠠᠩᠭᠠᠢ ᠠᠬ᠎ᠠ ᠰᠠᠶ᠋ᠢ ᠴᠣᠬᠣᠮ ︽ ᠡᠷ᠎ᠡ ᠬᠦᠮᠦᠨ ︾ ᠭᠡᠵᠦ ᠪᠣᠳᠣᠬᠣ ᠪᠣᠯᠵᠠᠢ ᠃
  ᠨᠠᠮᠣᠷ ᠤᠨ ᠵᠢᠷᠭᠢᠶ᠎ᠡ ᠵᠢᠷᠵᠢᠭᠢᠨᠡᠨ ᠵᠢᠷᠵᠢᠭᠡᠨᠡᠭᠰᠡᠭᠡᠷ ᠲᠡᠳᠡᠨ ᠠᠮᠢ ᠨᠠᠰᠣᠨ ‍ᠣ ᠡᠴᠦᠰ ᠳᠣᠬᠢᠶ᠎ᠠ ᠪᠠᠷ ᠳᠡᠯᠡᠬᠡᠢ ᠶᠡᠷᠲᠢᠨᠴᠦ ᠶᠢ ᠴᠢᠮᠡᠭᠯᠡᠵᠦ ᠪᠠᠶᠢᠨ᠎ᠠ ᠃
  ᠬᠠᠪᠣᠷ᠎ᠠ ᠡᠨᠳᠡ ᠬᠡᠳᠦᠢ ᠰᠠᠭᠣᠭᠰᠠᠨ ᠢᠶᠠᠨ ᠦᠪᠡᠷ ᠢᠶᠡᠨ ᠴᠦ ᠮᠡᠳᠡᠭᠰᠡᠨ ᠦᠭᠡᠢ ᠂ ᠳᠠᠭᠠᠷᠳᠠᠰᠣ ᠬᠦᠷᠬᠦ ᠰᠢᠭ ᠪᠣᠯᠬᠣ ᠳ᠋ᠤᠨᠢ ᠪᠣᠴᠠᠨ ᠠᠯᠬᠣᠵᠠᠢ ᠃
  ᠰᠠᠷᠠᠨ ‍ᠣ ᠭᠡᠷᠡᠯ ᠳ᠋ᠦ ᠥᠭᠡᠳᠡ ᠡᠴᠡ ᠨᠢ ᠨᠢᠭᠡ ᠬᠦᠮᠦᠨ ᠠᠯᠬᠣᠭᠠᠳ ᠢᠷᠡᠯ᠎ᠠ ᠃ ᠲᠡᠷᠡ ᠰᠦᠷᠯᠢᠭ ᠦᠨᠳᠦᠷ ᠪᠡᠶ᠎ᠡ ᠶᠠᠭᠠᠬᠢᠭᠰᠠᠨ ᠲᠠᠨᠢᠯ ᠬᠠᠷᠠᠭᠳᠠᠬᠣ ᠪᠣᠢ ︕ ︽ ᠬᠠᠩᠭᠠᠢ ︾ ᠭᠡᠵᠦ ᠪᠣᠳᠣᠬᠣ ᠠᠴᠠ ᠬᠠᠮᠠᠷ ᠨᠢ ᠪᠣᠷᠭᠢᠷᠠᠬᠤ ᠰᠢᠭ᠋ ᠪᠣᠯᠵᠦ ᠂ ᠣᠷᠣᠨ ᠠᠴᠠ ᠪᠠᠨ ᠬᠦᠳᠦᠯᠥᠭᠰᠡᠨ ᠦᠭᠡᠢ ᠬᠠᠩᠭᠠᠢ ᠶᠢᠨ ᠬᠦᠷᠴᠦ ᠢᠷᠡᠭᠡᠳ ᠬᠠᠯᠠᠭᠣᠨ ᠭᠠᠷ ᠢ ᠨᠢ ᠴᠢᠩᠭ᠎ᠠ ᠠᠳᠬᠤᠬᠤ ᠶᠢ ᠬᠦᠯᠢᠶᠡᠨ ᠵᠣᠭᠰᠣᠵᠠᠢ ᠃
   ᠬᠠᠩᠭᠠᠢ ᠬᠦᠷᠦᠭᠡᠳ ᠢᠷᠡᠯ᠎ᠡ ᠃ ᠲᠡᠷᠡ ᠬᠠᠪᠣᠷ᠎ᠠ ᠶᠢᠨ ᠭᠠᠷ ᠢ ᠠᠳᠬᠣᠭᠰᠠᠨ ᠪᠢᠰᠢ ᠂ ᠬᠠᠷᠢᠨ ᠠᠬ᠎ᠠ ᠬᠦᠮᠦᠨ ‍ᠣ ᠵᠢᠮᠡᠯᠡᠩᠭᠦᠢ ᠳᠠᠭᠣᠨ ᠢᠶᠠᠷ ︽ ᠬᠠᠪᠣᠷ᠎ᠠ ᠂ ᠰᠦᠨᠢ ᠶᠢᠨ ᠬᠥᠯ ᠪᠣᠯᠴᠢᠬᠠᠯ᠎ᠠ ᠰᠢᠦ ᠂ ᠬᠠᠷᠢᠬᠣ ᠦᠭᠡᠢ ᠦᠦ ᠂ ᠠᠪᠤ ᠡᠵᠢ ᠴᠢᠨᠢ ᠡᠷᠢᠭᠡᠳ ᠰᠦᠢᠳ ᠪᠣᠯᠵᠦ ᠪᠠᠶᠢᠨ᠎ᠠ ︾ ᠭᠡᠪᠡ ᠃
  ᠬᠠᠪᠣᠷ᠎ᠠ ᠲᠡᠰᠦᠭᠰᠡᠨ ᠦᠭᠡᠢ ︽ ᠬᠠᠩᠭᠠᠢ ᠠᠬ᠎ᠠ ᠡ ︾ ᠭᠡᠳ ᠮᠡᠭᠰᠢᠨ ᠱᠣᠭᠰᠢᠨ ᠣᠬᠢᠯᠠᠪᠠ ᠃
   ᠬᠡᠵᠢᠶ᠎ᠡ ᠬᠣᠶᠢᠨ᠎ᠠ ᠨᠢ ︽ ᠡᠨ᠋ᠨ ᠬᠣᠷᠸ᠎ᠠ ᠳ᠋ᠦ ᠪᠢ ᠭᠠᠭᠴᠠ ᠬᠦᠮᠦᠨ ᠢ ᠬᠠᠶᠢᠷᠠᠯᠠᠭᠰᠠᠨ ᠂ ᠲᠡᠷᠡ ᠬᠦᠮᠦᠨ ᠪᠣᠯ ᠲᠠ ᠪᠠᠶᠢᠬᠣ ᠶᠣᠰᠣᠲᠠᠢ ︾ ᠭᠡᠵᠦ ᠰᠢᠪᠡᠨᠡᠵᠠᠢ ᠃

 
     1995 ᠣᠨ ᠳ᠋ᠦ ᠪᠢᠴᠢᠪᠡ᠃



  
     
     