-
28973
ᠥᠲᠡᠯᠬᠦ ᠶᠢᠨ ᠬᠠᠷᠠᠭ᠎ᠠ ᠪᠠᠷ ᠮᠡᠳᠡᠷᠡᠭᠳᠡᠬᠦ ᠦᠯᠡᠮᠵᠢ ᠵᠢᠳᠬᠦᠯᠲᠦ ᠪᠠᠭᠰᠢ ᠨᠠᠷ
2023-09-09 20:29
43
0
ᠡᠨᠡ ᠪᠡᠶ᠎ᠡ ᠶᠢᠨ ᠮᠠᠨᠢ ᠬᠤᠪᠢ ᠤᠴᠠᠷᠠᠯ ᠡᠶᠢᠮᠦ ᠰᠠᠶᠢᠬᠠᠨ ᠪᠣᠯᠣᠭ᠎ᠠ ᠳ᠋ᠦ ᠪᠡᠨ ᠪᠡᠶ᠎ᠡ ᠰᠡᠳᠬᠢᠯ ᠤᠨ ᠭᠦᠨ ᠡᠴᠡ ᠪᠡᠨ ᠮᠡᠬᠦᠶᠢᠨ ᠮᠡᠬᠦᠶᠢᠨ ᠶᠣᠰᠤᠯᠠᠵᠤ ᠵᠠᠯᠪᠠᠷᠢᠨ ᠵᠠᠯᠪᠠᠷᠢᠨ ᠳᠠᠭᠠᠳᠬᠠᠨᠠᠮ᠃ ᠡᠨᠡ ᠰᠠᠶᠢᠬᠠᠨ ᠬᠣᠷᠸ᠎ᠠ ᠳ᠋ᠦ ᠬᠦᠮᠦᠨ ᠪᠣᠯᠵᠤ ᠮᠡᠨᠳᠦᠯᠡᠭᠡᠳ ᠣᠳᠤᠨ ᠮᠡᠴᠢᠳ ᠰᠢᠭ ᠬᠢᠯᠠᠯᠵᠠᠭᠰᠠᠨ ᠰᠣᠳᠤᠨ ᠪᠠᠭᠰᠢ ᠨᠠᠷ ᠲᠠᠢ ᠤᠴᠠᠷᠠᠭᠰᠠᠨ ᠮᠠᠨᠢ ᠲᠠᠩᠰᠤᠭ ᠰᠠᠶᠢᠬᠠᠨ ᠠᠵᠠ ᠲᠣᠬᠢᠶᠠᠯ ᠭᠡᠵᠦ ᠪᠢ ᠡᠷᠢᠭᠡ ᠢᠮᠡᠷᠦᠨ ᠪᠠᠶᠢᠵᠤ ᠭᠡᠭᠡᠨ ᠡᠳᠦᠷ ᠭᠡᠷᠡᠯᠲᠦ ᠨᠠᠷᠠᠨ ᠤ ᠳᠣᠣᠷ᠎ᠠ ᠪᠣᠳᠣᠨ ᠪᠣᠳᠣᠨ ᠪᠠᠶᠠᠰᠤᠨᠠᠮ᠃ ᠨᠢᠭᠡ ᠬᠥᠮᠥᠨ ᠰᠢᠯᠢᠳᠡᠭ ᠰᠠᠶᠢᠨ ᠡᠴᠢᠭᠡ ᠡᠬᠡ ᠳᠤ ᠵᠠᠶᠠᠭᠠᠭᠳᠠᠬᠤ ᠬᠥᠮᠥᠨ ᠪᠣᠯᠬᠤ ᠶᠢᠨ ᠰᠠᠭᠤᠷᠢ ᠶᠢ ᠣᠯᠣᠭᠰᠠᠨ ᠲᠠᠢ ᠠᠳᠠᠯᠢ ᠪᠣᠯ ᠰᠣᠶᠣᠯ ᠬᠥᠮᠥᠵᠢᠯ ᠬᠦᠷᠲᠡᠬᠦ ᠶᠠᠪᠤᠴᠠ ᠳᠤ ᠰᠣᠳᠣᠨ ᠮᠡᠳᠡᠯᠭᠡᠲᠦ ᠪᠠᠭᠰᠢ ᠨᠠᠷ ᠲᠠᠢ ᠲᠣᠬᠢᠶᠠᠯᠳᠤᠬᠤ ᠨᠢ ᠬᠣᠵᠢᠮ ᠬᠣᠶᠢᠰᠢᠲᠠ ᠶᠢᠨ ᠳᠡᠪᠳᠡᠷᠢᠬᠦ ᠶᠢᠨ ᠵᠢᠭᠦᠷ ᠢ ᠣᠯᠣᠭᠰᠠᠨ ᠲᠠᠢ ᠡᠭᠡᠭᠡ ᠠᠳᠠᠯᠢᠬᠠᠨ ᠪᠢᠯᠡ᠃ ᠥᠲᠡᠯᠬᠦ ᠶᠢᠨ ᠦᠵᠦᠭᠦᠷ ᠡᠭᠦᠨ ᠢ ᠪᠡᠨ ᠪᠣᠳᠣᠭᠠᠳ ᠥᠪᠡᠷ ᠤᠨ ᠡᠷᠬᠡ ᠦᠭᠡᠢ ᠪᠣᠳᠣᠯ ᠰᠡᠳᠬᠢᠯ ᠤᠨ ᠳᠣᠭᠳᠣᠯᠤᠯ ᠡᠭᠦᠰᠬᠦ ᠶᠠᠭᠤᠳᠠᠢ ᠰᠠᠶᠢᠬᠠᠨ ᠠᠵᠢ᠃
ᠨᠢᠭᠡ
ᠨᠠᠳᠠ ᠠᠵᠠ ᠵᠢᠷᠭᠠᠯ ᠤᠨ ᠣᠳᠣ ᠪᠣᠯᠵᠤ ᠰᠠᠨᠠᠭᠳᠠᠭᠠᠳ ᠪᠠᠶᠢᠳᠠᠭ ᠠᠴᠢᠲᠤ ᠪᠠᠭᠰᠢ ᠨᠠᠷ ᠮᠢᠨᠢ᠂ ᠲᠠᠨ ᠳ᠋ᠦ ᠪᠡᠨ ᠪᠢ ᠡᠳᠦᠷ ᠤᠨ ᠨᠠᠷᠠᠨ ᠤ ᠭᠡᠷᠡᠯ ᠳᠣᠣᠷ᠎ᠠ ᠡᠪᠦᠳᠦᠭ ᠰᠥᠬᠥᠷᠡᠨ ᠮᠥᠷᠭᠥᠨᠡᠮ᠃ ᠠᠮᠢᠳᠤ ᠶᠢᠨ ᠢᠶᠡᠨ ᠡᠳ᠋ᠯᠡᠭᠡ ᠪᠥᠬᠥᠨ ᠪᠤᠶᠤ ᠪᠤᠷᠬᠠᠨ ᠤ ᠲᠠᠪᠢᠯᠠᠩ ᠳ᠋ᠦ ᠳᠡᠪᠰᠢᠭᠰᠡᠨ ᠪᠥᠬᠥᠨ ᠳ᠋ᠦ ᠬᠠᠨᠳᠤᠵᠤ ᠦᠨᠡᠨ ᠰᠡᠳᠬᠢᠯ ᠡᠴᠡ ᠪᠡᠨ ᠲᠠᠯᠠᠷᠬᠠᠵᠤ ᠪᠠᠶᠢᠭ᠎ᠠ ᠪᠡᠨ ᠢᠯᠡᠷᠬᠡᠢᠢᠯᠡᠨᠡᠮ᠃
ᠥᠨᠥᠳᠥᠷ ᠪᠠᠭᠰᠢ ᠶᠢᠨ ᠪᠠᠶᠠᠷ ᠪᠣᠯᠵᠤ ᠪᠠᠶᠢᠬᠤ ᠳ᠋ᠤᠨᠢ ᠲᠠ ᠨᠠᠷ ᠢᠶᠡᠨ ᠰᠠᠨᠠᠭᠠᠨ ᠳ᠋ᠦ ᠣᠷᠣᠵᠤ ᠰᠠᠨᠠᠭᠠᠯᠵᠠᠵᠤ ᠪᠠᠶᠢᠭ᠎ᠠ ᠲᠡᠳᠤᠢ ᠪᠢᠰᠢ᠂ ᠡᠩ ᠤᠨ ᠡᠳᠦᠷ ᠦᠳ ᠴᠤ ᠭᠡᠰᠡᠨ ᠡᠨᠡᠷᠢᠯᠲᠦ ᠬᠥᠮᠥᠨ ᠤ ᠬᠤᠪᠢ ᠪᠡᠷ ᠥᠷᠥᠴᠡ ᠵᠢᠷᠦᠬᠡᠨ ᠳ᠋ᠦ ᠪᠡᠨ ᠲᠠ ᠨᠠᠷ ᠢᠶᠡᠨ ᠮᠠᠷᠳᠠᠰᠢ ᠦᠭᠡᠢ ᠪᠣᠳᠣᠭᠰᠠᠭᠠᠷ ᠢᠷᠡᠭᠰᠡᠨ ᠭᠡᠳᠡᠭ ᠢᠶᠡᠨ ᠡᠨᠳᠡ ᠣᠨᠴᠠᠯᠠᠨ ᠲᠣᠳᠤᠷᠬᠠᠶᠢᠯᠠᠶᠠ᠃ ᠵᠦᠪᠭᠡᠨ ᠪᠡᠶᠡᠴᠢᠯᠡᠨ ᠬᠦᠷᠴᠦ ᠡᠷᠭᠢᠵᠦ ᠦᠵᠡᠭᠰᠡᠨ ᠢᠶᠡᠷ ᠳᠤᠲᠠᠮᠠᠭ ᠪᠣᠯᠣᠭᠰᠠᠨ ᠮᠠᠨᠢ ᠬᠦᠨᠳᠦᠳᠭᠡᠯ ᠦᠨ ᠶᠣᠰᠣ ᠤᠴᠢᠷ ᠢ ᠠᠯᠮᠠᠶᠢᠷᠠᠭᠰᠠᠨ ᠠᠴᠠ ᠪᠣᠯᠤᠭᠰᠠᠨ ᠣᠰᠣᠯ ᠪᠣᠯᠬᠤ ᠨᠢ ᠲᠡᠷᠡ ᠳ᠋ᠡ᠃
ᠮᠡᠳᠡᠯᠭᠡ ᠮᠡᠬᠦᠰ ᠴᠢᠳᠠᠪᠤᠷᠢ ᠴᠠᠯᠠᠭᠠᠢ ᠦᠶᠡᠰ ᠪᠤᠶᠤ ᠮᠡᠳᠡᠶ᠎ᠡ ᠴᠢᠳᠠᠶ᠎ᠠ ᠭᠡᠬᠦ ᠬᠦᠰᠡᠯᠲᠦ ᠰᠡᠳᠬᠢᠯ ᠬᠥᠪᠬᠢᠵᠦ ᠪᠠᠶᠢᠭ᠎ᠠ ᠮᠥᠴᠡ ᠳ᠋ᠦ ᠵᠦᠪᠬᠡᠨ ᠲᠠ ᠨᠠᠷ ᠡᠴᠡ ᠪᠡᠨ ᠮᠡᠳᠡᠯᠭᠡ ᠴᠢᠳᠠᠪᠤᠷᠢ ᠬᠦᠷᠲᠡᠬᠦ ᠶᠢᠨ ᠵᠣᠷᠢᠯᠭ᠎ᠠ ᠪᠡᠷ ᠪᠠᠶᠠᠰᠤᠩᠭᠤᠢ ᠴᠢᠷᠠᠶᠢᠴᠢᠯᠠᠵᠤ ᠂ ᠬᠦᠩᠭᠡᠮᠰᠦᠭᠯᠡᠨ ᠪᠠᠭᠠᠰᠢᠯᠠᠵᠤ ᠪᠠᠶᠢᠭᠰᠠᠨ ᠲᠡᠳᠦᠢ ᠪᠢᠰᠢ᠂ ᠬᠠᠷᠢᠨ ᠲᠠ ᠨᠠᠷ ᠤᠨ ᠢᠶᠡᠨ ᠦᠨᠡᠨᠴᠢ ᠬᠠᠶᠢᠷ᠎ᠠ ᠪᠡᠷ ᠢᠶᠡᠨ ᠱᠠᠲᠤᠯᠠᠨ ᠲᠠᠯᠪᠢᠭᠰᠠᠨ ᠬᠥᠮᠥᠵᠢᠯ ᠤᠨ ᠱᠠᠲᠤ ᠪᠡᠷ ᠲᠠᠪᠰᠢᠨ ᠲᠠᠪᠰᠢᠭᠰᠠᠭᠠᠷ ᠮᠡᠳᠡᠭᠰᠡᠨ ᠵᠤᠶᠢᠯᠡᠰ ᠨᠡᠮᠡᠭᠳᠡᠬᠦ ᠲᠤᠲᠤᠮ ᠢᠶᠡᠨ︽ ᠵᠤᠯᠠ ᠶᠢᠨ ᠭᠡᠷᠡᠯ ᠲᠣᠰᠤᠨ ᠠᠴᠠ᠂ ᠱᠠᠪᠢ ᠶᠢᠨ ᠡᠷᠳᠡᠮ ᠪᠠᠭᠰᠢ ᠠᠴᠠ︾ ᠢᠷᠡᠳᠡᠭ ᠶᠤᠰᠤᠨ ᠢ ᠬᠦᠨ ᠣᠶᠢᠯᠠᠭᠠᠵᠤ ᠲᠠ ᠨᠠᠷ ᠢ ᠪᠡᠨ ᠮᠠᠷᠲᠠᠬᠤ ᠶᠢᠨ ᠠᠷᠭ᠎ᠠ ᠦᠭᠡᠢ ᠳᠤᠷᠠᠰᠤᠨ ᠰᠠᠨᠠᠭᠠᠯᠵᠠᠬᠤ ᠪᠣᠯᠣᠭᠰᠠᠨ ᠮᠠᠨᠢ ᠦᠨᠡᠨ᠃
ᠲᠠ ᠨᠠᠷ ᠢᠶᠡᠨ ᠪᠢ ᠪᠠᠭ᠎ᠠ᠂ ᠳᠤᠮᠳᠠ᠂ ᠶᠡᠬᠡ ᠭᠡᠵᠦ ᠢᠯᠭᠠᠳᠠᠭ ᠦᠭᠡᠢ᠃ ᠪᠠᠭ᠎ᠠ ᠶᠢ ᠪᠠᠰᠤᠮᠵᠢᠯᠠᠭᠰᠠᠳ ᠲᠦ ᠳᠤᠮᠳᠠ ᠦᠭᠡᠢ᠂ ᠳᠤᠮᠳᠠ ᠶᠢ ᠣᠮᠳᠤᠭᠠᠶᠢᠯᠠᠭᠰᠠᠳ ᠲᠦ ᠳᠡᠭᠡᠳᠦ ᠦᠭᠡᠢ᠂ ᠳᠡᠭᠡᠳᠦ ᠶᠢ ᠦᠲᠡᠷᠭᠡᠭᠰᠡᠳ ᠲᠦ ᠶᠠᠭᠤ ᠴᠤ ᠦᠭᠡᠢ ᠪᠠᠶᠢᠳᠠᠭ᠃ ᠱᠠᠲᠤ ᠱᠠᠲᠤ ᠪᠡᠷ ᠢᠶᠡᠨ ᠥᠭᠰᠥᠨ ᠪᠠᠶᠢᠵᠤ ᠱᠤᠪᠤᠷᠭᠠ ᠪᠣᠯᠳᠠᠭ ᠶᠣᠰᠣᠨ ᠪᠣᠢ ᠶᠢᠨ ᠲᠤᠯᠠ ᠠᠯᠢ ᠨᠢᠭᠡᠨ ᠱᠠᠲᠤ ᠶᠢ ᠨᠢ ᠭᠡᠳ ᠣᠮᠳᠤᠭᠠᠶᠢᠯᠠᠵᠤ ᠡᠰᠡ ᠪᠣᠯᠳᠠᠭ᠃
ᠪᠠᠭᠰᠢ ᠨᠠᠷ ᠮᠢᠨᠢ᠂ ᠲᠠᠨᠤᠰ ᠪᠣᠯ ᠨᠠᠮ᠎ᠠ ᠪᠡᠨ ᠣᠯᠠᠨ ᠦᠶᠡᠲᠦ ᠨᠢᠭᠡ ᠴᠣᠭᠴᠠᠲᠤ ᠠᠯᠳᠠᠨ ᠰᠤᠪᠤᠷᠭ᠎ᠠ᠃ ᠨᠠᠳᠠ ᠪᠡᠨ ᠡᠷᠭᠦᠭᠡᠳ ᠠᠯᠤᠰ ᠶᠢ ᠪᠠᠷᠠᠳᠠᠭᠤᠯᠤᠭᠰᠠᠨ ᠠᠵᠠ ᠶᠢᠨ ᠰᠤᠪᠤᠷᠭ᠎ᠠ᠃ ᠲᠡᠭᠲᠦ ᠲᠡᠭᠲᠦ ᠪᠡᠷ ᠢᠶᠡᠨ ᠨᠠᠮ᠎ᠠ ᠳ᠋ᠦ ᠪᠡᠨ ᠶᠣᠰᠣᠨ ᠢ ᠰᠡᠳᠬᠢᠭᠦᠯᠦᠭᠰᠡᠨ ᠳᠡᠯᠭᠡᠷ ᠰᠡᠳᠬᠢᠬᠦᠢ᠃
ᠬᠣᠶᠠᠷ
ᠠᠵᠠ ᠲᠣᠬᠢᠶᠠᠯ ᠠᠮᠠᠷᠬᠠᠨ ᠢᠷᠡᠳᠡᠭ ᠶᠠᠭᠤᠮ᠎ᠠ ᠪᠢᠰᠢ ᠶᠢ ᠠᠮᠢᠳᠤᠷᠠᠯ ᠰᠤᠷᠤᠯᠭ᠎ᠠ ᠠᠵᠢᠯ ᠦᠢᠯᠡ ᠶᠢᠨ ᠶᠠᠪᠤᠴᠠ ᠡᠴᠡ ᠪᠢ ᠤᠬᠠᠭᠠᠷᠠᠭᠰᠠᠨ ᠶᠤᠮ᠃ ᠬᠥᠮᠥᠨ ᠠᠮᠢᠳᠤᠷᠠᠯ ᠲᠡᠮᠡᠴᠡᠯ ᠤᠨ ᠤᠷᠳᠤ ᠠᠶᠠᠯᠠᠯ ᠳ᠋ᠦ ᠪᠡᠨ ᠤᠬᠠᠭᠠᠨᠲᠤ ᠡᠴᠢᠭᠡ ᠡᠬᠡ᠂ ᠰᠢᠯᠢᠳᠡᠭ ᠮᠡᠳᠡᠯᠭᠡᠲᠦ ᠰᠣᠳᠣᠨ ᠬᠦᠮᠦᠵᠢᠯᠲᠦ ᠪᠠᠭᠰᠢ ᠨᠠᠷ ᠲᠠᠢ ᠤᠴᠠᠷᠠᠯᠳᠤᠵᠤ ᠲᠡᠳᠡ ᠨᠠᠷ ᠡᠴᠡ ᠪᠡᠨ ᠰᠣᠳᠣᠨ ᠤᠬᠠᠭᠠᠨ ᠰᠢᠯᠢᠳᠡᠭ ᠬᠦᠮᠦᠵᠢᠯ ᠬᠦᠷᠲᠡᠵᠦ ᠶᠠᠪᠤᠬᠤ ᠣᠯᠳᠠᠰᠢ ᠦᠭᠡᠢ ᠶᠡᠬᠡ ᠠᠵᠠ ᠲᠣᠬᠢᠶᠠᠯ᠂ ᠬᠥᠮᠥᠨ ᠪᠣᠯᠬᠤ ᠶᠢᠨ ᠬᠦᠷᠲᠡᠭᠡᠯ ᠰᠣᠶᠣᠷᠬᠠᠯ ᠲᠡᠷᠡ ᠪᠢᠯᠡ᠃ ᠢᠩᠬᠢᠭᠡᠳ ᠯᠡ ᠪᠠᠭᠰᠢ ᠨᠠᠷ ᠤᠨ ᠢᠶᠠᠨ ᠳᠠᠷᠬᠠᠨ ᠬᠠᠶᠢᠷ᠎ᠠ ᠶᠢᠨ ᠰᠣᠶᠤᠷᠬᠠᠯ ᠢ ᠬᠦᠯᠢᠶᠡᠵᠦ ᠬᠦᠷᠲᠡᠭᠰᠡᠨ ᠲᠡᠷᠡ ᠮᠥᠴᠡ ᠡᠴᠡ ᠡᠬᠢᠯᠡᠵᠦ ᠢᠳᠡᠭ ᠢᠳᠡᠭ ᠢᠶᠡᠷ ᠤᠬᠠᠭᠠᠨ ᠤ ᠴᠣᠮᠣᠷᠯᠢᠭ ᠳᠡᠯᠭᠡᠵᠦ᠂ ᠣᠶᠣᠨ ᠤ ᠭᠡᠭᠡᠪᠴᠢ ᠭᠡᠶᠢᠭᠦᠵᠦ᠂ ᠮᠡᠳᠡᠯᠭᠡ ᠶᠢᠨ ᠮᠡᠯᠮᠡᠢ ᠭᠡᠷᠡᠯᠲᠦᠵᠦ᠂ ᠮᠡᠳᠡᠬᠦ ᠦᠭᠡᠢ ᠴᠢᠳᠠᠬᠤ ᠦᠭᠡᠢ ᠵᠤᠶᠢᠯ ᠬᠠᠰᠤᠭᠳᠠᠵᠤ᠂ ᠪᠥᠬᠥᠨ ᠴᠠᠭᠠᠨ ᠪᠣᠯᠵᠤ ᠴᠠᠶᠢᠯᠵᠠᠭᠰᠠᠨ ᠶᠤᠮ᠃
ᠡᠴᠢᠭᠡ ᠡᠬᠡ ᠶᠢ ᠦᠷ ᠤᠨ ᠴᠣᠯᠮᠣᠨ︱ ᠡᠳᠦᠷ ᠡᠬᠢᠯᠡᠭᠦᠯᠦᠭᠰᠡᠨ ᠭᠡᠭᠡ ᠪᠡᠷ ᠪᠣᠳᠣᠪᠠᠯ ᠪᠠᠭᠰᠢ ᠬᠥᠮᠥᠨ ᠶᠢ ᠡᠷᠲᠡ ᠶᠢᠨ ᠨᠠᠷᠠ︱ ᠥᠪᠴᠢ ᠶᠢ ᠭᠡᠷᠡᠯᠲᠦᠭᠦᠯᠦᠭᠴᠢ ᠮᠥᠩᠬᠡ ᠭᠡᠷᠡᠯ ᠭᠡᠵᠦ ᠦᠵᠡᠬᠦ ᠯᠡ ᠶᠣᠰᠤᠲᠡᠢ
ᠭᠤᠷᠪᠠ
ᠪᠠᠭᠰᠢ ᠬᠦᠮᠦᠨ ᠭᠬᠢᠷ ᠦᠭᠡᠢ ᠠᠷᠢᠭᠤᠨ ᠣᠶᠤᠨ ᠤ ᠨᠠᠷᠠ ᠪᠢᠯᠡ᠃ ᠡᠨᠡ ᠨᠠᠷᠠ ᠶᠢ ᠭᠬᠢᠷᠳᠦᠭᠡᠵᠦ ᠦᠯᠦ ᠪᠣᠯᠤᠨ᠎ᠠ᠃ ᠭᠬᠢᠷᠲᠦᠭᠡᠪᠡᠰᠦ ᠣᠶᠤᠨ ᠤ ᠭᠡᠭᠡ ᠪᠦᠳᠡᠭᠢᠷᠡᠵᠦ᠂ ᠤᠬᠠᠭᠠᠨ ᠤ ᠴᠣᠯᠮᠤᠨ ᠪᠠᠯᠠᠷᠰᠢᠬᠤ ᠪᠣᠯᠤᠨ᠎ᠠ᠃ ᠲᠡᠶᠢᠮᠦ ᠪᠣᠯᠬᠤᠷ ᠪᠠᠭᠰᠢ ᠬᠦᠮᠦᠨ ᠢ ᠨᠡᠶᠢᠭᠡᠮ ᠨᠡᠶᠢᠲᠡ ᠬᠦᠮᠦᠨ ᠠᠷᠠᠳ ᠢᠶᠠᠷ ᠢᠶᠠᠨ ᠡᠷᠬᠢᠮᠰᠦᠭᠯᠡᠨ ᠬᠦᠨᠲᠦᠳᠭᠡᠳᠡᠭ᠃
ᠪᠢ ᠰᠤᠷᠤᠭᠴᠢ ᠪᠠᠶᠢᠭᠰᠠᠨ ᠦᠶ᠎ᠡ ᠠᠴᠠ ᠣᠳᠤ ᠪᠣᠯᠲᠠᠯ᠎ᠠ ᠪᠠᠭᠰᠢ ᠨᠠᠷ ᠢᠶᠡᠨ ᠶᠡᠷᠤ ᠡᠴᠡ ᠪᠠᠰᠤᠵᠤ ᠳᠣᠣᠷᠠᠰᠢᠶᠠᠵᠤ ᠦᠵᠡᠭᠡ ᠦᠭᠡᠢ᠂ ᠨᠡᠩ ᠴᠤ ᠨᠢᠭᠤᠷ ᠳᠡᠭᠡᠷ᠎ᠡ ᠨᠢ ᠮᠠᠭᠲᠠᠵᠤ ᠠᠷᠤ ᠬᠣᠶᠢᠨᠠ ᠨᠢ ᠮᠠᠭᠤᠰᠢᠶᠠᠬᠤ ᠣᠪᠵᠢᠨ ᠠᠪᠲᠠᠯ ᠭᠠᠷᠭᠠᠭ᠎ᠠ ᠦᠭᠡᠢ᠃ ᠡᠣᠰᠤ ᠶᠢ ᠨᠢ ᠤᠤᠭᠤᠭᠰᠠᠨ ᠬᠣᠶᠢᠨᠠ ᠬᠤᠳᠳᠤᠭ ᠢᠶᠡᠨ ᠪᠤᠯᠠᠩᠭᠢᠷᠲᠤᠭᠤᠯᠬᠤ ᠶᠣᠰᠣ ᠦᠭᠡᠢ ᠦᠢᠯᠡ ᠶᠢ ᠶᠠᠭᠠᠬᠢᠭᠰᠠᠨ ᠴᠤ ᠬᠢᠵᠦ ᠪᠣᠯᠬᠤ ᠦᠭᠡᠢ᠃ ᠬᠡᠨ ᠡᠴᠡ ᠡᠷᠳᠡᠮ ᠬᠦᠷᠲᠡᠭᠰᠡᠨ ᠭᠡᠳᠡᠭ ᠢᠶᠡᠨ ᠦᠷᠭᠦᠯᠵᠢ ᠬᠡᠬᠦᠳᠡᠭ ᠲᠦ ᠪᠡᠨ ᠠᠴᠢᠲᠤ ᠪᠠᠭᠰᠢ ᠨᠠᠷ ᠢᠶᠡᠨ ᠬᠡᠵᠢᠶᠡᠳᠡ ᠮᠠᠷᠲᠠᠬᠤ ᠦᠭᠡᠢ ᠶᠠᠪᠤᠨ᠎ᠠ᠃ ᠪᠠᠭᠰᠢ ᠨᠠᠷ ᠤᠨ ᠢᠶᠠᠨ ᠵᠦᠪ ᠵᠢᠯᠤᠭᠤᠳᠤᠯᠭ᠎ᠠ ᠪᠠᠷ ᠰᠤᠷᠤᠭᠴᠢ ᠬᠦᠮᠦᠨ ᠦ ᠰᠡᠳᠬᠢᠯ ᠰᠠᠨᠠᠭ᠎ᠠ ᠡᠳᠥᠷ ᠡᠴᠡ ᠡᠳᠥᠷ ᠦᠷᠭᠡᠵᠢᠵᠦ ᠪᠠᠶᠢᠭ᠎ᠠ ᠦᠵᠡᠯ ᠰᠠᠨᠠᠭ᠎ᠠ ᠦᠢᠯᠡ ᠠᠵᠢᠯᠯᠠᠭᠠᠨ ᠤ ᠪᠠᠨ ᠵᠦᠭ ᠤᠷᠤᠭᠰᠢᠯᠠᠵᠤ ᠴᠢᠳᠠᠭᠰᠠᠨ ᠪᠠᠶᠢᠳᠠᠭ ᠃ ᠪᠢ ᠪᠠᠭᠰᠢ ᠨᠠᠷ ᠲᠦ ᠪᠡᠨ ᠥᠷᠢ ᠲᠠᠢ ᠭᠡᠳᠡᠭ ᠢᠶᠡᠨ ᠲᠣᠳᠣ ᠮᠡᠳᠡᠨ᠎ᠡ᠃ ᠪᠠᠭᠰᠢ ᠨᠠᠷ ᠤᠨ ᠬᠦᠮᠦᠵᠢᠯ ᠨᠠᠳᠠ ᠨᠡᠶᠢᠭᠡᠮ ᠨᠡᠶᠢᠲᠡ ᠳ᠋ᠦ ᠦᠨᠡᠨᠴᠢ ᠪᠡᠷ ᠵᠢᠳᠬᠦᠬᠦ ᠶᠢ ᠮᠡᠳᠡᠭᠦᠯᠦᠭᠰᠡᠨ᠃ ᠲᠡᠭᠡᠵᠦ ᠪᠠᠶᠢᠵᠤ ᠣᠯᠤᠭᠰᠠᠨ ᠠᠮᠵᠢᠯᠲᠠ᠂ ᠭᠠᠷᠭᠠᠭᠰᠠᠨ ᠵᠢᠳᠬᠦᠯ᠂ ᠭᠠᠶᠢᠬᠠᠯᠲᠠᠢ ᠮᠠᠭᠲᠠᠭᠠᠯ ᠪᠥᠬᠥᠨ ᠮᠠᠨᠢ ᠲᠡᠳᠡᠨ ᠤ ᠪᠣᠯᠬᠤ ᠡᠴᠡ ᠪᠢᠰᠢ ᠮᠢᠨᠤᠬᠢ ᠪᠣᠯᠬᠤ ᠶᠣᠰᠣ ᠦᠭᠡᠢ᠃ ᠲᠡᠷᠡ ᠪᠥᠬᠥᠨ ᠳᠡᠭᠡᠷ᠎ᠡ ᠮᠠᠨᠢ ᠵᠥᠪᠬᠡᠨ ᠮᠢᠨᠦ ᠨᠡᠷ᠎ᠡ ᠶᠢ ᠪᠢᠴᠢᠭᠰᠡᠨ ᠪᠠᠭᠰᠢ ᠨᠠᠷ ᠤᠨ ᠵᠢᠷᠦᠬᠡᠨ ᠲᠠᠮᠢᠷ ᠤᠨ ᠢᠷᠠᠭᠤ ᠠᠯᠳᠠᠷ ᠳᠤᠷᠠᠶᠢᠬᠤ ᠶᠣᠰᠤᠲᠠᠢ᠃ ᠲᠡᠶᠢᠮᠦ ᠪᠣᠯᠬᠣᠷ ᠪᠠᠭᠰᠢ ᠨᠠᠷ ᠡᠴᠡ ᠪᠡᠨ ᠳᠡᠭᠡᠭᠦᠷ ᠬᠡᠮᠡᠨ ᠪᠠᠷᠳᠠᠮᠨᠠᠨ ᠳᠡᠭᠡᠷᠡᠰᠢᠶᠡᠬᠦ ᠡᠷᠬᠡ ᠨᠠᠳᠠ ᠠᠯᠠᠭ᠎ᠠ᠃ ᠬᠠᠷᠢᠨ ᠪᠠᠭᠰᠢ ᠨᠠᠷ ᠤᠨ ᠠᠯᠳᠠᠷ ᠨᠡᠷ᠎ᠡ᠂ ᠣᠮᠣᠭᠰᠢᠯ ᠪᠠᠶᠠᠰᠤᠯ᠂ ᠣᠷᠣᠢ ᠶᠢᠨ ᠴᠢᠮᠡᠭ ᠂ ᠴᠠᠭᠠᠰᠢᠯᠠᠪᠠᠯ ᠨᠡᠷ᠎ᠡ ᠲᠥᠷᠥ ᠶᠢ ᠨᠢ ᠬᠦᠷᠲᠡᠯ᠎ᠡ ᠡᠷᠭᠦᠵᠦ ᠶᠠᠪᠤᠭ᠎ᠠ ᠪᠡᠨ ᠡᠭᠦᠷᠭᠡ ᠬᠠᠷᠢᠭᠤᠴᠠᠯᠭ᠎ᠠ ᠢᠶᠡᠨ ᠭᠦᠢᠴᠡᠳᠬᠡᠵᠦ ᠪᠠᠶᠢᠨ᠎ᠠ ᠭᠡᠵᠦ ᠪᠢ ᠪᠣᠳᠣᠳᠠᠭ᠃ ᠡᠶᠢᠮᠦᠷᠬᠦᠦ ᠥᠭᠡᠳᠡ ᠲᠠᠢ ᠪᠣᠳᠣᠯ ᠪᠣᠳᠠᠲᠠᠢ ᠠᠵᠢᠯᠯᠠᠭ᠎ᠠ ᠳ᠋ᠦ ᠯᠡ ᠪᠠᠭᠰᠢ ᠨᠠᠷ ᠮᠠᠨᠢ ᠪᠠᠶᠠᠰᠴᠤ ᠴᠢᠳᠠᠳᠠᠭ ᠪᠥᠭᠡᠳ ᠬᠥᠮᠥᠵᠢᠯ ᠤᠨ ᠦᠨ᠎ᠡ ᠴᠡᠨ᠎ᠡ ᠳ᠋ᠦ ᠪᠡᠨ ᠣᠮᠣᠭᠰᠢᠳᠠᠭ᠃
ᠪᠠᠭᠰᠢ ᠬᠥᠮᠥᠨ ᠭᠡᠳᠡᠭ ᠰᠣᠷᠣᠭᠴᠢ ᠪᠡᠷ ᠢᠶᠡᠨ ᠣᠮᠤᠭᠰᠢᠵᠤ ᠰᠠᠴᠤᠷᠠᠵᠤ ᠬᠢᠯᠠᠯᠵᠠᠳᠠᠭ ᠣᠶᠣᠨ ᠤ ᠨᠠᠷᠠ᠃ ᠡᠨᠡ ᠨᠠᠷᠠ ᠶᠢ ᠭᠬᠢᠷᠲᠦᠭᠡᠵᠦ ᠥᠯᠥ ᠪᠣᠯᠣᠨ᠎ᠠ᠃ ᠭᠬᠢᠷᠲᠦᠭᠡᠪᠡᠰᠦ ᠬᠡᠢᠢᠮᠣᠷᠢ ᠮᠣᠷᠢ ᠪᠠᠭᠤᠷᠠᠵᠤ ᠬᠡᠰᠢᠭ ᠪᠤᠶᠠᠨ ᠤᠷᠤᠭᠤᠳᠠᠨ᠎ᠠ᠃
ᠳᠥᠷᠪᠡ
ᠪᠠᠭᠰᠢ ᠬᠥᠮᠥᠨ ᠪᠡᠶ᠎ᠡ ᠰᠡᠳᠬᠢᠯ ᠢᠶᠡᠨ ᠬᠡᠨ ᠤ ᠲᠥᠯᠥᠭᠡ ᠵᠦᠲᠡᠭᠡᠳᠡᠭ ᠪᠣᠢ ᠪᠥᠬᠥ ᠬᠦᠴᠦ ᠣᠶᠣᠨ ᠤᠬᠠᠭᠠᠨ ᠢᠶᠠᠨ ᠶᠠᠭᠤᠨ ᠳ᠋ᠦ ᠵᠠᠷᠤᠴᠠᠭᠤᠯᠳᠠᠭ ᠪᠤᠢ ᠬᠠᠷᠢᠭᠤᠯᠲᠠ ᠮᠠᠰᠢ ᠲᠣᠳᠣᠷᠬᠠᠢ᠃
ᠲᠡᠳᠡᠨ ᠳ᠋ᠦ ᠰᠣᠷᠣᠭᠴᠢᠳ ᠤᠨ ᠢᠶᠡᠨ ᠲᠥᠯᠥᠭᠡ ᠭᠡᠬᠦ ᠭᠠᠭᠴᠠ ᠪᠣᠳᠣᠯ᠂ ᠦᠨᠳᠦᠰᠦᠲᠡᠨ ᠤ ᠪᠡᠨ ᠲᠥᠯᠥᠭᠡ ᠭᠡᠬᠦ ᠬᠠᠭᠠᠴᠠ ᠵᠣᠷᠢᠯᠲᠡ᠂ ᠢᠷᠡᠭᠡᠳᠦᠢ ᠶᠢᠨ ᠢᠶᠡᠨ ᠲᠥᠯᠥᠭᠡ ᠭᠡᠬᠦ ᠭᠠᠭᠴᠠ ᠬᠠᠷᠠᠯᠲᠠ᠂ ᠡᠬᠡ ᠤᠯᠤᠰ ᠤᠨ ᠢᠶᠡᠨ ᠲᠥᠯᠥᠭᠡ ᠭᠡᠬᠦ ᠭᠠᠭᠴᠠ ᠠᠮᠢ ᠲᠠᠢ ᠪᠠᠶᠢᠳᠠᠭ᠃ ᠡᠭᠦᠨ ᠤ ᠪᠡᠨ ᠲᠥᠯᠥᠭᠡ ᠲᠡᠳᠡ ᠪᠠᠭᠰᠢ ᠭᠡᠳᠡᠭ ᠠᠯᠳᠠᠷ ᠨᠡᠷ᠎ᠡ ᠬᠦᠷᠲᠡᠭᠰᠡᠨ ᠲᠡᠷᠡ ᠡᠳᠦᠷ ᠡᠴᠡ ᠪᠡᠨ ᠡᠬᠢᠯᠡᠭᠡᠳ ᠰᠤᠷᠭᠠᠭᠤᠯᠢ ᠶᠢᠨ ᠬᠦᠷᠢᠶᠡᠨ ᠳ᠋ᠦ ᠪᠡᠭᠡᠷᠡᠭᠦᠯ ᠪᠣᠯᠵᠤ ᠡᠷᠭᠢᠭᠡᠳ᠂ ᠰᠤᠷᠭᠠᠭᠤᠯᠢ ᠶᠢᠨ ᠬᠦᠷᠢᠶᠡᠨ ᠤ ᠪᠦᠬᠦᠢ ᠯᠡ ᠠᠵᠢᠯᠯᠠᠭᠠᠨ ᠳ᠋ᠦ ᠪᠠᠶᠠᠴᠢᠯᠡᠨ ᠣᠷᠣᠯᠴᠠᠬᠤ ᠪᠣᠯᠣᠭᠰᠠᠨ ᠶᠤᠮ᠃ ᠲᠡᠳᠡ ᠪᠠᠯᠲᠤ ᠵᠦᠭᠡᠢ ᠮᠠᠰᠢ ᠶᠠᠭᠠᠷᠠᠯᠲᠠᠢ ᠠᠵᠢᠯᠯᠠᠳᠠᠭ ᠤᠯᠤᠰ᠃ ᠶᠠᠳᠠᠷᠠᠯ ᠢᠶᠡᠷ ᠵᠢᠷᠭᠠᠯ ᠰᠣᠯᠢᠳᠠᠭ ᠬᠤᠪᠤᠷᠬᠠᠨ ᠤᠯᠤᠰ᠃ ᠲᠡᠳᠡᠨ ᠤ ᠠᠵᠢᠯ ᠦᠢᠯᠡ ᠶᠢᠨ ᠠᠷᠪᠢᠨ ᠳᠠᠩᠴᠢ ᠬᠡᠳᠦᠷᠬᠡᠢ᠃
ᠲᠡᠳᠡ ᠡᠷᠲᠡ ᠶᠢᠨ ᠲᠠᠮᠢᠷ᠂ ᠡᠳᠦᠷ ᠤᠨ ᠬᠢᠴᠢᠶᠡᠯ᠂ ᠦᠳᠡᠰᠢ ᠶᠢᠨ ᠳᠠᠪᠲᠠᠯᠭ᠎ᠠ᠂ ᠪᠠᠶᠢᠷᠢ ᠶᠢᠨ ᠬᠠᠮᠢᠶᠠᠷᠤᠯᠲᠠ᠂ ᠡᠭᠡᠯᠵᠢ ᠶᠢᠨ ᠵᠢᠵᠢᠭᠦᠷ ᠭᠡᠳ ᠬᠢᠵᠠᠭᠠᠷ ᠦᠭᠡᠢ ᠦᠢᠯᠡᠴᠢᠯᠡᠭᠡ ᠳ᠋ᠦ ᠬᠣᠰᠢᠭᠤᠷᠠᠨ᠎ᠠ᠃ ᠤᠯᠤᠰ ᠲᠥᠷᠥ ᠶᠢᠨ ᠰᠤᠷᠤᠯᠴᠠᠯᠭ᠎ᠠ᠂ ᠦᠷᠭᠦᠯᠵᠢᠯᠡᠭᠰᠡᠨ ᠰᠤᠷᠤᠯᠴᠠᠯᠭ᠎ᠠ᠂ ᠲᠤᠰᠬᠠᠢ ᠮᠡᠷᠭᠡᠵᠢᠯ ᠤᠨ ᠰᠤᠷᠤᠯᠴᠠᠯᠭ᠎ᠠ᠁ ᠤᠯᠠᠨ ᠵᠤᠶᠢᠯ ᠤᠨ ᠰᠤᠷᠤᠯᠴᠠᠯᠭ᠎ᠠ ᠳ᠋ᠦ ᠢᠳᠡᠪᠬᠢᠯᠡᠨᠡ᠃ ᠰᠤᠷᠭᠠᠭᠤᠯᠢ ᠶᠢᠨ ᠬᠤᠷᠠᠯ᠂ ᠳᠤᠭᠤᠶᠢᠯᠠᠩ ᠤᠨ ᠬᠤᠷᠠᠯ᠂ ᠰᠤᠳᠤᠯᠭᠠᠨ ᠤ ᠬᠤᠷᠠᠯ᠂ ᠰᠠᠭᠤᠳᠠᠯ ᠤᠨ ᠬᠤᠷᠠᠯ᠂ ᠶᠠᠷᠢᠶ᠎ᠠ ᠢᠯᠡᠳᠬᠡᠯ ᠤᠨ ᠬᠤᠷᠠᠯ᠂ ᠠᠩᠭᠢ ᠨᠢᠭᠡᠴᠢ ᠶᠢᠨ ᠬᠤᠷᠠᠯ᠂ ᠣᠨ ᠨᠢᠭᠡᠴᠢ ᠶᠢᠨ ᠬᠤᠷᠠᠯ ᠁ ᠲᠡᠷᠡ ᠪᠥᠬᠥᠨ ᠳ᠋ᠦ ᠣᠷᠣᠯᠴᠠᠨ᠎ᠠ᠂ ᠰᠤᠷᠤᠯᠴᠠᠯᠭ᠎ᠠ ᠶᠢᠨ ᠲᠡᠮᠳᠡᠭᠯᠡᠯ᠂ ᠣᠯᠣᠯᠲᠠ ᠲᠥᠷᠥᠭᠳᠡᠯ ᠤᠨ ᠲᠡᠮᠳᠡᠭᠯᠡᠯ ᠁ ᠭᠡᠳ ᠣᠪᠣᠭ᠎ᠠ ᠣᠯᠠᠨ ᠲᠡᠮᠳᠡᠭᠯᠡᠯ ᠪᠢᠴᠢᠨ᠎ᠡ᠃ ᠰᠤᠳᠤᠯᠭᠠᠨ ᠤ ᠥᠭᠦᠯᠡᠯ᠂ ᠮᠦᠷᠦᠶᠢᠴᠡᠭᠡᠨ ᠤ ᠵᠣᠬᠢᠶᠠᠯ᠁ ᠭᠡᠳ ᠮᠠᠰᠢ ᠠᠷᠪᠢᠨ ᠵᠣᠬᠢᠶᠠᠯ ᠲᠤᠭᠤᠷᠪᠢᠨ᠎ᠠ᠃ ᠬᠢᠴᠢᠶᠡᠯᠯᠡᠭᠡ ᠶᠢᠨ ᠲᠥᠰᠥᠪ᠂ ᠰᠣᠷᠣᠭᠴᠢ ᠬᠥᠮᠥᠵᠢᠭᠦᠯᠬᠦ ᠲᠥᠰᠥᠪ᠂ ᠠᠩᠭᠢ ᠡᠷᠭᠢᠯᠡᠭᠴᠢ ᠶᠢᠨ ᠲᠥᠰᠥᠪ᠁ ᠭᠡᠳ ᠣᠯᠠᠨ ᠠᠷᠪᠢᠨ ᠲᠥᠰᠥᠪ ᠲᠥᠯᠥᠪᠯᠡᠨ᠎ᠡ᠃ ᠬᠢᠴᠢᠶᠡᠯ ᠪᠡᠯᠡᠳᠬᠡᠬᠦ᠂ ᠬᠢᠴᠢᠶᠡᠯ ᠬᠦᠤᠷᠨᠢᠬᠦ᠂ ᠬᠢᠴᠢᠶᠡᠯ ᠰᠣᠨᠣᠰᠬᠤ᠂ ᠬᠢᠴᠢᠶᠡᠯ ᠰᠣᠨᠣᠰᠬᠠᠬᠤ᠂ ᠬᠢᠴᠢᠶᠡᠯᠯᠡᠭᠡ ᠶᠠᠷᠢᠯᠴᠠᠬᠤ᠂ ᠳᠠᠰᠬᠠᠯ ᠳᠠᠭᠠᠭᠠᠯᠭᠠᠪᠤᠷᠢ ᠦᠯᠡᠳᠡᠭᠡᠵᠦ ᠪᠣᠯᠪᠠᠰᠤᠷᠠᠯ ᠤᠨ ᠰᠡᠳᠣᠪ ᠬᠢᠨᠠᠬᠤ᠂ ᠬᠠᠷᠢᠭᠤ ᠪᠤᠴᠠᠯᠲᠠ ᠬᠢᠬᠦ᠂ ᠬᠣᠴᠤᠷᠤᠭᠰᠠᠨ ᠰᠣᠷᠣᠭᠴᠢ ᠳ᠋ᠦ ᠬᠢᠴᠢᠶᠡᠯ ᠨᠦᠬᠦᠪᠦᠷᠢᠯᠡᠬᠦ ᠁ ᠭᠡᠬᠦ ᠮᠡᠲᠦ ᠳᠤᠬᠠᠶᠢᠯᠠᠭᠰᠠᠨ ᠠᠵᠢᠯ ᠳ᠋ᠦ ᠪᠡᠨ ᠶᠠᠭᠠᠷᠠᠯᠲᠠᠢ ᠭᠠᠪᠰᠢᠭᠠᠶᠢᠯᠠᠨ᠎ᠠ᠃ ᠨᠢᠭᠡᠴᠢ ᠶᠢᠨ ᠰᠢᠯᠭᠠᠯᠲᠠ᠂ ᠰᠠᠷ᠎ᠠ ᠶᠢᠨ ᠰᠢᠯᠠᠭᠠᠯᠲᠠ᠂ ᠬᠤᠭᠤᠴᠠᠭᠠᠨ ᠳᠤᠮᠳᠠᠬᠢ ᠰᠢᠯᠠᠭᠠᠯᠲᠠ᠂ ᠬᠤᠭᠤᠴᠠᠭᠠᠨ ᠡᠴᠤᠰ ᠤᠨ ᠰᠢᠯᠠᠭᠠᠯᠲᠠ᠂ ᠣᠯᠠᠨ ᠵᠤᠶᠢᠯ ᠤᠨ ᠰᠤᠷᠢᠯᠲᠠ ᠰᠡᠳᠦᠪ ᠢ ᠲᠣᠯᠤᠭᠠᠢ ᠦᠨᠳᠡᠶᠢᠯ ᠦᠭᠡᠢ ᠵᠢᠭᠠᠨ ᠵᠢᠯᠤᠭᠤᠳᠤᠨ᠎ᠠ᠃ ᠵᠠᠯᠬᠠᠭᠤ ᠵᠠᠶᠢᠳᠠᠩ ᠰᠣᠷᠣᠭᠴᠢ᠂ ᠵᠣᠳᠤᠯᠳᠤᠵᠤ
ᠬᠡᠷᠡᠭᠦᠯᠳᠦᠳᠡᠭ ᠰᠣᠷᠣᠭᠴᠢ᠂ ᠰᠤᠷᠲᠠᠯ ᠠᠨᠠᠢ ᠰᠣᠷᠣᠭᠴᠢ᠂ ᠰᠤᠷᠤᠯᠭ᠎ᠠ ᠲᠣᠷᠣᠢ ᠰᠣᠷᠣᠭᠴᠢ᠂ ᠣᠶᠣᠨ ᠰᠡᠳᠬᠢᠴᠡ ᠡᠮᠵᠡᠭ ᠲᠠᠢ ᠰᠣᠷᠣᠭᠴᠢ᠂ ᠤᠬᠠᠭᠠᠨ ᠰᠠᠨᠠᠭ᠎ᠠ ᠨᠢ ᠲᠥᠪᠯᠡᠷᠡᠬᠦ ᠦᠭᠡᠢ ᠰᠣᠷᠣᠭᠴᠢ᠁ ᠭᠡᠳ ᠤᠯᠠᠨ ᠲᠥᠷᠥᠯ ᠤᠨ ᠰᠣᠷᠣᠭᠴᠢ ᠲᠦ ᠣᠨᠴᠠᠭᠠᠢ ᠰᠢᠭᠦᠮᠵᠢ ᠰᠠᠨᠠᠭᠤᠯᠤᠮᠵᠢ᠂ ᠵᠥᠪ ᠵᠢᠯᠣᠭᠣᠳᠤᠮᠵᠢ᠂ ᠵᠤᠶᠢᠲᠠᠢ ᠬᠥᠮᠥᠵᠢᠯ ᠬᠦᠷᠲᠡᠭᠡᠨ᠎ᠡ᠃
ᠲᠡᠳᠡ ᠣᠯᠠᠨ ᠠᠵᠢᠯ ᠳ᠋ᠦ ᠶᠠᠭᠠᠷᠠᠯᠳᠤᠨ᠎ᠠ᠃ ᠢᠩᠭᠢᠭᠡᠳ ᠪᠠᠰᠠ ᠣᠶᠢᠯᠠᠭᠠᠭᠳᠠᠬᠤ ᠦᠭᠡᠢ ᠤᠴᠢᠷ ᠲᠦ ᠲᠤᠯᠭᠠᠷᠠᠳᠠᠭ᠃ ᠪᠠᠭᠰᠢ ᠶᠢᠨ ᠠᠵᠢᠯ ᠢ ᠣᠶᠢᠯᠠᠭᠠᠬᠤ ᠦᠭᠡᠢ ᠬᠥᠮᠥᠨ ᠳ᠋ᠦ ᠪᠠᠭᠰᠢ ᠬᠥᠮᠥᠨ ᠠᠵᠢᠯᠯᠠᠬᠤ ᠡᠴᠡ ᠥᠭᠡᠷ᠎ᠡ ᠶᠠᠭᠤᠮ᠎ᠠ ᠮᠡᠳᠡᠳᠡᠭ ᠦᠭᠡᠢ ᠠᠦ᠋ᠲ᠋ᠦ᠋ ᠮᠠᠰᠢᠨ ᠰᠢᠭ᠋ ᠠᠩᠭᠢ ᠶᠢᠨ ᠭᠡᠷ᠂ ᠪᠠᠶᠢᠷᠢ ᠶᠢᠨ ᠭᠡᠷ᠂ ᠠᠯᠪᠠᠨ ᠭᠡᠷ᠂ ᠬᠤᠷᠠᠯ ᠤᠨ ᠭᠡᠷ ᠳᠥᠷᠪᠡ ᠪᠡᠨ ᠡᠷᠭᠢᠭᠰᠡᠨ ᠡᠷᠭᠢᠭᠦᠳᠡᠭᠰᠡᠨ ᠲᠡᠨᠡᠭ ᠰᠢᠭ ᠬᠢᠴᠢᠶᠡᠯ ᠦᠨ ᠂ ᠰᠡᠳᠤᠪ ᠰᠢᠯᠭᠠᠯᠲᠠ᠂ ᠲᠠᠰᠬᠠᠯ ᠳᠠᠭᠠᠭᠠᠯᠭᠠᠪᠣᠷᠢ᠂ ᠰᠤᠷᠤᠭᠴᠢ ᠬᠡᠳᠦᠭᠦᠯᠡ ᠲᠠᠢ ᠪᠠᠨ ᠨᠣᠣᠷᠠᠯᠳᠤᠭᠰᠠᠨ ᠬᠡᠪᠰᠢᠮᠡᠯ ᠠᠮᠢᠲᠠᠨ ᠰᠢᠭ᠋ ᠶᠣᠰᠤ ᠮᠤᠷᠠᠯ᠂ ᠰᠤᠷᠲᠠᠯ ᠰᠤᠷᠭᠠᠯ᠂ ᠳᠦᠷᠢᠮ ᠳᠣᠭᠲᠠᠭᠠᠯ ᠨᠤᠷᠰᠢᠳᠠᠭ ᠶᠠᠩᠰᠢᠶ᠎ᠠ ᠯᠠᠮᠠᠲᠠᠨ ᠰᠢᠭ᠋ ᠰᠠᠨᠠᠭᠳᠠᠳᠠᠭ᠃
ᠲᠡᠳᠡ ᠳᠠᠩᠴᠢ ᠬᠦᠭᠡᠷᠦᠬᠦᠶᠢᠯᠡᠯᠲᠡᠢ ᠤᠯᠤᠰ᠃ ᠬᠥᠮᠥᠰ ᠶᠠᠭᠤ ᠬᠡᠯᠡᠬᠦ ᠶᠢ ᠶᠡᠷᠤ ᠠᠴᠠ ᠬᠠᠶᠢᠬᠤᠷᠳᠠᠭ ᠦᠭᠡᠢ ᠰᠣᠨᠢᠨ ᠤᠯᠤᠰ᠃ ᠲᠡᠳᠡ ᠰᠤᠷᠭᠠᠭᠤᠯᠢ ᠰᠠᠶᠢᠨ᠂ ᠰᠣᠷᠣᠭᠴᠢ ᠰᠠᠶᠢᠨ᠂ ᠰᠦᠷᠲᠠᠯ ᠰᠠᠶᠢᠨ ᠢ ᠪᠣᠳᠣᠵᠤ ᠶᠠᠪᠤᠳᠠᠭ ᠪᠠᠰᠠ ᠪᠡᠶᠡᠯᠡᠭᠦᠯᠵᠦ ᠶᠠᠪᠤᠳᠠᠭ ᠤᠯᠤᠰ᠃ ᠲᠡᠳᠡ ᠦᠪᠡᠷᠲᠡᠭᠡᠨ ᠡᠷᠦᠭᠡ ᠭᠡᠷ ᠦᠷ᠎ᠡ ᠬᠡᠤᠬᠡᠳ ᠲᠠᠢ ᠪᠠᠶᠢᠵᠤ ᠪᠠᠶᠢᠲᠠᠯ᠎ᠠ ᠶᠠᠭ ᠦᠭᠡᠢ ᠶᠤᠮ ᠰᠢᠭ ᠯᠡ ᠥᠷᠥᠭᠡᠯ ᠪᠤᠰᠤᠳ ᠤᠨ ᠬᠡᠤᠬᠡᠳ ᠤᠨ ᠲᠥᠯᠥᠭᠡ ᠡᠳᠦᠷ ᠰᠥᠨᠢ ᠢ ᠬᠠᠢᠬᠤᠷᠤᠯ ᠦᠭᠡᠢ ᠪᠣᠷᠪᠢ ᠪᠣᠭᠢᠰᠬᠢᠯ ᠦᠭᠡᠢ ᠠᠵᠢᠯᠯᠠᠨ᠎ᠠ᠃ ᠬᠠᠤᠯᠢ ᠲᠠᠢ ᠴᠠᠭ᠂ ᠬᠢᠵᠠᠭᠠᠷ ᠲᠠᠢ ᠣᠯᠭᠣᠮᠵᠢ ᠲᠡᠳᠡᠨ ᠤ ᠠᠵᠢᠯᠯᠠᠭ᠎ᠠ ᠶᠢ ᠶᠡᠷᠦ ᠡᠴᠡ ᠰᠠᠭᠠᠲᠠᠭᠠᠵᠤ ᠳᠡᠶᠢᠯᠳᠡᠭ ᠦᠭᠡᠢ ᠨᠢ ᠰᠣᠨᠢᠨ᠃ ᠲᠡᠳᠡᠨ ᠤ ᠰᠡᠳᠬᠢᠯ ᠰᠠᠨᠠᠭ᠎ᠠ ᠴᠠᠶᠢᠯᠭᠠᠨ᠂ ᠦᠵᠡᠯ ᠪᠣᠳᠣᠯ ᠠᠷᠢᠭᠤᠨ᠂ ᠬᠠᠷᠠᠯᠲᠠ ᠵᠣᠷᠢᠯᠲᠡ ᠲᠣᠳᠣᠷᠬᠠᠢ᠂ ᠬᠦᠰᠡᠯᠡᠩ ᠬᠥᠭᠡᠭᠡᠴᠡᠯᠳᠦᠯ ᠠᠯᠤᠰ᠂ ᠬᠦᠰᠡᠯᠡᠩ ᠤᠨ ᠣᠷᠭᠢᠯ ᠰᠢᠷᠳᠡᠵᠦ ᠪᠠᠶᠢᠭᠠᠳ ᠬᠡᠤᠬᠡᠳ ᠬᠣᠶᠢᠴᠢᠰ ᠢᠶᠠᠨ ᠡᠷᠭᠦᠭᠡᠳ ᠣᠷᠤᠭᠰᠢᠯᠠᠳᠠᠭ ᠊— ᠡᠶᠢᠮᠦ ᠯᠡ ᠰᠤᠷᠲᠠᠬᠤᠨ ᠢᠶᠠᠷ ᠦᠪᠡᠷ ᠪᠡᠶ᠎ᠡ ᠪᠡᠨ ᠴᠢᠮᠡᠭᠡᠳ ᠪᠠᠶᠠᠰᠳᠠᠭ ᠤᠯᠤᠰ᠃ ᠣᠶᠢᠯᠠᠭᠠᠬᠤ ᠦᠭᠡᠢ ᠬᠦᠮᠦᠨ ᠳᠦ ᠪᠣᠯ ᠲᠡᠳᠡ ᠴᠢᠨᠢ ᠲᠡᠨᠡᠭ ᠮᠤᠩᠬᠠᠭᠴᠢᠨ᠂ ᠣᠶᠢᠯᠠᠭᠠᠳᠠᠭ ᠬᠦᠮᠦᠨ ᠳᠦ ᠲᠡᠳᠡ ᠴᠢᠨᠢ ᠠᠭᠤᠤ
ᠬᠦᠮᠦᠰ ᠡ᠄
ᠡᠷᠬᠢᠮ ᠳᠡᠭᠡᠳᠦ ᠬᠥᠮᠥᠰ ᠬᠠᠮᠢᠭ᠎ᠠ ᠪᠠᠶᠢᠭ᠎ᠠ ᠪᠣᠢ ᠡᠴᠢᠭᠡ ᠡᠬᠡ ᠬᠦᠨᠳᠦᠲᠡᠢ ᠬᠥᠮᠥᠨ ᠬᠡᠨ ᠪᠣᠯᠬᠤ ᠪᠣᠢ ᠡᠨᠳᠡ ᠪᠢ ᠥᠴᠥᠬᠡᠨ ᠴᠤ ᠡᠷᠡᠭᠡᠯᠵᠡᠯ ᠦᠭᠡᠢ ᠪᠡᠷ ᠪᠠᠬᠠᠳᠤᠵᠤ ᠬᠡᠯᠡᠮᠡᠷ ᠬᠦᠮᠦᠨ ᠪᠣᠯ᠄
ᠪᠠᠭᠰᠢ ᠬᠥᠮᠥᠨ ᠪᠠᠭᠰᠢ ᠬᠥᠮᠥᠨ ᠪᠠᠭᠰᠢ ᠬᠥᠮᠥᠨ
ᠲᠠᠪᠤ
ᠨᠠᠳᠠ ᠪᠠᠭᠰᠢ ᠳ᠋ᠦ ᠪᠡᠨ ᠭᠣᠮᠣᠳᠠᠮᠠᠷ ᠤᠴᠢᠷ ᠠᠯᠠᠭ᠎ᠠ᠃ ᠬᠡᠷᠪᠡ ᠭᠣᠮᠣᠳᠠᠯ ᠲᠠᠢ ᠭᠡᠪᠡᠯ ᠪᠠᠭᠰᠢ ᠪᠡᠨ ᠭᠣᠮᠣᠳᠠᠭᠰᠠᠨ ᠦᠶ᠎ᠡ ᠳ᠋ᠦ ᠪᠠᠭᠰᠢ ᠨᠠᠷ ᠤᠨ ᠢᠶᠡᠨ ᠰᠢᠭᠦᠮᠵᠢᠯᠡᠯ ᠰᠤᠷᠭᠠᠯ ᠶᠢ ᠪᠤᠷᠤᠭᠤ ᠬᠦᠷᠲᠡᠭᠡᠯ ᠪᠣᠯᠭᠠᠨ ᠣᠶᠢᠯᠠᠭᠠᠭᠰᠠᠨ ᠤᠴᠢᠷ ᠲᠡᠳᠦᠢ᠃ ᠬᠡᠷᠡᠭ ᠳᠡᠭᠡᠷ᠎ᠡ ᠪᠡᠨ ᠪᠠᠭᠰᠢ ᠳ᠋ᠦ ᠪᠡᠨ ᠪᠠᠶᠠᠷᠯᠠᠪᠠᠯ ᠵᠣᠬᠢᠬᠤ ᠰᠠᠨ᠃
ᠨᠠᠳᠠ ᠪᠠᠭᠰᠢ ᠳ᠋ᠦ ᠪᠡᠨ ᠬᠣᠷᠣᠰᠤᠮᠠᠷ ᠤᠴᠢᠷ ᠠᠯᠠᠭ᠎ᠠ᠃ ᠬᠡᠷᠪᠡ ᠬᠣᠷᠣᠰᠤᠯᠠ ᠭᠡᠪᠡᠯ ᠪᠠᠭᠰᠢ ᠶᠢᠨ ᠢᠶᠡᠨ ᠬᠦᠨᠳᠦ ᠨᠠᠶᠢᠳᠠᠪᠤᠷᠢ ᠶᠢ ᠬᠥᠰᠡᠷᠳᠡᠭᠦᠯᠦᠭᠡᠳ ᠣᠯᠪᠠᠰᠤ ᠵᠣᠬᠢᠬᠤ ᠵᠠᠯᠬᠠᠭᠠᠯ ᠣᠯᠣᠭᠰᠠᠨ ᠢᠶ᠎ᠡ ᠬᠢᠯᠢᠰᠳᠡᠯ ᠭᠡᠵᠦ ᠡᠨᠳᠡᠭᠦᠦ ᠪᠣᠳᠣᠭᠰᠠᠨ ᠲᠡᠳᠦᠢ᠃ ᠶᠣᠰᠣᠨ ᠳ᠋ᠦ ᠪᠡᠨ ᠪᠠᠭᠰᠢ ᠳ᠋ᠦ ᠪᠡᠨ ᠲᠠᠯᠠᠷᠬᠠᠪᠠᠯ ᠲᠠᠭᠠᠷᠠᠬᠤ ᠰᠠᠨ᠃
ᠰᠤᠷᠭᠠᠯ ᠰᠢᠭᠦᠮᠵᠢᠯᠡᠯ᠂ ᠵᠠᠯᠬᠠᠭᠠᠯ ᠰᠢᠢᠳᠬᠡᠯ᠁ ᠲᠡᠷᠡ ᠪᠥᠬᠥᠨ ᠢ ᠭᠣᠮᠣᠳᠠᠯ ᠪᠤᠶᠤ ᠬᠣᠷᠣᠰᠤᠯ ᠢᠶᠡᠷ ᠣᠢᠯᠠᠭᠠᠪᠠᠯ ᠪᠤᠷᠤᠭᠤ᠃ ᠲᠡᠷᠡ ᠪᠣᠯ ᠵᠠᠯᠠᠭᠠᠳ ᠳᠡᠶᠢᠯᠬᠦ ᠦᠭᠡᠢ ᠬᠡᠣᠬᠡᠳ ᠢ ᠵᠠᠮ ᠢᠶᠡᠷ ᠨᠢ ᠣᠷᠣᠭᠤᠯᠵᠤ ᠵᠠᠰᠠᠵᠤ ᠱᠣᠭᠰᠢᠭᠤᠯᠬᠤ ᠬᠠᠲᠠᠭᠤ ᠬᠠᠶᠢᠷ᠎ᠠ ᠶᠢᠨ ᠭᠠᠯ ᠬᠡᠳᠦ ᠳᠦᠷᠡᠯᠵᠡᠭᠰᠡᠨ ᠤ ᠤᠴᠢᠷ ᠂ ᠬᠥᠮᠥᠨ ᠪᠣᠯᠭᠠᠬᠤ ᠬᠥᠮᠥᠵᠢᠯ ᠤᠨ ᠬᠠᠷᠢᠭᠤᠴᠠᠯᠭ᠎ᠠ ᠶᠢᠨ ᠠᠶᠤᠩᠭ᠎ᠠ ᠬᠡᠳᠦ ᠨᠢᠵᠢᠭᠢᠨᠡᠭᠰᠡᠨ ᠤ ᠬᠠᠷᠠᠭ᠎ᠠ᠃ ᠮᠠᠭᠲᠠᠭᠠᠯ ᠰᠠᠶᠢᠰᠢᠶᠠᠯ᠂ ᠠᠷᠭᠠᠳᠠᠯ ᠢᠯᠪᠢᠯᠲᠡ ᠵᠡᠷᠭᠡ ᠠᠯᠢᠪᠠ ᠵᠥᠭᠡᠯᠡᠨ ᠬᠥᠮᠥᠵᠢᠯ ᠢ ᠦᠲᠡᠷᠭᠡᠭᠰᠡᠳ ᠲᠦ ᠱᠠᠩᠨᠠᠭᠰᠠᠨ ᠬᠣᠮᠰᠢᠮᠠ ᠪᠣᠳ᠋ᠢᠰᠡᠳ᠋ᠸᠠ ᠶᠢᠨ ᠡᠷᠳᠡᠨᠢ ᠴᠠᠭᠠᠷᠢᠭ᠃ ᠡᠭᠦᠨ ᠳ᠋ᠦ ︽ ᠬᠠᠶᠢᠷ᠎ᠠ ᠪᠠ ᠬᠠᠷᠢᠭᠤᠴᠠᠯᠭ᠎ᠠ︾ ᠭᠡᠬᠦ ᠬᠣᠶᠠᠷ ᠬᠤᠪᠢᠯᠭᠠᠨ ᠰᠢᠳᠢ ᠪᠣᠢ᠃ ᠪᠠᠭᠰᠢ ᠬᠥᠮᠥᠨ ᠡᠭᠦᠨ ᠢᠶᠡᠨ ᠬᠡᠷᠡᠭ ᠲᠠᠢ ᠦᠶ᠎ᠡ ᠳ᠋ᠦ ᠨᠢ ᠬᠡᠷᠡᠭᠯᠡᠵᠦ ᠴᠢᠳᠠᠪᠠᠯ ᠬᠥᠮᠥᠨ ᠠᠪᠤᠷᠠᠨ᠎ᠠ᠃ ᠬᠥᠮᠥᠵᠢᠯ ᠰᠤᠷᠭᠠᠯ ᠤᠨ ᠬᠤᠷ᠎ᠠ ᠴᠠᠭ ᠲᠦ ᠪᠡᠨ ᠱᠠᠭᠢᠵᠦ᠂ ᠴᠠᠭᠯᠠᠰᠢ ᠦᠭᠡᠢ ᠣᠯᠠᠨ ᠴᠡᠴᠡᠭ ᠳᠡᠯᠪᠢ ᠪᠡᠨ ᠳᠡᠯᠭᠡᠨ᠎ᠡ᠃
ᠣᠯᠠᠩᠬᠢ ᠰᠣᠷᠣᠭᠴᠢ ᠶᠢᠨ ᠭᠣᠮᠣᠳᠠᠯ᠂ ᠬᠣᠷᠣᠰᠤᠯ᠂ ᠳᠤᠷ᠎ᠠ ᠦᠭᠡᠢᠢᠴᠡᠯ ᠪᠥᠬᠥᠨ ᠪᠤᠷᠤᠭᠤ ᠣᠶᠢᠯᠠᠭᠠᠯᠲᠠ ᠡᠴᠡ ᠪᠣᠢ ᠪᠣᠯᠳᠠᠭ᠃ ᠥᠪᠡᠷ ᠤᠨ ᠠᠯᠢᠪᠠ ᠦᠢᠯᠡ ᠪᠡᠨ ᠵᠥᠪ ᠬᠡᠮᠡᠨ ᠵᠣᠷᠢᠭᠤᠳᠠ ᠵᠢᠳᠬᠦᠵᠦ ᠪᠣᠳᠣᠳᠠᠭ ᠡᠴᠡ ᠪᠣᠯᠳᠠᠭ᠃ ᠲᠡᠭᠡᠭᠡᠳ ᠯᠡ ᠪᠠᠭᠰᠢ ᠨᠠᠷ ᠤᠨ ᠢᠶᠡᠨ ᠥᠴᠥᠬᠡᠨ ᠪᠠᠭ᠎ᠠ ᠳᠤᠲᠠᠭᠳᠠᠯ ᠢ ᠦᠰᠦᠳᠡᠵᠦ ᠲᠠᠰᠤᠳᠠᠭᠠᠳ ᠲᠠᠯᠪᠢᠬᠤ ᠦᠭᠡᠢ᠂ ᠥᠰᠢᠵᠦ ᠵᠥᠷᠢᠭᠡᠳ ᠪᠠᠶᠢᠳᠠᠭ᠃ ᠡᠶᠢᠮᠦ ᠰᠣᠷᠣᠭᠴᠢ ᠬᠡᠵᠢᠶᠡᠳᠡ ᠬᠠᠶᠢᠷ᠎ᠠ ᠶᠢ ᠬᠠᠯᠠ ᠪᠠᠷ ᠣᠶᠢᠯᠠᠭᠠᠵᠤ ᠬᠦᠮᠦᠵᠢᠯ ᠳᠦ ᠭᠠᠵᠢ ᠪᠠᠷ ᠬᠠᠨᠳᠤᠳᠠᠭ ᠲᠤᠯᠠ ᠬᠦᠮᠦᠵᠢᠯ ᠰᠤᠷᠭᠠᠯ ᠤᠨ ᠡᠷᠬᠢᠮ ᠨᠠᠨᠳᠢᠨ ᠢ ᠴᠠᠭ ᠲᠤᠬᠠᠢ ᠳᠤ ᠨᠢ ᠬᠦᠯᠢᠶᠡᠨ ᠠᠪᠴᠤ ᠬᠦᠷᠲᠡᠵᠦ ᠳᠡᠶᠢᠯᠬᠦ ᠦᠭᠡᠢ ᠠᠯᠳᠠᠭᠠᠳ ᠶᠠᠪᠤᠭᠤᠯᠴᠢᠬᠠᠳᠠᠭ᠃ ᠢᠩᠬᠢᠭᠡᠳ ᠦᠷᠭᠦᠯᠵᠢ ᠪᠠᠭᠰᠢ ᠠᠬᠠᠮᠠᠳ ᠢᠶᠠᠨ ᠵᠣᠪᠠᠭᠠᠳᠠᠭ᠃ ᠬᠡᠵᠢᠶ᠎ᠡ ᠬᠣᠶᠢᠨᠠ ᠬᠡᠷᠡᠭ ᠤᠴᠢᠷ ᠢ ᠭᠦᠢᠴᠡᠳ ᠣᠶᠢᠯᠠᠭᠠᠵᠤ ᠢᠷᠡᠬᠦ ᠪᠡᠷ︽ ᠭᠡᠮ ᠨᠢ ᠡᠮᠦᠨ᠎ᠡ ᠪᠡᠨ ᠭᠡᠮᠰᠢᠯ ᠨᠢ ᠬᠣᠶᠢᠨᠡ ᠪᠠᠨ︾ ᠪᠣᠯᠳᠠᠭ᠃
ᠵᠢᠷᠭᠤᠭ᠎ᠠ
ᠰᠤᠷᠤᠭᠴᠢ ᠪᠣᠯᠤᠭᠰᠠᠳ ᠪᠠᠭᠰᠢ ᠨᠠᠷ ᠢᠶᠡᠨ ᠬᠡᠵᠢᠶ᠎ᠡ ᠡᠴᠡ ᠡᠬᠢᠯᠡᠵᠦ ᠬᠡᠲᠦ ᠢᠯᠡᠭᠦᠦ ᠣᠶᠢᠯᠠᠭᠠᠳᠠᠭ ᠪᠣᠢ
ᠬᠡᠯᠡᠯᠭᠡᠨ ᠦᠭᠡᠢ ᠨᠡᠶᠢᠭᠡᠮ ᠳ᠋ᠦ ᠭᠠᠷᠤᠭᠠᠳ ᠬᠠᠶᠠᠭ᠎ᠠ ᠮᠥᠷᠭᠥᠵᠦ ᠬᠠᠳᠠᠭᠠᠰᠤ ᠬᠠᠷᠭᠤᠬᠤ ᠮᠥᠴᠡ ᠳ᠋ᠦ᠂ ᠮᠡᠳᠡᠯᠭᠡ ᠮᠡᠬᠦᠰᠳᠡᠨ ᠴᠢᠳᠠᠪᠤᠷᠢ ᠲᠣᠯᠢᠮᠠᠭᠳᠠᠭᠠᠳ ᠪᠤᠰᠤᠳ ᠤᠨ ᠳᠣᠣᠷᠠᠰᠢᠶᠠᠯ ᠳ᠋ᠦ ᠤᠴᠠᠷᠠᠭᠰᠠᠨ ᠴᠠᠭ ᠂ ᠦᠨᠡᠨ ᠰᠡᠳᠬᠢᠯ ᠤᠨ ᠰᠢᠭᠦᠮᠵᠢ ᠰᠤᠷᠭᠠᠮᠵᠢ ᠣᠯᠵᠤ ᠬᠦᠷᠲᠡᠬᠦ ᠦᠭᠡᠢ ᠦᠶ᠎ᠡ ᠳ᠋ᠦ ᠪᠠᠭᠰᠢ ᠨᠠᠷ ᠢᠶᠡᠨ ᠬᠡᠨ ᠡᠴᠡ ᠢᠯᠡᠭᠦᠦ ᠣᠶᠢᠯᠠᠭᠠᠵᠤ᠂ ᠬᠦᠨᠳᠦᠳᠬᠡᠬᠦ ᠰᠡᠳᠬᠢᠯ ᠲᠥᠷᠥᠭᠳᠡᠬᠦ ᠪᠣᠯᠣᠨ᠎ᠠ᠃
ᠬᠦᠮᠦᠰ ᠪᠠᠭᠰᠢ ᠨᠠᠷ ᠢᠶᠡᠨ ᠬᠡᠵᠢᠶ᠎ᠡ ᠡᠴᠡ ᠡᠬᠢᠯᠡᠵᠦ ᠬᠡᠲᠦ ᠢᠯᠡᠭᠦᠦ ᠬᠦᠨᠳᠦᠳᠬᠡᠨ ᠪᠢᠰᠢᠷᠡᠳᠡᠭ ᠪᠣᠢ ᠥᠰᠴᠦ ᠲᠣᠮᠣᠭᠠᠵᠢᠭᠰᠠᠨ ᠬᠣᠶᠢᠨᠠ ᠪᠤᠶᠤ ᠦᠷ᠎ᠡ ᠲᠠᠢ ᠬᠡᠤᠭᠡᠳ ᠲᠠᠢ ᠪᠣᠯᠣᠭᠠᠳ ᠦᠷ᠎ᠡ ᠬᠡᠤᠬᠡᠳ ᠲᠤ ᠪᠡᠨ ᠬᠥᠮᠥᠵᠢᠯ ᠬᠦᠷᠲᠡᠭᠡᠬᠦ ᠦᠶᠡᠰ ᠡᠰᠡᠬᠦᠯ᠎ᠡ ᠦᠪᠡᠷᠳᠡᠭᠡᠨ ᠬᠥᠮᠥᠵᠢᠯ ᠤᠨ ᠲᠠᠶᠢᠰᠠᠨ ᠳ᠋ᠦ ᠵᠣᠭᠰᠣᠭᠰᠠᠨ ᠴᠠᠭ ᠲᠦ ᠪᠠᠭᠰᠢ ᠳ᠋ᠦ ᠪᠡᠨ ᠳᠤᠷ᠎ᠠ ᠦᠭᠡᠢᠢᠴᠡᠵᠦ᠂ ᠭᠣᠮᠣᠳᠠᠵᠤ ᠬᠢᠯᠢᠩᠨᠡᠵᠦ᠂ ᠵᠠᠨᠤᠵᠤ ᠬᠣᠷᠤᠰᠴᠦ ᠪᠠᠶᠢᠭᠰᠠᠨ ᠪᠥᠬᠥᠨ ᠢᠶᠡᠨ ᠪᠤᠷᠤᠭᠤ ᠶᠢ ᠮᠡᠳᠡᠵᠦ᠂ ᠬᠠᠶᠢᠷ᠎ᠠ ᠬᠠᠷᠢᠭᠤᠴᠠᠯᠭ᠎ᠠ ᠶᠠᠭᠤ ᠪᠣᠯᠬᠤ ᠶᠢ ᠬᠠᠮᠤᠭ ᠡᠴᠡ ᠢᠯᠡᠭᠦᠦ ᠣᠶᠢᠯᠠᠭᠠᠵᠤ ᠤᠴᠢᠷᠯᠠᠳᠠᠭ᠃
ᠪᠢ ᠪᠠᠭᠰᠢ ᠬᠦᠮᠦᠨ ᠪᠣᠯᠬᠣᠷ ᠪᠠᠭᠰᠢ ᠨᠠᠷ ᠢᠶᠡᠨ ᠬᠠᠮᠤᠭ ᠡᠴᠡ ᠢᠯᠡᠭᠦᠦ ᠣᠶᠢᠯᠠᠭᠠᠨ᠎ᠠ᠃ ᠪᠠᠭᠰᠢ ᠨᠠᠷ ᠮᠠᠨᠢ ᠬᠡᠨ ᠤ ᠲᠥᠯᠥᠭᠡ ᠶᠠᠭᠤᠨ ᠤ ᠤᠴᠢᠷ ᠲᠦ ᠬᠦᠴᠦ ᠪᠡᠨ ᠡᠷᠭᠦᠵᠦ ᠨᠠᠰᠤ ᠪᠡᠨ ᠦᠷᠡᠳᠡᠭ ᠢ ᠪᠢ ᠬᠡᠨ ᠡᠴᠡ ᠴᠤ ᠢᠯᠡᠭᠦᠦ ᠮᠡᠳᠡᠨ᠎ᠡ᠃ ᠬᠠᠶᠢᠷ᠎ᠠ ᠬᠠᠷᠢᠭᠤᠴᠠᠯᠭ᠎ᠠ ᠬᠦᠨᠳᠠᠵᠦ ᠪᠣᠯᠣᠰᠢ ᠦᠭᠡᠢ ᠳᠠᠷᠬᠠᠨ ᠲᠢᠲᠢᠮ ᠢᠶᠡᠨ ᠬᠥᠰᠡᠷ ᠣᠶᠢᠴᠢᠭᠤᠯᠤᠯ ᠦᠭᠡᠢ ᠡᠷᠭᠦᠬᠡᠳ ᠤᠷᠤᠭᠰᠢᠯᠠᠭᠠᠳ ᠪᠠᠶᠢᠳᠠᠭ ᠢ ᠨᠢ ᠪᠢ ᠮᠡᠳᠡᠨ᠎ᠡ᠃ ᠭᠣᠮᠣᠳᠠᠯ ᠨᠡᠭᠡᠭᠡᠳᠡᠭ ᠰᠣᠷᠣᠭᠴᠢ ᠳ᠋ᠦ ᠪᠡᠨ︽ ᠴᠢ ᠮᠦᠨᠴᠦ ᠥᠰᠴᠦ ᠭᠦᠢᠴᠡᠭᠡ ᠦᠭᠡᠢ ᠪᠠᠶᠢᠭᠰᠠᠭᠠᠷ︾ ᠭᠡᠵᠦ ᠰᠠᠨᠠᠭᠤᠯᠤᠭᠠᠳ ᠢᠨᠢᠶᠡᠭᠡᠳ ᠶᠠᠪᠤᠳᠠᠭ ᠢ ᠨᠢ ᠪᠢ ᠪᠠᠰᠠ ᠮᠡᠳᠡᠨ᠎ᠡ᠃ ᠢᠨᠢᠶᠡᠳᠦᠨ ᠳ᠋ᠦ ᠨᠢ ᠡᠨᠡᠷᠢᠩᠭᠦᠢ ᠪᠤᠷᠬᠠᠨ ᠤ ᠳᠦᠷᠢ ᠲᠣᠳᠣᠷᠠᠭᠠᠳ ᠪᠠᠶᠢᠳᠠᠭ ᠢ ᠪᠢ ᠨᠡᠩ ᠮᠡᠳᠡᠨ᠎ᠡ᠃
ᠲᠡᠳᠡ ᠦᠨᠡᠨ ᠬᠦ ᠠᠭᠤᠳᠠᠮᠴᠢ ᠡᠷᠬᠢᠮᠰᠦᠭ ᠤᠯᠤᠰ᠂ ᠲᠡᠭᠷᠢ ᠶᠢᠨ ᠳᠣᠣᠷ᠎ᠠ ᠨᠠᠷᠠ ᠰᠢᠭ᠋ ᠬᠡᠷᠡᠯᠳᠦᠭᠡᠳ ᠵᠢᠷᠭᠠᠨ ᠵᠢᠷᠭᠠᠲᠠᠯ᠎ᠠ ᠠᠴᠢ ᠬᠦᠷᠲᠡᠭᠡᠯ ᠢᠶᠡᠨ ᠦᠷ᠎ᠡ ᠬᠣᠶᠢᠴᠢᠰ ᠲᠦ ᠪᠡᠨ ᠳᠠᠭᠤ ᠦᠭᠡᠢ ᠡᠷᠭᠦᠬᠡᠳ ᠰᠢᠩᠭᠡᠳᠡᠭ ᠤᠯᠤᠰ᠃ ᠲᠡᠶᠢᠮᠦ ᠪᠣᠯᠬᠣᠷ ᠲᠡᠳᠡᠨ ᠳ᠋ᠦ ᠪᠡᠨ ᠭᠣᠮᠣᠳᠠᠵᠤ ᠤᠴᠠᠭᠠᠷᠯᠠᠬᠤ ᠡᠷᠬᠡ ᠰᠣᠷᠣᠭᠴᠢ ᠬᠥᠮᠥᠨ ᠳ᠋ᠦ ᠠᠯᠠᠭ᠎ᠠ᠃
ᠣᠶᠢᠯᠠᠭᠠᠬᠤ ᠶᠢᠨ ᠬᠠᠷᠠᠭ᠎ᠠ ᠪᠠᠷ ᠰᠤᠷᠤᠭᠴᠢ ᠬᠦᠮᠦᠨ ᠦ ᠳᠣᠲᠤᠭᠠᠲᠤ ᠰᠡᠳᠭᠢᠯ ᠠᠷᠢᠭᠤᠰᠳᠠᠭ᠂ ᠣᠶᠢᠯᠠᠭᠠᠭᠳᠠᠬᠤ ᠶᠢᠨ ᠡᠷᠬᠡ ᠪᠡᠷ ᠪᠠᠭᠰᠢ ᠬᠦᠮᠦᠨ ᠦ ᠰᠣᠳᠤᠨ ᠴᠢᠨᠠᠷ ᠭᠢᠯᠪᠠᠳᠠᠭ᠃
ᠪᠠᠭᠰᠢ ᠶᠢᠨ ᠪᠠᠶᠠᠷ ᠪᠣᠯᠵᠤ ᠪᠠᠶᠢᠭ᠎ᠠ ᠡᠨᠡ ᠬᠦ ᠲᠠᠰᠢᠷᠠᠮ ᠢᠶᠡᠷ ᠬᠠᠷᠢᠯᠴᠢᠨ ᠣᠶᠢᠯᠠᠭᠠᠯᠴᠠᠬᠤ ᠶᠢᠨ ᠴᠢᠬᠤᠯᠠ ᠬᠠᠷᠠᠭᠠᠰᠤ ᠠᠴᠠ ᠨᠠᠳᠠ ᠪᠠᠭᠰᠢᠯᠠᠭᠰᠠᠨ ᠪᠠᠭᠰᠢ ᠪᠥᠬᠥᠨ ᠳ᠋ᠦ ᠪᠡᠨ ᠲᠡᠷᠡᠴᠢᠯᠡᠨ ᠨᠡᠳᠠ ᠪᠠᠭᠰᠢᠯᠠᠭᠰᠠᠨ ᠦᠭᠡᠢ ᠴᠤ ᠪᠠᠭᠰᠢ ᠶᠢᠨ ᠠᠯᠪᠠ ᠡᠭᠦᠷᠭᠡ ᠭᠦᠢᠴᠡᠳᠬᠡᠵᠦ ᠪᠠᠶᠢᠭ᠎ᠠ ᠪᠥᠬᠥ ᠪᠠᠭᠰᠢ ᠨᠠᠷ ᠲᠦ ᠪᠡᠨ ᠪᠠᠶᠠᠷ ᠤᠨ ᠡᠳᠦᠷ ᠤᠨ ᠬᠠᠯᠠᠭᠤᠨ ᠮᠡᠨᠳᠤᠴᠢᠯᠡᠯ ᠳᠡᠪᠰᠢᠭᠦᠯᠵᠦ ᠪᠠᠶᠢᠨᠠᠮ