-
122583
ᠳᠠᠳᠬᠠᠯ ᠢ ᠴᠢᠨᠢ ᠥᠬᠡᠷᠴᠢᠯᠡᠶᠡ
2021-01-17 11:24
223
0
ᠳᠠᠳᠬᠠᠯ ᠢ ᠴᠢᠨᠢ ᠥᠬᠡᠷᠴᠢᠯᠡᠶᠡ᠃ ᠶᠠᠷᠢᠶᠠᠨ ᠥᠭᠡᠢ ᠮᠠᠭᠣ ᠳᠠᠳᠬᠠᠯ ᠢ ᠴᠢᠨᠢ ᠥᠭᠡᠷᠡᠴᠢᠯᠡᠶ᠎ᠡ᠃
ᠳᠠᠳᠬᠠᠯ ᠭᠡᠳᠡᠭ ᠪᠣᠯ᠂ ᠨᠢᠬᠡᠡ ᠵᠣᠢᠯ ᠢᠶᠠᠨ ᠥᠷᠬᠥᠯᠵᠢ ᠬᠢᠬᠡᠳ ᠳᠠᠳᠬᠠᠯᠰᠢᠬᠣ ᠶᠢ ᠬᠡᠯᠡᠵᠥ ᠪᠠᠢᠨ᠎ᠠ᠃ ᠳᠠᠷᠣᠢ ᠡᠳᠣᠷᠵᠢᠨ ᠨᠣᠮ ᠥᠵᠡᠬᠥ᠂ ᠡᠳᠣᠷᠵᠢᠨ ᠳᠠᠮᠠᠬᠢ ᠳᠠᠳᠠᠬᠣ ᠂᠂᠂᠂ᠵᠡᠷᠬᠡ ᠣᠯᠠᠨ ᠵᠣᠢᠯ ᠪᠣᠢ᠃ ᠳᠡᠭᠡᠪᠡᠯ ᠪᠠᠰᠠ ᠰᠠᠢᠨ ᠳᠠᠳᠬᠠᠯ᠂ ᠮᠠᠭᠣ ᠳᠠᠳᠬᠠᠯ ᠬᠡᠵᠥ ᠢᠯᠭᠠᠬᠣ ᠬᠡᠷᠡᠭ᠌ᠳᠠᠢ᠃ ᠰᠠᠢᠨ ᠳᠠᠳᠬᠠᠯ ᠢ ᠥᠷᠬᠥᠯᠵᠢᠯᠡᠬᠥᠯᠵᠥ ᠪᠣᠯᠣᠨ᠎ᠠ᠃ ᠮᠠᠭᠣ ᠳᠠᠳᠬᠠᠯ ᠢ ᠠᠭᠠᠵᠢᠮ ᠢᠶᠠᠷ ᠬᠠᠰᠣᠵᠥ ᠠᠯᠠᠭ᠎ᠠ ᠪᠣᠯᠭᠠᠵᠥ ᠪᠣᠯᠣᠨ᠎ᠠ᠃
ᠬᠥᠮᠥᠨ ᠶᠡᠷᠣᠳᠡᠭᠡᠨ ᠳᠠᠳᠬᠠᠯ ᠳᠤ ᠪᠠᠷᠢᠭᠳᠠᠭᠰᠠᠭᠠᠷ ᠥᠪᠡᠷ ᠢᠶᠡᠨ ᠮᠡᠳᠡᠯ ᠥᠭᠡᠢ ᠳᠡᠷᠨ ᠳᠠᠳᠬᠠᠯ ᠳᠠᠭᠠᠨ ᠪᠣᠭᠣᠯᠴᠢᠯᠠᠭᠳᠠᠭᠠᠳ ᠪᠠᠢᠳᠠᠭ᠃ ᠳᠠᠷᠣᠢ ᠪᠠᠭ᠎ᠠ ᠣᠷᠣᠯᠭ᠎ᠠ ᠣᠯᠳᠠᠭ ᠬᠥᠮᠥᠨ ᠬᠡᠵᠢᠶᠡᠳᠡ ﹇ ᠮᠢᠨᠣ ᠣᠷᠣᠯᠭ᠎ᠠ ᠡᠢᠮᠥ ᠯᠡ ᠶᠤᠮ﹈ ᠬᠡᠲᠡ ᠪᠡᠶ᠎ᠡ ᠳᠡᠭᠡᠨ ᠢᠳᠡᠬᠡᠬᠥᠯᠥᠬᠡᠳ ᠬᠡᠵᠢᠶᠡᠳᠡ ᠳᠡᠷᠨ ᠨᠢᠬᠡᠡ ᠳᠠᠳᠬᠠᠯᠰᠢᠭᠰᠠᠨ ᠠᠵᠢᠯ ᠪᠣᠯᠣᠨ ᠪᠣᠳᠣᠯᠭ᠎ᠠ ᠳᠠᠭᠠᠨ ᠳᠠᠷᠣᠭᠳᠠᠭᠠᠳ ᠠᠵᠢᠯᠯᠠᠵᠥ ᠠᠮᠢᠳᠣᠷᠠᠵᠥ ᠪᠠᠢᠳᠠᠭ᠃ ᠳᠠᠷᠣᠢ ᠶᠡᠬᠡ ᠶᠢ ᠪᠣᠳᠣᠵᠥ ᠰᠢᠨ᠎ᠡ ᠶᠢ ᠡᠬᠥᠳᠬᠥ ᠵᠣᠷᠢᠭ ᠰᠥᠰᠥ ᠥᠭᠡᠢ ᠪᠣᠯᠴᠢᠬᠠᠳᠠᠭ᠃ ᠬᠥᠰᠡᠯ ᠮᠥᠷᠥᠬᠡᠳᠥᠯ ᠥᠭᠡᠢ ᠬᠥᠮᠥᠨ ᠪᠣᠯᠣᠨ ᠬᠣᠪᠢᠷᠠᠵᠥ ᠥᠬᠥᠨᠴᠡ ᠳᠣᠷᠣᠢ ᠬᠥᠮᠥᠨ ᠪᠣᠯᠣᠨ ᠬᠣᠪᠢᠷᠠᠵᠥ ᠬᠥᠮᠥᠨ ᠥᠵᠡᠭᠰᠡᠬᠡᠷ ᠥᠵᠡᠭᠡᠳ ᠭᠠᠷᠴᠢᠬᠠᠨ᠎ᠠ᠃ ᠳᠡᠭᠡᠪᠡᠯ ᠳᠡᠷᠨ ᠬᠥᠮᠥᠨ ᠳᠦ ᠶᠠᠭᠣ ᠳᠣᠳᠠᠭ᠍ᠳᠠᠵᠥ ᠪᠠᠢᠨ᠎ᠠ ᠪᠣᠢ ᠳᠠᠷᠣᠢ ᠰᠢᠨ᠎ᠡ ᠭᠥᠰᠡᠯ ᠮᠥᠷᠥᠬᠡᠳᠣᠯ᠂ ᠰᠢᠨ᠎ᠡ ᠳᠠᠳᠬᠠᠯ ᠳᠣᠳᠠᠭ᠍ᠳᠠᠵᠥ ᠪᠠᠢᠨ᠎ᠠ᠃
ᠬᠡᠷᠪᠡ ᠲᠠ ᠰᠠᠢᠨ ᠳᠠᠳᠬᠠᠯ ᠲᠠᠢ ᠬᠥᠮᠥᠨ ᠪᠣᠯᠣᠶ᠎ᠠ ᠬᠡᠵᠥ ᠪᠣᠳᠣᠵᠥ ᠪᠠᠢᠭ᠎ᠠ ᠪᠣᠯ ᠭᠥᠰᠡᠵᠥ ᠪᠠᠢᠭ᠎ᠠ ᠪᠣᠯ ᠳᠠᠳᠡᠭᠡᠷ ᠨᠣᠮ ᠪᠢᠴᠢᠭ ᠡᠴᠡ ᠪᠣᠶᠣ ᠡᠷᠳᠡᠮᠳᠡᠨ ᠬᠥᠮᠥᠰ ᠢ ᠢᠯᠡᠬᠥᠣ ᠰᠣᠷᠪᠣᠯᠵᠢᠯᠠᠵᠥ ᠰᠣᠷᠣᠯᠴᠠᠵᠥ ᠶᠠᠪᠣᠬᠣ ᠨᠢ ᠬᠠᠮᠣᠭ ᠤᠨ ᠴᠢᠬᠣᠯᠠ᠃ ᠬᠠᠷᠢᠨ ᠬᠠᠮᠢᠶ᠎ᠠ ᠥᠬᠡᠢ ᠥᠭᠡᠷ᠎ᠡ ᠤᠨ ᠠᠶ᠎ᠠ ᠪᠡᠷ ᠪᠣᠯᠬᠣ ᠶᠤᠮ ᠬᠡᠵᠥ ᠪᠣᠳᠣᠪᠠᠯ ᠳᠣᠢᠯ ᠤᠨ ᠣᠳᠠᠭᠠᠨ ᠪᠣᠯᠵᠥ ᠲᠠᠨ ᠤ ᠨᠢᠬᠡᠨ ᠨᠠᠰᠥ ᠬᠠᠢᠷᠠᠨ ᠥᠩᠬᠡᠷᠡᠬᠥ ᠪᠣᠯᠣᠨ᠎ᠠ᠃ ᠡᠢᠮᠥ ᠡᠴᠡ ᠰᠣᠷᠣᠯᠴᠠᠨ᠎ᠠ ᠭᠡᠳᠡᠭ ᠪᠣᠯ ᠠᠲᠠᠭ᠎ᠠ ᠬᠣᠣᠷᠠᠨ ᠳᠠᠭᠠᠨ ᠪᠣᠶᠣ ᠢᠪᠴᠠᠭᠣ ᠪᠣᠳᠣᠯ ᠰᠠᠨᠠᠭ᠎ᠠ ᠳᠠᠭᠠᠨ ᠪᠣᠭᠣᠯᠴᠢᠯᠠᠭᠳᠠᠬᠣ ᠶᠢ ᠬᠡᠯᠡᠬᠥ ᠪᠢᠰᠢ᠂ ᠬᠠᠷᠢᠨ ᠰᠢᠨᠳᠠᠷᠠᠯ ᠥᠬᠡᠢ ᠣᠷᠣᠭᠰᠢ ᠰᠢᠮᠳᠠᠨ ᠴᠢᠷᠮᠠᠢᠬᠣ ᠶᠢ ᠬᠡᠯᠡᠨ᠎ᠡ᠃ ᠪᠠᠶᠠᠷᠳᠠᠢ᠂ ᠳᠠᠬᠢᠨ ᠵᠣᠭᠣᠭᠳᠠᠶᠠ᠃
ᠪᠢ ᠶᠠᠭᠣ ᠴᠣ ᠬᠢᠵᠥ ᠴᠢᠳᠠᠬᠣ ᠥᠬᠡᠢ᠃ ᠪᠢ ᠶᠠᠮᠠᠷ ᠨᠢᠬᠡᠡ ᠬᠥᠮᠥᠨ ᠦ ᠡᠴᠡ ᠳᠣᠯᠣᠭᠠᠨ ᠳᠣᠣᠷ᠎ᠠ ᠭᠡᠬᠥ ᠮᠠᠭᠣ ᠳᠠᠳᠬᠠᠯ ᠢ ᠴᠢᠨᠢ ᠥᠬᠡᠷᠴᠢᠯᠡᠶᠡ᠃
ᠪᠢ ᠡᠳᠣᠢ ᠴᠢᠷᠮᠠᠢᠭᠠᠳ ᠶᠠᠮᠠᠷ ᠴᠣ ᠥᠷ᠎ᠡ ᠳᠥᠩ ᠥᠭᠡᠢ ᠬᠡᠬᠥ ᠪᠠ ᠪᠢ ᠡᠨᠡ ᠨᠠᠰᠣᠨ ᠳᠠᠭᠠᠨ ᠬᠡᠵᠢᠶᠡᠳᠡ ᠡᠢᠮᠥ ᠯᠡ ᠬᠡᠵᠢᠶ᠎ᠡ ᠴᠣ ᠪᠠᠶᠠᠵᠢᠵᠥ ᠴᠢᠳᠠᠬᠣ ᠥᠭᠡᠢ ᠭᠡᠬᠥ ᠵᠡᠷᠬᠡ ᠮᠠᠭᠣ ᠳᠠᠳᠬᠠᠯ ᠤᠳ ᠢ ᠴᠢᠨᠢ ᠬᠠᠯᠠᠶᠠ᠃
ᠳᠡᠷᠨ ᠶᠠᠭᠣ ᠴᠣ ᠪᠢᠰᠢ᠂ ᠳᠡᠷᠨ ᠶᠠᠭᠣ ᠴᠣ ᠪᠥᠳᠥᠬᠡᠵᠥ ᠳᠡᠢᠯᠬᠥ ᠥᠭᠡᠢ᠃ ᠢᠳᠡᠬᠡᠬᠥ ᠥᠭᠡᠢ ᠪᠣᠯ ᠲᠠ ᠬᠠᠷᠠᠵᠥ ᠪᠠᠢ᠃ ᠭᠡᠬᠥ ᠮᠠᠭᠣ ᠳᠠᠳᠬᠠᠯ ᠢ ᠴᠢᠨᠢ ᠬᠠᠯᠠᠶᠠ᠃
ᠪᠢᠳᠡᠨ ᠪᠥᠷ ᠶᠠᠭᠣ ᠴᠣ ᠪᠢᠰᠢ᠂ ᠲᠠ ᠪᠣᠰᠣᠳ ᠢ ᠥᠵᠡ ᠪᠢᠳᠡᠨ ᠦ ᠡᠴᠡ ᠬᠣᠯᠠ ᠳᠡᠭᠡᠷ᠎ᠡ ᠭᠡᠬᠥ ᠪᠠ ᠪᠢᠳᠡ ᠬᠥᠮᠥᠨ ᠦ ᠶᠢ ᠬᠡᠵᠢᠶ᠎ᠡ ᠴᠣ ᠳᠠᠭᠣᠵᠥ ᠬᠥᠢᠴᠡᠨ ᠳᠠᠪᠠᠵᠥ ᠭᠠᠷᠴᠣ ᠴᠢᠳᠠᠬᠤ ᠥᠭᠡᠢ ᠭᠡᠬᠥ ᠮᠠᠭᠣ ᠳᠠᠳᠬᠠᠯ ᠢ ᠴᠢᠨᠢ ᠥᠭᠡᠷᠴᠢᠯᠠᠶᠠ᠃
ᠪᠢᠳᠡᠨ ᠳᠦ ᠶᠠᠭᠣ ᠴᠣ ᠳᠣᠳᠠᠬᠣ ᠥᠭᠡᠢ᠃ ᠪᠢᠳᠡ ᠶᠠᠭᠣ ᠪᠠᠷ ᠴᠣ ᠳᠣᠳᠠᠬᠣ ᠥᠬᠡᠢ᠃ ᠵᠥᠪᠬᠡᠨ ᠢᠩᠬᠢᠬᠡᠳ ᠠᠮᠢᠳᠣᠷᠠᠵᠥ ᠪᠠᠢᠭᠰᠠᠭᠠᠷ ᠪᠣᠯᠴᠢᠬᠠᠨ᠎ᠠ᠃ ᠪᠢᠳᠡ ᠴᠢᠨᠢ ᠬᠥᠮᠥᠨ ᠦ ᠶᠢ ᠬᠡᠵᠢᠶᠡᠳᠡ ᠬᠥᠬᠡᠬᠡᠵᠥ ᠭᠥᠢᠴᠢᠳᠡᠭ ᠬᠥᠮᠥᠰ ᠪᠢᠰᠢ ᠭᠡᠬᠥ ᠮᠠᠭᠣ ᠳᠠᠳᠬᠠᠯ ᠢ ᠴᠢᠨᠢ ᠥᠬᠡᠷᠴᠢᠯᠡᠶᠡ᠃
ᠠᠷᠪᠢᠨ ᠮᠠᠭᠣ ᠳᠠᠳᠬᠠᠯ ᠢ ᠴᠢᠨᠢ ᠥᠬᠡᠷᠴᠢᠯᠡᠶᠡ᠃ ᠥᠭᠡᠷᠡᠴᠢᠯᠡᠶ᠎ᠡ