-
2076350
ᠲᠡᠮᠡᠬᠡᠨ ᠤ ᠭᠤᠷᠪᠡᠨ ᠡᠷᠳᠠᠨᠢ
2019-05-30 10:07
374
0
ᠲᠡᠮᠡᠬᠡ ᠪᠤᠯ ᠪᠠᠶᠢᠭᠠᠯᠢ ᠶ᠋ᠢᠨ ᠨᠦᠬᠦᠴᠡᠯ ᠮᠠᠭᠤ ᠬᠦᠢᠳᠡᠨ ᠬᠠᠯᠠᠭᠤᠨ ᠳ᠋ᠣ ᠪᠤᠰᠣᠣᠨ ᠮᠠᠯ ᠡᠴᠡ
ᠬᠤᠯᠠ ᠢᠯᠡᠬᠦᠣ ᠵᠣᠬᠢᠴᠠᠨ ᠠᠮᠢᠳᠣᠷᠠᠵᠤ ᠴᠢᠳᠠᠬᠤ ᠣᠨᠴᠠᠯᠢᠭ ᠲᠠᠢ ᠶᠤᠮ ᠃ ︽ ᠲᠡᠮᠡᠬᠡ ᠲᠦᠮᠡᠨ ᠯᠠᠩ ︾
ᠬᠡᠳᠡᠭ ᠢᠶ᠋ᠡᠷ ᠲᠡᠮᠡᠬᠡᠨ ᠳ᠋ᠣ ︽ ᠭᠤᠷᠪᠡᠨ ᠡᠷᠳᠡᠨᠢ ︾ ᠪᠠᠶᠢᠳᠠᠭ ᠃ ᠲᠡᠷᠡ ᠨᠢ ᠲᠠᠷᠣᠢ ᠲᠡᠮᠡᠬᠡ ᠶ᠋ᠢᠨ ᠪᠦᠬᠦ ᠂
ᠲᠠᠪᠠᠭ ᠂ ᠰᠠᠭᠠᠷᠢ ᠪᠤᠯᠤᠨ᠎ᠠ ᠃
ᠲᠡᠮᠡᠬᠡᠨ ᠤ ᠪᠦᠬᠦ ᠪᠤᠯ ᠪᠤᠰᠣᠭᠠ ᠦᠷᠬᠡᠨ ᠦᠨᠳᠣᠷ ᠨᠢᠬᠡ ᠵᠦᠢᠯ ᠤᠨ ᠶᠡᠬᠡ ᠬᠡᠮᠵᠢᠶᠡᠨ ᠤ
ᠦᠬᠡᠬᠦ ᠲᠤᠰᠣ ᠂ ᠢᠯᠴᠢ ᠡᠨ᠋ᠸᠷᠬᠢ ᠪᠠ ᠰᠢᠮ᠎ᠠ ᠲᠡᠵᠢᠬᠡᠯ ᠤᠨ ᠪᠤᠳᠠᠰ ᠢ ᠬᠤᠷᠠᠮᠳᠣᠭᠤᠯᠤᠨ ᠬᠠᠳᠠᠭᠠᠯᠠᠵᠤ
ᠪᠠᠶᠢᠭ᠎ᠠ ᠣᠭᠣᠳᠠ ᠶᠤᠮ ᠃ ᠡᠶᠢᠨ ᠬᠦ ᠲᠡᠮᠡᠬᠡᠨ ᠤ ᠪᠦᠬᠦ ᠶ᠋ᠢᠨ ᠦᠢᠯᠡᠳᠣᠯ ᠨᠢ ᠰᠢᠮ᠎ᠡ ᠲᠡᠵᠢᠬᠡᠯ ᠤᠨ
ᠪᠤᠳᠠᠰ ᠢ ᠨᠦᠬᠡᠴᠡᠯᠡᠬᠦ ︽ ᠬᠦᠮᠦᠷᠬᠡ ︾ ᠪᠤᠯᠬᠤᠷ ᠠᠳᠠᠷ ᠬᠡᠬᠡᠷ᠎ᠡ ᠠᠯᠣᠰ ᠬᠤᠯᠠ ᠶᠠᠪᠤᠬᠤ ᠂ ᠡᠪᠤᠯ ᠬᠠᠪᠤᠷ
ᠡᠪᠡᠰᠣ ᠣᠰᠣ ᠪᠡ ᠰᠢᠮ᠎ᠡ ᠲᠡᠵᠢᠬᠡᠯ ᠲᠤᠳᠠᠭᠳᠠᠬᠤ ᠦᠶ᠎ᠡ ᠳ᠋ᠣ ᠲᠡᠬᠦᠨ ᠢᠶ᠋ᠡᠨ ᠵᠠᠳᠠᠷᠠᠭᠤᠯᠤᠨ
ᠠᠰᠢᠭᠯᠠᠳᠠᠭ ᠃ ᠲᠡᠮᠡᠬᠡ 100 ᠺᠢᠯᠦᠭᠷᠡᠮ ᠦᠬᠡᠬᠦ ᠶ᠋ᠢ ᠪᠡᠶ᠎ᠡ ᠳ᠋ᠡᠬᠡᠨ ᠬᠠᠳᠠᠭᠠᠯᠠᠵᠤ ᠴᠢᠳᠠᠨ᠎ᠠ ᠃ ᠡᠨᠡ ᠨᠢ
ᠲᠠᠷᠣᠢ 750 ᠺᠢᠯᠦᠭᠷᠡᠮ ᠪᠤᠷᠳᠣᠭᠠ ᠶ᠋ᠢ ᠪᠡᠶ᠎ᠡ ᠳ᠋ᠡᠬᠡᠨ ᠬᠠᠳᠠᠭᠠᠯᠠᠵᠤ ᠪᠠᠶᠢᠭ᠎ᠠ ᠣᠴᠢᠷ ᠪᠤᠯᠤᠨ᠎ᠠ ᠃
︽ ᠨᠤᠬᠠᠢ ᠬᠤᠴᠠᠬᠤ ᠪᠡᠷ ᠢᠶ᠋ᠡᠨ ᠬᠤᠴᠠᠨ᠎ᠠ ᠂ ᠲᠡᠮᠡᠬᠡ ᠶᠠᠪᠤᠬᠤ ᠪᠡᠷ ᠢᠶ᠋ᠡᠨ ᠶᠠᠪᠤᠨ᠎ᠠ ︾ ᠬᠡᠳᠡᠭᠴᠢᠯᠡᠨ ᠲᠡᠮᠡᠬᠡ
ᠠᠶᠠᠨ ᠵᠢᠩ ᠳ᠋ᠣ ᠲᠤᠯᠤᠭᠠᠨ ᠡᠳᠣᠷ ᠲᠤᠯᠤᠭᠠᠨ ᠬᠤᠨᠣᠭ ᠢᠳᠡᠵᠣ ᠣᠣᠭᠣᠬᠣ ᠦᠬᠡᠢ ᠠᠯᠤᠰ ᠢ ᠪᠠᠷᠠᠯᠠᠨ
ᠶᠠᠪᠤᠵᠤ ᠯᠠ ᠪᠠᠶᠢᠳᠠᠭ ᠃
ᠲᠡᠮᠡᠬᠡᠨ ᠲᠠᠪᠠᠭ ᠪᠤᠯ ᠲᠤᠮᠤ ᠵᠤᠵᠠᠭᠠᠨ ᠵᠦᠬᠡᠯᠡᠨ ᠨᠢᠬᠡ ᠵᠦᠢᠯ ᠤᠨ ᠣᠶᠠᠨ ᠬᠠᠳᠠᠨ ᠴᠢᠨᠠᠷᠳᠠᠢ
ᠡᠪᠡᠷᠯᠢᠭ ᠡᠳ᠋ ᠶᠤᠮ ᠃ ᠲᠡᠮᠡᠬᠡᠨ ᠲᠠᠪᠠᠭ ᠤᠨ ᠦᠢᠯᠡᠳᠣᠯ ᠨᠢ ᠠᠯᠬᠤᠵᠤ ᠬᠢᠰᠬᠢᠬᠦ ᠳ᠋ᠣ ᠯᠠᠪᠳᠠᠭᠤᠨ ᠂
ᠠᠴᠢᠶ᠎ᠠ ᠬᠦᠰᠬᠡ ᠳ᠋ᠦ ᠲᠤᠭᠳᠠᠭᠤᠨ ᠂ ᠣᠨᠣᠰᠢ ᠬᠦᠯᠦᠰᠢ ᠳ᠋ᠣ ᠢᠳᠡᠷᠡᠬᠦᠨ ᠂ ᠠᠭᠤᠯᠠ ᠬᠠᠳᠠᠨ ᠳ᠋ᠣ
ᠬᠠᠯᠳᠣᠷᠢᠬᠣ ᠦᠬᠡᠢ ᠂ ᠣᠰᠣ ᠴᠠᠰᠣ ᠡᠯᠡᠰᠣᠨ ᠳ᠋ᠣ ᠰᠢᠬᠢᠣᠨᠬᠦ ᠦᠬᠡᠢ ᠂ ᠬᠠᠯᠠᠭᠤᠨ ᠬᠦᠢᠳᠡᠨ ᠳ᠋ᠣ
ᠲᠡᠰᠪᠦᠷᠢᠳᠠᠢ ᠂ ᠡᠯᠡᠰᠣ ᠮᠠᠩᠬᠠᠨ ᠳ᠋ᠣ ᠲᠤᠬᠢᠷᠠᠮᠵᠢᠳᠠᠢ ᠂ ᠬᠠᠶᠢᠷ ᠴᠢᠯᠠᠭᠤᠨ ᠳ᠋ᠣ ᠲᠡᠰᠪᠦᠷᠢᠳᠠᠢ ᠂ ᠠᠶᠠᠨ ᠵᠢᠩ
ᠳ᠋ᠣ ᠲᠠᠭᠠᠭᠠᠴᠠᠳᠠᠢ ᠃ ᠡᠶᠢᠮᠣ ᠡᠴᠡ ᠬᠦᠮᠦᠰ ᠲᠡᠮᠡᠬᠡ ᠶ᠋ᠢ ︽ ᠡᠯᠡᠰᠣᠨ ᠴᠦᠯ ᠤᠨ ᠣᠩᠭᠣᠴᠠ ︾ ᠬᠡᠵᠣ
ᠵᠦᠢᠷᠯᠡᠨ ᠮᠠᠭᠳᠠᠳᠠᠭ ᠃ ᠲᠡᠣᠬᠡᠨ ᠳ᠋ᠣ ᠠᠯᠳᠠᠷᠳᠠᠢ ᠲᠠᠩ ᠣᠯᠣᠰ ᠤᠨ ︽ ᠲᠤᠷᠭ᠎ᠠ ᠲᠤᠷᠳᠣᠩ ᠤᠨ ᠵᠠᠮ ︾ ᠢ
ᠲᠡᠮᠡᠬᠡ ᠪᠡᠷ ᠠᠶᠠᠯᠠᠭᠰᠠᠨ ᠢᠷᠡᠭᠤᠬᠠᠨ ᠲᠠᠣᠬᠡᠳᠠᠢ ᠰᠠᠨ ᠃
ᠲᠡᠮᠡᠬᠡᠨ ᠰᠠᠭᠠᠷᠢ ᠪᠤᠯ ᠪᠦᠬᠡᠯᠢᠭ ᠂ ᠵᠤᠵᠠᠭᠠᠯᠢᠭ ᠂ ᠬᠠᠳᠠᠭᠤᠯᠢᠭ ᠨᠢᠬᠡ ᠵᠦᠢᠯ ᠤᠨ ᠡᠪᠡᠷᠰᠢᠭᠰᠡᠨ
ᠡᠪᠡᠷᠰᠢᠮᠡᠯ ᠬᠡᠪᠳᠡᠷᠢ ᠶᠤᠮ ᠃ ᠰᠠᠭᠠᠷᠢ ᠶ᠋ᠢ ᠵᠠᠷᠢᠮ ᠭᠠᠵᠠᠷ ᠪᠠᠰᠠ ᠡᠪᠡᠷᠰᠢᠮᠡᠯ ᠬᠡᠪᠳᠡᠷᠢ ᠬᠡᠳᠡᠭ ᠃ ᠲᠡᠮᠡᠬᠡ
ᠶ᠋ᠢᠨ ᠡᠪᠤᠳᠤᠭ᠌ ᠂ ᠪᠤᠷᠪᠢ ᠂ ᠲᠤᠬᠤᠢ ᠂ ᠡᠪᠴᠢᠬᠦᠤ ᠂ ᠲᠤᠶᠢᠭ ᠵᠡᠷᠬᠡ 7 ᠬᠡᠰᠡᠭ ᠲᠣ ᠡᠪᠡᠷᠰᠢᠭᠰᠡᠨ ᠰᠢᠷᠢ
ᠲᠠᠢ ᠂ ᠲᠡᠮᠡᠬᠡᠨ ᠰᠠᠭᠠᠷᠢ ᠶ᠋ᠢᠨ ᠦᠢᠯᠡᠳᠣᠯ ᠨᠢ ᠬᠠᠯᠠᠭᠤᠨ ᠬᠦᠢᠳᠡᠨ ᠢ ᠬᠦᠨᠳᠡᠶᠢᠷᠡᠬᠦᠯᠵᠣ ᠂ ᠢᠯᠴᠢ ᠲᠤᠯᠠᠭᠠᠨ
ᠢ ᠬᠠᠮᠠᠭᠠᠯᠠᠵᠤ ᠂ ᠦᠷᠣᠯᠳᠡ ᠲᠠᠷᠣᠯᠳᠠ ᠶ᠋ᠢ ᠪᠠᠭᠠᠰᠬᠠᠵᠤ ᠂ ᠬᠡᠮᠳᠣᠬᠦ ᠡᠴᠡ ᠬᠠᠮᠠᠭᠠᠯᠠᠵᠤ ᠂ ᠰᠢᠷᠠᠬᠤ ᠡᠴᠡ
ᠰᠡᠷᠬᠡᠶᠢᠯᠡᠵᠣ ᠂ ᠬᠦᠯᠳᠡᠬᠦ ᠡᠴᠡ ᠲᠤᠰᠠᠭᠠᠷᠯᠠᠨ᠎ᠠ ᠃ ᠡᠯᠡᠰᠣᠨ ᠴᠦᠯ ᠤᠨ ᠬᠠᠯᠠᠭᠤᠨ 70℃ ᠬᠦᠷᠦᠭᠰᠡᠨ
ᠴᠣ ᠲᠡᠮᠡᠬᠡ ᠨᠢ ᠡᠳᠡᠬᠡᠷ ᠰᠠᠭᠠᠷᠢ ᠪᠡᠷ ᠢᠶ᠋ᠡᠨ ᠭᠠᠵᠠᠷ ᠲᠠᠢ ᠨᠠᠭᠠᠯᠳᠣᠨ ᠪᠡᠶ᠎ᠡ ᠶ᠋ᠢᠨ ᠪᠤᠰᠣᠣᠨ ᠬᠡᠰᠡᠭ ᠨᠢ
ᠦᠨᠳᠣᠰᠦᠨ ᠳ᠋ᠡᠬᠡᠨ ᠭᠠᠵᠠᠷ ᠡᠴᠡ ᠬᠤᠯᠠ ᠵᠠᠢ ᠲᠠᠢ ᠪᠤᠯᠬᠤᠷ ᠰᠢᠳᠠᠮ᠎ᠠ ᠬᠠᠯᠠᠭᠤᠨ ᠡᠯᠡᠰᠣ ᠰᠢᠷᠡᠵᠣ
ᠪᠠᠶᠢᠪᠠᠴᠣ ᠠᠮᠤᠷ ᠲᠠᠶᠢᠪᠤᠩ ᠬᠡᠪᠳᠡᠵᠣ ᠴᠢᠳᠠᠳᠠᠭ ᠃ ᠠᠷᠣ ᠭᠠᠵᠠᠷ ᠤᠨ ᠬᠦᠢᠳᠡᠨ ᠲᠡᠭ ᠡᠴᠡ ᠲᠤᠷᠤᠭᠰᠢ
30 40 ℃ ᠪᠤᠯᠤᠭᠰᠠᠨ ᠴᠣ ᠲᠡᠮᠡᠬᠡ ᠡᠳᠡᠬᠡᠷ ᠢᠶ᠋ᠡᠷ ᠢᠶ᠋ᠡᠨ ᠭᠠᠵᠠᠷ ᠲᠠᠢ ᠨᠠᠭᠠᠯᠳᠣᠬᠣ ᠳ᠋ᠣ ᠪᠡᠶ᠎ᠡ
ᠶ᠋ᠢᠨ ᠪᠤᠰᠣᠣᠨ ᠬᠡᠰᠡᠭ ᠨᠢ ᠬᠠᠷᠢᠨ ᠭᠠᠵᠠᠷ ᠡᠴᠡ ᠬᠤᠯᠠ ᠵᠠᠢ ᠲᠠᠢ ᠪᠤᠯᠬᠤᠷ ᠬᠠᠬᠢᠷ ᠡᠪᠤᠯ ᠤᠨ ᠵᠢᠩᠬᠢᠨᠡᠮᠡ
ᠵᠢᠪᠡᠷ ᠦᠬᠡᠳᠡ ᠬᠠᠷᠠᠭᠠᠤᠨ ᠬᠡᠪᠳᠡᠴᠢᠬᠡᠳᠡᠭ ︽ ᠡᠷᠳᠡᠨᠢ ᠶ᠋ᠢᠨ ᠠᠮᠢᠳᠠᠨ ︾ ᠶᠤᠮ ᠃
ᠡᠷᠳᠡᠮᠳᠡᠣᠨ ᠡᠴᠡ ᠲᠡᠮᠡᠬᠡᠨ ᠳ᠋ᠣ ᠦᠯᠦᠰᠣᠬᠦᠯᠬᠦ ᠂ ᠣᠮᠳᠠᠭᠠᠰᠣᠭᠣᠯᠬᠣ ᠲᠤᠷᠰᠢᠯᠳᠠ ᠬᠢᠵᠣ
ᠦᠵᠡᠭᠰᠡᠨ ᠳ᠋ᠦ ᠂ ᠲᠡᠮᠡᠬᠡ ᠪᠤᠯ ᠣᠰᠣ ᠣᠣᠭᠣᠭᠠᠣᠨ ᠲᠡᠵᠢᠬᠡᠯ ᠪᠤᠷᠳᠣᠭᠠ ᠢᠳᠡᠬᠦ ᠦᠬᠡᠢ ᠵᠠᠭᠤᠨ
ᠬᠤᠨᠤᠭ ᠂ ᠣᠰᠣ ᠤᠣᠭᠣᠯᠭᠠᠬᠣ ᠦᠬᠡᠢ ᠲᠡᠵᠢᠬᠡᠬᠡᠣᠨ ᠨᠠᠶᠠᠨ ᠬᠤᠨᠤᠭ ᠂ ᠠᠯᠢ ᠶ᠋ᠢ ᠨᠢ ᠴᠤ ᠬᠡᠷᠡᠭᠯᠡᠬᠦ ᠦᠬᠡᠢ
ᠪᠡᠷ ᠵᠢᠷᠠᠨ ᠬᠤᠨᠤᠭ ᠠᠮᠢᠳᠣᠷᠠᠳᠠᠭ ᠲᠡᠰᠪᠦᠷᠢ ᠲᠠᠭᠠᠭᠠᠴᠠ ᠲᠠᠢ ᠮᠠᠯ ᠬᠡᠵᠣ ᠰᠣᠳᠣᠯᠣᠨ ᠲᠡᠮᠳᠡᠭᠯᠡᠪᠡ ᠃