-
215629
᠁ ᠰᠠᠯᠬᠢᠨ ᠤ ᠬᠡᠯᠡ᠁
2018-09-12 20:51
263
1
ᠠᠢᠯ ᠤᠨ ᠰᠣᠷᠭᠠᠭᠣᠯᠢ ᠶᠢᠨ ᠪᠠᠭᠣᠷᠢ ᠢᠳᠡᠭᠳᠡᠭᠰᠡᠨ ᠳᠣᠪᠣ ᠪᠣᠯᠵᠦ ᠬᠦᠬᠡᠷᠡᠬᠦᠢ
ᠠᠵᠢᠯᠴᠢ ᠪᠠᠭᠰᠢ ᠶᠢᠨ ᠣᠯᠠ ᠮᠦᠷ ᠠᠯᠳᠠᠨ ᠲᠣᠭᠣᠰᠣ ᠪᠤᠯᠵᠦ ᠳᠡᠭᠳᠡᠬᠦᠢ
ᠠᠯᠪᠡᠨ ᠤ ᠬᠷᠡᠭᠴᠡᠭᠡᠲᠦ ᠴᠣᠯᠪᠣᠭᠣᠷ ᠴᠢᠳᠠᠪᠦᠷᠢᠳᠡᠨ ᠤ ᠭᠠᠷ ᠲᠤ ᠣᠷᠣᠬᠣᠢ
ᠠᠯᠮᠦᠷᠢᠳᠡᠢ ᠬᠦᠭᠡᠷᠦᠬᠦᠨ ᠳᠡᠭᠳᠡᠭᠡᠬᠡᠢ ᠨᠣᠳᠣᠭ ᠲᠠᠭᠠᠨ ᠡᠷᠭᠢᠴᠡᠨ ᠳᠡᠪᠳᠡᠷᠡᠭᠦᠢ
ᠴᠡᠴᠡᠷᠯᠢᠭ ᠦᠨ ᠣᠢᠵᠢᠭᠤᠯᠤᠯᠳᠠ ᠨᠠᠪᠴᠢᠯᠠᠵᠦ ᠴᠡᠴᠡᠭᠯᠡᠵᠦ ᠦᠷᠡᠯᠡᠬᠦᠢ
ᠴᠡᠭᠡᠵᠢ ᠵᠢᠷᠦᠬᠡᠨ ᠦ ᠭᠦᠨ ᠳᠦ ᠦᠷᠦᠭᠡᠯ ᠦᠨ ᠵᠣᠯᠵᠠᠭᠠ ᠲᠣᠷᠨᠢᠬᠣᠢ
ᠴᠢᠭᠡᠴᠢ ᠠᠷᠢᠭᠤᠨ᠋ ᠬᠦᠳᠡᠯᠮᠦᠷᠢ ᠳᠤ ᠠᠯᠣᠰ ᠦᠨ ᠬᠦᠰᠡᠯ ᠪᠡᠶᠡᠯᠡᠬᠦᠢ
ᠴᠡᠩᠬᠡᠯ ᠵᠢᠷᠭᠠᠯ ᠤᠨ ᠳᠠᠭᠣᠨ ᠳᠤ ᠬᠠᠢᠷᠠ ᠣᠨᠳᠣᠷᠣᠨ ᠴᠠᠯᠭᠢᠬᠤᠢ
ᠨᠠᠰᠤᠨ᠋ ᠦ ᠠᠮᠠᠷᠠᠯᠳᠠ ᠶᠢ ᠨᠠᠮ ᠤᠨ ᠪᠣᠳᠣᠯᠭᠠ ᠪᠠᠷ ᠲᠣᠭᠳᠠᠭᠠᠬᠣᠢ
ᠨᠠᠰᠤ ᠵᠢᠯ ᠦᠨ ᠤᠯᠠᠷᠢᠯᠲᠡ ᠶᠢ ᠰᠡᠳᠬᠢᠯ ᠦᠨ ᠡᠷᠬᠡ ᠪᠡᠷ ᠮᠡᠳᠡᠷᠡᠬᠦᠢ
ᠨᠠᠮᠠ ᠶᠢ ᠬᠦᠨᠳᠦᠳᠬᠡᠳᠡᠭ ᠬᠦᠮᠦᠰ ᠢ ᠡᠨᠡᠷᠢᠯ ᠦᠨ ᠨᠢᠳᠦ ᠪᠡᠷ ᠬᠠᠷᠠᠬᠣᠢ
ᠨᠠᠮᠣᠷ ᠨᠠᠮᠣᠷ ᠤᠨ ᠦᠩᠬᠡ ᠪᠣᠳᠣᠯ ᠤᠨ ᠬᠠᠷᠭᠣᠢ ᠳᠤ ᠦᠩᠭᠡᠵᠢᠬᠦᠢ
ᠰᠠᠯᠬᠢᠨ ᠤ ᠬᠡᠯᠡ ᠣᠷᠠᠯᠢᠭ ᠢᠳᠡᠮᠯᠡᠵᠦ ᠳᠡᠪᠰᠢᠬᠦᠯᠬᠦᠢ
ᠰᠠᠯᠬᠢᠨ ᠤ ᠬᠡᠯᠡ ᠢᠷᠦᠬᠡᠯ ᠲᠡᠯᠪᠢᠵᠦ ᠬᠦᠦᠷᠨᠢᠬᠦᠢ
ᠰᠠᠯᠬᠢᠨ ᠤ ᠬᠡᠯᠡ ᠲᠣᠯᠣᠭᠠᠨ ᠨᠣᠲ ᠢᠶᠠᠷ ᠬᠦᠩᠭᠢᠨᠡᠬᠦᠢ
ᠰᠠᠯᠬᠢᠨ ᠤ ᠬᠡᠯᠡ ᠲᠠᠶᠠᠩ ᠲᠣᠭᠣᠷᠢᠨ ᠠᠶᠠᠯᠠᠬᠣᠢ