 

ᠵᠦᠪᠬᠡᠨ ᠵᠦᠪ ᠪᠢᠴᠢᠯᠬᠡ ᠶᠢᠨ ᠲᠦᠯᠦᠬᠡ ᠯᠡ ᠪᠢᠰᠢ

2019-11-20 20:54
  152
  1


    ᠤᠢᠢᠷ᠎ᠠ ᠳᠤ ᠵᠠᠷᠢᠮ ᠠᠶᠢᠮᠠᠬ ᠬᠤᠳᠠ ᠶᠢᠨ ᠬᠢᠨ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠮᠤᠩᠭᠤᠯ ᠦᠰᠦᠭ ᠤᠨ ᠵᠦᠪ ᠪᠢᠴᠢᠯᠬᠡ ᠶᠢᠨ ᠤᠷᠤᠯᠳᠤᠭᠠᠨ ᠶᠠᠪᠤᠭᠤᠯᠵᠤ᠂ ᠤᠷᠦ᠋ᠢᠯᠠᠵᠤ ᠮᠠᠩᠯᠠᠶᠢᠯᠠᠬᠰᠠᠳ ᠢ ᠬᠦᠬᠢᠬᠦᠯᠦᠨ ᠱᠠᠩᠨᠠᠬᠰᠠᠨ ᠲᠤᠬᠠᠢ ᠮᠡᠳᠡᠬᠡᠯᠠᠯ ᠨᠡᠶᠢᠳᠡᠮ ᠰᠤᠨᠤᠰᠳᠠᠵᠤ᠂ ᠨᠡᠶᠢᠬᠡᠮ ᠨᠡᠶᠢᠳᠡ ᠳᠤ ᠬᠠᠯᠠᠭᠤᠨ ᠲᠤᠰᠬᠠᠯ ᠭᠠᠷᠴᠤ᠂ ᠤᠷᠤᠯᠴᠠᠬᠰᠠᠨ ᠬᠦᠮᠦᠨ ᠤᠯᠠᠨ᠂ ᠨᠦᠯᠦᠬᠡ ᠲᠤᠰᠬᠠᠯ ᠦᠷᠬᠡᠨ᠂ ᠠᠴᠢ ᠬᠤᠯᠪᠤᠬᠳᠠᠯ ᠶᠡᠭᠡ ᠪᠠᠶᠢᠵᠤ᠂ ᠮᠤᠩᠭᠤᠯ ᠦᠬᠡ ᠬᠡᠯᠡ ᠦᠰᠦᠭ ᠪᠢᠴᠢᠭ ᠢᠶᠠᠨ ᠵᠦᠪ ᠪᠢᠴᠢᠵᠤ᠂ ᠵᠦᠪ ᠤᠡᠭᠰᠢᠵᠤ᠂ ᠵᠦᠪ ᠬᠡᠷᠡᠭᠯᠡᠬᠦ ᠳᠤ ᠢᠳᠡᠪᠬᠢᠳᠡᠢ ᠲᠦᠯᠬᠢᠴᠡ ᠦᠢᠯᠡᠳᠦᠯ ᠦᠵᠡᠬᠦᠯᠵᠤ᠂ ᠦᠨᠳᠤᠰᠤᠳᠠᠨ ᠤ ᠬᠡᠯᠡ ᠰᠤᠶᠤᠯ ᠢᠶᠠᠨ ᠡᠷᠬᠢᠮᠨᠡᠨ ᠲᠡᠬᠡᠳᠦᠯᠡᠵᠤ ᠮᠠᠨᠳᠤᠭᠤᠯᠤᠨ ᠬᠦᠭᠵᠢᠬᠦᠯᠬᠦ ᠳᠤ ᠲᠤᠩ ᠶᠡᠭᠡ ᠠᠴᠢ ᠬᠤᠯᠪᠤᠬᠳᠠᠯ ᠲᠠᠢ ᠠᠵᠢᠯᠯᠠᠭ᠎ᠠ ᠬᠡᠰᠡᠨ ᠦᠨᠡᠯᠡᠯᠳᠡ ᠶᠢ ᠤᠯᠵᠤ ᠪᠠᠶᠢᠨ᠎ᠠ᠃
    ᠡᠬᠦᠨ ᠯᠦᠭᠡ ᠬᠤᠯᠪᠤᠵᠤ ᠦᠪᠡᠷ ᠤᠨ ᠪᠠᠭ᠎ᠠ ᠨᠠᠰᠤ ᠪᠠᠨ ᠡᠷᠬᠢᠴᠡᠬᠦᠯᠵᠤ ᠦᠵᠡᠪᠡ᠃ ᠲᠡᠷᠡ ᠦᠶᠡᠰ᠂ ᠮᠤᠩᠭᠤᠯ ᠬᠡᠯᠡ ᠪᠢᠴᠢᠭ ᠤᠨ ᠬᠢᠴᠢᠶᠠᠯ ᠰᠤᠷᠬᠤ ᠳᠠᠭᠠᠨ ᠴᠠᠭᠠᠨ ᠲᠤᠯᠤᠭᠠᠢ ᠶᠢᠨ ᠭᠤᠷᠪᠠᠨ ᠬᠤᠪᠢᠷᠠᠯ᠂ ᠡᠭᠡᠰᠢᠭ᠂ ᠬᠡᠶᠢᠬᠦᠯᠦᠭᠴᠢ᠂ ᠲᠠᠭᠠᠪᠤᠷᠢ᠂ ᠦᠶ᠎ᠠ ᠵᠠᠯᠭᠠᠬᠤ᠂ ᠦᠬᠡ ᠪᠦᠲᠦᠬᠡᠬᠦ᠂ ᠦᠬᠦᠯᠡᠪᠦᠷᠢ ᠵᠤᠬᠢᠶᠠᠬᠤ᠂ ᠬᠠᠳᠠᠭᠤ ᠵᠦᠬᠡᠯᠡᠨ ᠲᠡᠪᠢᠰᠬᠡᠷ᠂ ᠬᠡᠵᠢᠬᠡ᠂ ᠰᠢᠳᠦ᠂ ᠮᠠᠯᠠᠭᠠᠢ᠂ ᠲᠤᠰᠤᠯ᠂ ᠴᠠᠴᠤᠯᠭ᠎ᠠ᠂ ᠴᠡᠭ ᠲᠡᠮᠳᠡᠭ᠂ ᠲᠠᠩ ᠲᠠᠪᠬᠤᠷ ᠬᠠᠭᠠᠯᠳᠠ ᠬᠡᠵᠤ ᠡᠬᠢ ᠵᠠᠬ᠎ᠠ ᠲᠠᠢ ᠡᠮᠬᠢ ᠵᠢᠷᠤᠮ ᠲᠠᠢ ᠰᠤᠷᠴᠤ᠂ ᠲᠠᠬᠢᠭᠠᠳ ᠴᠢᠨᠠᠬᠰᠢ ᠨᠢ ᠪᠢᠴᠢᠯᠬᠡ ᠪᠠᠨ ᠲᠦᠷᠢᠮᠵᠢᠬᠦᠯᠬᠦ ᠪᠤᠶᠤ ᠭᠠᠷ ᠤᠨ ᠲᠢᠭ ᠢᠶᠠᠨ ᠪᠤᠯᠪᠠᠰᠤᠷᠠᠭᠤᠯᠤᠨ᠂ ᠦᠰᠦᠭ ᠤᠨ ᠭᠤᠶᠤ ᠪᠠᠨ ᠠᠳᠠᠯᠢᠳᠬᠠᠨ᠂ ᠰᠤᠷᠭᠠᠭᠤᠯᠢ ᠶᠢᠨ ᠪᠤᠱᠤᠭ᠎ᠠ ᠶᠢ ᠠᠯᠬᠤᠨ ᠤᠷᠤᠩᠭᠤᠳᠠ ᠯᠡ ᠲᠠᠰᠢᠶ᠎ᠠ ᠪᠤᠷᠤᠭᠤ ᠦᠰᠦᠭ ᠪᠢᠴᠢᠬᠦ ᠶᠢ ᠲᠠᠰᠤ ᠴᠡᠭᠡᠷᠯᠡᠬᠦ ᠱᠠᠭᠠᠷᠳᠠᠯᠭ᠎ᠠ ᠲᠠᠢ ᠪᠠᠶᠢᠵᠠᠢ᠃ ︽ᠵᠦᠪ ᠪᠢᠴᠢᠬᠡᠳ ᠯᠡ ᠵᠤᠬᠰᠤᠨ᠎ᠠ ᠤᠤ ᠳ᠋ᠠ᠂ ᠵᠠᠪᠠᠯ ᠪᠠᠰᠠ ᠭᠠᠷ ᠤᠨ ᠲᠢᠭ ᠢᠶᠠᠨ ᠭᠤᠶᠤ ᠪᠠᠶᠢᠯᠭᠠᠵᠤ᠂ ᠦᠰᠦᠭ ᠤᠨ ᠰᠠᠶᠢᠬᠠᠨ ᠢᠶᠠᠨ ᠠᠳᠠᠯᠢᠳᠬᠠᠵᠤ ᠮᠦᠷᠦ᠋ᠢᠴᠡᠳᠡᠭ ᠪᠠᠶᠢᠬᠰᠠᠨ︾ ᠬᠡᠵᠤ ᠦᠶ᠎ᠠ ᠬᠤᠷᠠᠬᠴᠤᠤᠯ ᠲᠠᠢ ᠪᠠᠨ ᠪᠢᠳᠡ ᠤᠴᠠᠷᠠᠵᠤ ᠶᠠᠷᠢᠯᠴᠠᠬᠤ ᠳᠠᠭᠠᠨ ᠡᠷᠬᠢᠴᠡᠬᠦᠯᠦᠨ᠎ᠠ᠃ ᠬᠡᠵᠢᠶ᠎ᠠ ᠬᠠᠮᠢᠭ᠎ᠠ ᠴᠤ ᠬᠡᠰᠡᠨ ︽ᠭᠠᠷ ᠤᠨ ᠲᠢᠭ ᠨᠢ ᠰᠠᠶᠢᠬᠠᠨ︾ ᠬᠡᠰᠡᠨ ᠭᠠᠶᠢᠭᠤᠢ ᠲᠡᠬᠡᠬᠦᠷ ᠦᠨᠡᠯᠠᠯᠳᠡ ᠪᠠᠷ ᠤᠮᠤᠬᠰᠢᠵᠤ ᠵᠤᠷᠢᠬᠵᠢᠵᠤ ᠶᠠᠪᠤᠬᠰᠠᠨ ᠪᠢᠯᠡ᠃
    ᠦᠨᠦᠳᠦᠷ ᠮᠡᠷᠬᠡᠵᠢᠯ ᠲᠧᠭᠨᠢᠭ ᠬᠦᠭᠵᠢᠬᠡᠳ ᠮᠠᠰᠢᠨ ᠺᠤᠮᠫᠢᠦ᠋ᠲᠧᠷ ᠢᠶᠠᠷ ᠦᠰᠦᠭ ᠦᠷᠤᠬᠦ ᠪᠤᠯᠤᠬᠰᠠᠨ ᠨᠢ ᠬᠦᠮᠦᠰ ᠤᠨ ᠲᠦᠪᠡᠭ ᠪᠤᠳᠤᠯᠢᠶᠠᠨᠳᠠᠢ ᠠᠵᠢᠯ ᠢ ᠲᠦᠳᠡᠬᠡᠨ ᠵᠠᠭᠤᠷ᠎ᠠ ᠬᠦᠢᠴᠡᠳᠬᠡᠬᠦ ᠪᠤᠯᠵᠤ᠂ ᠦᠵᠦᠭ ᠪᠢᠷ ᠢᠶᠠᠷ ᠪᠢᠴᠢᠬᠦ ᠨᠢ ᠬᠠᠷᠢᠨ ᠡᠳᠦᠷ ᠤᠨ ᠤᠳᠤ ᠰᠢᠬ ᠴᠦᠬᠡᠨ ᠪᠤᠯᠪᠠ᠃ ᠲᠡᠭᠡᠬᠦ ᠳᠤ ᠯᠡ ᠪᠢᠴᠢᠯᠬᠡ ᠶᠢᠨ ᠲᠢᠭ ᠤᠨ ᠭᠤᠶᠤ ᠰᠠᠶᠢᠬᠠᠨ ᠢ ᠱᠠᠭᠠᠷᠳᠠᠬᠤ ᠪᠠᠶᠢᠳᠤᠭᠠᠢ ᠦᠰᠦᠭ ᠢᠶᠠᠨ ᠵᠦᠪ ᠪᠢᠴᠢᠬᠦ ᠨᠢ ᠨᠠᠭᠠᠳᠤ ᠵᠠᠬ᠎ᠠ ᠶᠢᠨ ᠴᠢᠳᠠᠪᠤᠷᠢ ᠪᠤᠯᠴᠢᠬᠠᠭᠠᠳ᠂ ᠦᠰᠪᠦᠷᠢ ᠶᠢᠨ ᠰᠤᠷᠤᠬᠴᠢ ᠪᠠᠭᠠᠴᠤᠳ ᠦᠰᠦᠭ ᠨᠢᠳᠦᠯᠠᠵᠤ ᠡᠬᠢᠯᠡᠬᠦ ᠳᠤ ᠯᠡ ᠵᠠᠪᠠᠯ ᠡᠵᠡᠮᠰᠢᠵᠤ ᠴᠢᠳᠠᠮᠠᠭᠠᠢ ᠬᠡᠷᠡᠭᠯᠡᠬᠦ ᠴᠢᠬᠤᠯᠠᠳᠠᠢ ᠵᠦᠪ ᠦᠰᠦᠭ ᠤᠨ ᠱᠠᠭᠠᠷᠳᠠᠯᠭ᠎ᠠ ᠨᠢ ᠦᠨᠦ ᠴᠢᠨᠢ ᠦᠨᠳᠤᠷ ᠲᠡᠭᠳᠡᠷ ᠲᠤ ᠰᠠᠭᠠᠳᠠᠵᠤ᠂ ᠲᠡᠰ ᠳ᠋ᠤᠭᠠᠷ ᠬᠤᠪᠢᠶᠠᠨ᠂ ᠮᠦᠡᠭᠬᠦ ᠲᠦᠬᠦᠷᠢᠭ ᠢᠶᠠᠷ ᠱᠠᠩᠨᠠᠵᠤ ᠪᠠᠶᠢᠮᠠᠨ ᠡᠵᠡᠮᠰᠢᠵᠤ ᠬᠡᠷᠡᠭᠯᠡᠬᠦ ᠶᠢ ᠨᠢ ᠤᠷᠮᠠᠰᠢᠭᠤᠯᠳᠠᠬ ᠪᠤᠯᠤᠬᠰᠠᠨ ᠨᠢ ᠵᠠᠯᠠᠭᠤᠴᠤᠳ ᠪᠠᠭᠠᠴᠤᠳ ᠤᠨ ᠦᠬᠡᠳᠡᠯᠡᠵᠤ ᠲᠠᠪᠰᠢᠬᠤ ︽ᠡᠬᠦᠳᠡᠨ ᠪᠤᠱᠤᠭ᠎ᠠ︾ ᠶᠢ ᠲᠡᠩᠳᠡᠬᠦᠦ ᠲᠤᠤᠷ᠎ᠠ ᠲᠠᠯᠪᠢᠵᠤ ᠪᠠᠶᠢᠭ᠎ᠠ ᠴᠤ ᠶᠤᠮ ᠤᠤ ᠬᠡᠵᠤ ᠨᠠᠳᠠᠳᠤ ᠪᠤᠳᠤᠬᠳᠠᠪᠠ᠃
    ᠬᠤᠷᠸ᠎ᠠ ᠳᠤ ᠬᠤᠤᠰ ᠦᠬᠡᠢ ᠪᠤᠰᠤᠭ᠎ᠠ ᠮᠤᠩᠭᠤᠯ ᠦᠰᠦᠭ ᠪᠤᠯ ᠶᠢᠷᠳᠢᠨᠴᠤ ᠲᠡᠯᠡᠬᠡᠢ ᠶᠢᠨ ᠦᠡᠭᠭᠡ ᠢᠯᠭᠠᠷᠠᠮ᠎ᠠ ᠰᠤᠶᠤᠯ ᠤᠷᠠᠯᠢᠬ ᠤᠨ ᠰᠠᠩ ᠳᠠᠬᠢ ᠦᠷᠦᠬᠡᠯ ᠪᠤᠰᠤᠳ ᠢᠶᠠᠷ ᠤᠷᠤᠯᠠᠭᠤᠯᠵᠤ ᠪᠤᠯᠤᠰᠢ ᠦᠬᠡᠢ ᠦᠪ ᠡᠷᠳᠡᠨᠢ ᠪᠤᠯᠬᠤ ᠪᠦᠬᠡᠳ ᠪᠢᠳᠡ ᠪᠦᠬᠦᠨ ᠤ ᠪᠤᠰᠤᠳ ᠲᠠᠢ ᠮᠦᠷᠦ ᠵᠡᠷᠭᠡᠴᠡᠨ ᠤᠮᠤᠬᠳᠠᠢ ᠤᠷᠤᠬᠰᠢᠯᠠᠬᠤ ᠶᠢᠨ ᠪᠠᠳᠤ ᠰᠠᠭᠤᠷᠢ ᠪᠠ ᠰᠦᠭ ᠰᠦᠨᠡᠰᠦ ᠮᠦᠨ ᠪᠢᠯᠡ᠃ ᠢᠡᠭᠬᠢᠬᠦ ᠳᠤ ᠬᠦᠮᠦᠨ ᠪᠦᠬᠦᠨ ᠵᠠᠪᠠᠯ ᠭᠤᠷ ᠲᠢᠭ᠂ ᠲᠠᠳᠠᠯᠭᠠᠨ ᠲᠢᠭ᠂ ᠬᠢᠴᠢᠶᠠᠩᠬᠦᠢ ᠲᠢᠭ ᠢ ᠬᠦᠢᠴᠡᠳ ᠡᠵᠡᠮᠰᠢᠭᠰᠡᠨ ᠤᠷᠠᠨ ᠪᠢᠴᠢᠯᠬᠡᠳᠡᠨ ᠪᠤᠯᠬᠤ ᠬᠡᠰᠡᠨ ᠶᠠᠪᠤᠳᠠᠯ ᠪᠢᠰᠢ᠂ ᠬᠠᠷᠢᠨ ᠦᠪᠡᠷ ᠤᠨ ᠤᠷᠤᠰᠢᠨ ᠠᠮᠢᠳᠤᠷᠠᠬᠤ ᠶᠢᠨ ᠰᠤᠶᠤᠯ ᠰᠦᠨᠡᠰᠦ ᠪᠤᠯᠬᠤ ᠦᠰᠦᠭ ᠪᠢᠴᠢᠭ ᠢᠶᠠᠨ ᠵᠦᠪ ᠪᠢᠴᠢᠬᠦ ᠪᠦᠬᠡᠳ ᠭᠤᠶᠤ ᠪᠢᠴᠢᠬᠦ ᠶᠢ ᠵᠠᠪᠠᠯ ᠰᠤᠷᠴᠤ ᠡᠵᠡᠮᠰᠢᠬᠦ ᠴᠢᠬᠤᠯᠠᠳᠠᠢ ᠠᠶᠠᠨᠳᠠᠭᠠᠨ ᠤ ᠨᠦᠬᠦᠴᠡᠯ ᠪᠠ ᠱᠠᠭᠠᠷᠳᠠᠯᠭ᠎ᠠ ᠪᠠᠨ ᠪᠤᠯᠭᠠᠵᠤ᠂ ᠲᠡᠬᠦᠨ ᠤ ᠠᠷᠤ ᠳᠤᠨᠢ ᠲᠤᠯᠭᠠᠭᠤᠷᠢᠯᠠᠵᠤ ᠪᠠᠶᠢᠭ᠎ᠠ ᠤᠳᠬ᠎ᠠ ᠰᠠᠨᠠᠭ᠎ᠠ᠂ ᠢᠳᠡᠬᠡᠯ ᠵᠤᠷᠢᠯᠳᠠ᠂ ᠤᠯᠠᠮᠵᠢᠯᠠᠯ ᠪᠠᠳᠠᠷᠠᠭᠠᠯ᠂ ᠠᠴᠢ ᠬᠤᠯᠪᠤᠬᠳᠠᠯ᠂ ᠠᠯᠤᠰ ᠢᠷᠡᠬᠡᠳᠦᠢ ᠶᠢ ᠨᠢ ᠤᠬᠠᠵᠤ ᠪᠤᠳᠤᠯᠬᠢᠯᠠᠬᠤ ᠴᠢᠬᠤᠯᠠᠳᠠᠢ ᠶᠤᠮ᠃ ᠲᠡᠬᠡᠬᠦ ᠪᠠᠷ ᠢᠶᠠᠨ ᠲᠠᠷᠠᠭᠠᠴᠢ ᠪᠠᠷ ᠪᠢᠳᠡ ᠵᠦᠪ ᠪᠢᠴᠢᠯᠬᠡ ᠶᠢᠨ ᠤᠷᠤᠯᠳᠤᠭᠠᠨ ᠤ ᠲᠤᠬᠠᠢ ᠰᠤᠷᠠᠬ ᠠᠴᠠ ᠭᠠᠳᠠᠨ᠎ᠠ ᠨᠡᠩ ᠦᠯᠡᠮᠵᠢ ᠤᠯᠠᠨ ᠦᠨᠳᠤᠷ ᠲᠦᠪᠰᠢᠨ ᠪᠦ᠋ᠬᠦᠢ ᠵᠠᠯᠠᠭᠤᠴᠤᠳ ᠪᠠᠭᠠᠴᠤᠳ ᠤᠨ ᠤᠤᠭᠠᠯ ᠮᠤᠩᠭᠤᠯ ᠬᠡᠯᠡᠨ ᠤ ᠵᠤᠬᠢᠶᠠᠯ ᠪᠦᠲᠦᠬᠡᠯ᠂ ᠶᠠᠷᠢᠶ᠎ᠠ ᠢᠯᠡᠳᠬᠡᠯ᠂ ᠤᠶᠠᠩᠭ᠎ᠠ ᠨᠠᠶᠢᠷᠠᠬ᠂ ᠡᠬᠦᠳᠦᠨ ᠪᠦᠲᠦᠬᠡᠯᠳᠡ ᠮᠡᠳᠦ ᠶᠢᠨ ᠤᠷᠤᠯᠳᠤᠭᠠᠨ ᠮᠦᠷᠦ᠋ᠢᠴᠡᠬᠡᠨ ᠤ ᠰᠠᠶᠢᠬᠠᠨ ᠴᠢᠮᠡᠭᠡ ᠶᠢ ᠢᠳᠡᠬᠡᠨ ᠬᠦᠯᠢᠶᠠᠶ᠎ᠠ᠃ ᠵᠣᠬᠢᠶᠠᠭᠴᠢ᠄  ᠢᠦᠢ ᠯᠠᠨ 



  
     
     