-
.
7098
2016-05-21 13:15
235
0
ᠭᠡᠵᠦ ᠬᠡᠯᠡᠳᠡᠭ᠃ ᠠᠪᠤ ᠮᠢᠨᠢ ᠡᠨᠡᠬᠦ ᠪᠡᠶ᠎ᠡ ᠵᠢᠨ ᠵᠢᠡᠨ ᠵᠤᠯ ᠵᠢᠷᠭᠠᠯᠠᠩᠲᠠᠢ ᠡᠳᠦᠷ ᠵᠢᠡᠨ ᠠᠷᠤᠨ ᠳ᠋ᠦ ᠪᠡᠨ ᠤᠷᠬᠢᠵᠤ᠌︽ ᠬᠠᠮᠢᠭ᠎ᠠ ᠪᠠᠨ ᠭᠦᠷᠴᠦ ᠪᠠᠶᠢᠪᠠᠴᠤ ᠭᠠᠭᠴᠠ ᠬᠦᠦ ᠪᠡᠨ ᠬᠠᠷᠠᠵᠤ ᠰᠠᠭᠤᠶ᠎ᠠ︕︾ᠭᠡᠰᠡᠨ ᠪᠠᠲᠤ ᠵᠤᠷᠢᠭ ᠲᠡᠭᠦᠨ ᠦ ᠰᠡᠳᠬᠢᠯ ᠳ᠋ᠦ ᠬᠠᠳᠠᠩᠬᠢᠰᠢᠬᠠᠵᠠᠢ︕ ᠮᠤᠩᠭᠤᠯ ᠤᠨ ᠦᠭᠡᠨ ᠳ᠋ᠦ ᠪᠠᠶᠢᠳᠠᠭ︽ ᠠᠪᠤ ᠬᠦᠮᠦᠨ ᠳ᠋ᠦ ᠠᠷᠠᠰᠤᠨ ᠳᠠᠭ ᠬᠢᠵᠦ ᠦᠭᠦᠭᠰᠡᠨ ᠳ᠋ᠦ ᠬᠤᠶᠠᠷ ᠬᠠᠨᠴᠤᠢ ᠨᠢ ᠢᠯᠡᠭᠦᠦ ᠭᠠᠷᠳᠠᠭ︾ ᠭᠡᠵᠦ ᠬᠡᠯᠡᠳᠡᠭ᠃ ᠭᠡᠲᠡᠯ᠎ᠡ ᠮᠢᠨᠦ ᠠᠪᠤ ᠲᠡᠶᠢᠮᠦ ᠪᠢᠰᠢ ᠪᠠᠶᠢᠯᠭᠦᠢ! ᠮᠢᠨᠦ ᠠᠪᠤ ᠨᠠᠳᠠ ᠶᠢ ᠬᠤᠷᠤᠭᠤ ᠪᠠᠷ ᠢᠶᠠᠨ ᠵᠢᠭᠠᠭᠰᠠᠨ ᠤᠳᠠᠭ᠎ᠠ ᠴᠦ ᠦᠭᠡᠢ ᠶᠤᠮ᠃ ᠲᠡᠷᠡ ᠨᠠᠳᠠ ᠶᠢ ᠶᠡᠷᠦ ᠨᠢ ᠦᠨᠦᠴᠢᠨ ᠲᠤᠭᠤᠯ ᠭᠡᠵᠦ ᠪᠤᠳᠤᠳᠠᠭ᠃ ᠪᠢ ᠪᠠᠭ᠎ᠠ ᠰᠤᠷᠭᠠᠭᠤᠯᠢ ᠳᠤ ᠣᠷᠤᠭᠰᠠᠨ ᠳᠤ ᠮᠢᠨᠦ ᠬᠠᠮᠲᠤ ᠰᠤᠷᠤᠯᠭᠠᠲᠠᠨ ᠨᠠᠳᠠ ᠶᠢ ᠪᠤᠵᠠᠷ ᠭᠡᠵᠦ ᠨᠠᠳᠠ ᠲᠠᠢ ᠬᠠᠮᠲᠤ ᠨᠠᠭᠠᠳᠤᠳᠠᠭ ᠦᠭᠡᠢ ᠶᠤᠮ᠃ ᠤᠴᠢᠷ ᠨᠢ ᠨᠢᠭᠡ ᠭᠡᠷ ᠲᠦ ᠡᠮᠡᠭᠲᠡᠢ ᠬᠦᠮᠦᠨ ᠦᠭᠡᠢ ᠶᠤᠮ ᠪᠣᠯ ᠠᠷᠢᠭᠤᠨ ᠴᠡᠪᠡᠷ ᠦᠨ ᠲᠠᠯ᠎ᠠ ᠪᠡᠷ ᠲᠤᠲᠠᠮᠠᠭ ᠨᠢ ᠵᠦᠪ᠃ ᠠᠪᠤ ᠡᠳᠦᠷ ᠡᠳᠦᠷ ᠨᠦᠰᠡᠷ ᠬᠦᠨᠳᠦ ᠠᠵᠢᠯ ᠬᠢᠳᠡᠭ᠂ ᠣᠷᠤᠢ ᠣᠷᠣᠵᠣ ᠢᠷᠡᠪᠡᠯ ᠬᠥᠯ ᠵᠢᠡᠨ ᠪᠠᠰᠠ ᠤᠬᠢᠶᠠᠬᠤ ᠦᠭᠡᠢ ᠪᠡᠷ ᠬᠤᠶᠠᠷ ᠬᠤᠨᠲᠠᠭ᠎ᠠ︽ ᠲᠠᠯ᠎ᠠ ᠨᠤᠲᠤᠭ ᠤᠨ ᠬᠠᠷ᠎ᠠ ᠠᠷᠢᠬᠢ︾ᠪᠠᠨ ᠬᠦᠨᠲᠦᠷᠡᠪᠡᠯ ᠨᠤᠶᠢᠷᠰᠠᠴᠢᠬᠠᠳᠠᠭ︕ ᠨᠢᠭᠡᠨ ᠤᠳᠠᠭ᠎ᠠ ᠠᠪᠤ ᠶᠠᠭ ᠠᠵᠢᠯ ᠠᠴᠠ ᠪᠠᠨ ᠪᠠᠭᠤᠵᠤ᠂ ᠤᠷᠤᠢ ᠭᠡᠷ ᠲᠦ ᠢᠷᠡᠬᠦ ᠳ᠋ᠦ ᠬᠥᠯ ᠤᠬᠢᠶᠠᠬᠤ ᠬᠠᠯᠠᠭᠤᠨ ᠤᠰᠤ ᠨᠢᠭᠡ ᠲᠤᠮᠬᠤᠨ ᠬᠢᠵᠦ ᠦᠭᠦᠭᠰᠡᠨ ᠳ᠋ᠦ ᠠᠪᠤ ᠮᠢᠨᠢ ᠨᠠᠳᠠ ᠶᠢ ᠦᠵᠡᠭᠡᠳ ᠮᠦᠰᠢᠶᠡᠭᠡᠳ ᠠᠪᠤᠪᠠ᠃
2016 5 24