 



2025-06-13 22:41
  0
  0



ᠪᠢᠪᠢᠯᠢᠩ


  ᠲᠤᠰ ᠡᠮ ᠪᠣᠯ ᠬᠤᠤᠵᠤᠤ ᠶ᠋ᠢᠨ ᠢᠵᠠᠭᠤᠷ ᠤ᠋ᠨ ᠤᠷᠭᠤᠮᠠᠯ ᠪᠣᠯᠬᠤ ᠪᠢᠪᠢᠯᠢᠩ ᠦ᠋ᠨ ᠬᠠᠲᠠᠭᠠᠭᠰᠠᠨ ᠪᠣᠯᠪᠠᠰᠤᠷᠠᠬᠤ ᠣᠢᠷᠠᠲᠤᠭᠰᠠᠨ ᠵᠢᠮᠢᠰ ᠦ᠋ᠨ ᠲᠦᠷᠦᠭᠦᠦ ᠮᠥᠨ᠃ ᠪᠠᠰᠠ ᠪᠦᠯᠢᠶᠡᠨ ᠡᠮ ᠭᠡᠳᠡᠭ᠃
  [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠳᠠᠩᠰᠠ ᠤᠷᠭᠤᠮᠠᠯ᠃ ᠡᠰᠢᠨ ᠦ᠌ ᠳᠣᠣᠷ᠎ᠠ ᠬᠡᠰᠡᠭ ᠨᠢ ᠮᠥᠯᠬᠥᠭᠡ᠂ ᠮᠥᠴᠢᠷ ᠨᠢ ᠬᠡᠪᠲᠡᠭᠡ᠂ ᠭᠤᠯᠳᠤ ᠢᠷᠮᠡᠭ ᠬᠢᠭᠡᠳ ᠬᠣᠪᠢᠯ ᠲᠠᠢ᠂ ᠨᠢᠯᠬ᠎ᠠ ᠦᠶ᠎ᠡ ᠳ᠋ᠡᠭᠡᠨ ᠨᠢᠭ᠋ ᠣ ᠰᠢᠭ᠋ ᠣᠬᠣᠷ ᠵᠥᠭᠡᠯᠡᠨ ᠦᠰᠦ ᠲᠡᠢ ᠃ᠳᠠᠩ ᠨᠠᠪᠴᠢ ᠲᠠᠢ᠂ ᠴᠤᠪᠤᠷᠠᠨ ᠤᠷᠭᠤᠨ᠎ᠠ᠃ ᠴᠠᠭᠠᠰᠤᠯᠢᠭ᠂ ᠨᠠᠪᠴᠢᠨ ᠢᠯᠲᠠᠰᠤ ᠨᠢ ᠥᠨᠳᠡᠭᠡᠯᠵᠢᠨ᠂ ᠥᠨᠳᠡᠭᠡᠯᠵᠢᠨ ᠲᠣᠭᠣᠷᠢᠭ ᠪᠤᠶᠤ ᠥᠨᠳᠡᠭᠡᠯᠵᠢᠨ ᠤᠷᠲᠤ ᠲᠣᠭᠣᠷᠢᠭ ᠬᠡᠯᠪᠡᠷᠢ ᠲᠡᠢ᠂6~12cm ᠤᠷᠲᠤ᠂2.5~10cm ᠥᠷᠭᠡᠨ᠂ ᠣᠬᠣᠷ ᠱᠣᠪᠬᠣ ᠪᠤᠶᠤ ᠣᠬᠣᠷ ᠱᠣᠪᠲᠤᠭᠤᠷ ᠣᠷᠣᠢ ᠲᠠᠢ᠂ ᠵᠢᠷᠦᠬᠡᠨ ᠬᠡᠯᠪᠡᠷᠢ ᠲᠡᠢ ᠪᠤᠶᠤ ᠴᠢᠬᠢ ᠰᠢᠭ ᠤᠭ ᠲᠠᠢ᠂ ᠬᠣᠶᠠᠷ ᠲᠠᠯ᠎ᠠ ᠶ᠋ᠢᠨ ᠨᠠᠪᠴᠢᠨ ᠰᠤᠳᠠᠯ ᠳᠡᠭᠡᠷ᠎ᠡ ᠨᠢ ᠮᠠᠰᠢ ᠨᠠᠷᠢᠨ ᠣ ᠰᠢᠭ᠋ ᠵᠥᠭᠡᠯᠡᠨ ᠦᠰᠦ ᠲᠡᠢ᠂ ᠠᠷᠤ ᠳ᠋ᠤᠨᠢ ᠨᠢᠭ ᠮᠥᠷᠲᠡᠭᠡᠨ ᠲᠣᠳᠣᠬᠠᠨ᠂ ᠤᠭ ᠠ᠋ᠴᠠ ᠭᠠᠷᠤᠭᠰᠠᠨ5~7 ᠵᠤᠷᠪᠤᠰ ᠰᠤᠳᠠᠯ ᠲᠠᠢ᠃ ᠨᠠᠪᠴᠢᠨ ᠪᠠᠷᠢᠭᠤᠯ ᠤ᠋ᠨ ᠳᠣᠣᠷ᠎ᠠ ᠬᠡᠰᠡᠭ ᠳᠠᠬᠢ ᠤᠷᠲᠤ ᠨᠢ9cm ᠬᠦᠷᠳᠡᠭ᠂ ᠳᠤᠮᠳᠠ ᠬᠡᠰᠡᠭ ᠲᠤᠨᠢ1~2cm ᠤᠷᠲᠤ᠂ ᠣᠷᠣᠢ ᠳ᠋ᠤᠨᠢ ᠬᠦᠷᠪᠡᠯ ᠪᠠᠷᠤᠭ ᠪᠠᠷᠢᠭᠤᠯ ᠦᠭᠡᠢ ᠪᠣᠯᠳᠠᠭ᠂ ᠨᠢᠭ᠋ ᠵᠥᠭᠡᠯᠡᠨ ᠦᠰᠦ ᠲᠡᠢ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷᠲᠡᠢ᠃ ᠲᠦᠷᠦᠭᠦᠦ ᠬᠡᠯᠪᠡᠷᠢᠲᠦ ᠪᠠᠭ ᠴᠡᠴᠡᠭ ᠨᠢ ᠨᠠᠪᠴᠢ ᠲᠠᠢ ᠪᠠᠨ ᠴᠢᠭᠲᠠᠯᠠᠨ ᠤᠷᠭᠤᠨ᠎ᠠ᠃ ᠴᠡᠴᠡᠭ ᠨᠢ ᠰᠢᠳᠠᠷ ᠦᠭᠡᠢ᠃ ᠡᠷ᠎ᠡ ᠲᠦᠷᠦᠭᠦᠦ ᠶ᠋ᠢᠨ ᠴᠡᠴᠡᠭ ᠦ᠋ᠨ ᠪᠠᠷᠢᠭᠤᠯ ᠨᠢ2~3cm ᠤᠷᠲᠤ᠂ ᠨᠤᠨᠳᠠᠭᠯᠢᠭ ᠣᠬᠣᠷ ᠵᠥᠭᠡᠯᠡᠨ ᠦᠰᠦ ᠲᠡᠢ᠂ ᠲᠦᠷᠦᠭᠦᠦ ᠶ᠋ᠢᠨ ᠤᠷᠲᠤ ᠨᠢ4~6cm᠂ ᠳ᠋ᠢᠶᠠᠮᠧᠲ᠋ᠷ ᠨᠢ ᠪᠠᠷᠤᠭ3mm᠂ ᠴᠡᠴᠡᠭ ᠦ᠋ᠨ ᠳ᠋ᠢᠶᠠᠮᠧᠲ᠋ᠷ ᠨᠢ1.5mm ᠣᠷᠴᠢᠮ᠂1 ᠪᠠᠭᠯᠠᠭᠴᠢ ᠢᠯᠲᠠᠰᠤ ᠲᠠᠢ᠂ ᠪᠠᠷᠤᠭ ᠲᠣᠭᠣᠷᠢᠭ ᠰᠢᠭ᠋᠂2 ᠡᠷ᠎ᠡ ᠲᠣᠭᠣᠷᠴᠣᠭ ᠲᠠᠢ᠂ ᠲᠣᠭᠣᠰᠣᠪᠴᠢ ᠨᠢ ᠵᠤᠤᠪᠠᠩ ᠬᠡᠯᠪᠡᠷᠢ ᠲᠡᠢ᠂2 ᠲᠠᠰᠤᠭ ᠲᠠᠢ ᠳᠣᠬᠢᠭᠤᠷ ᠨᠢ ᠣᠬᠣᠷ᠃ ᠡᠮ᠎ᠡ ᠲᠦᠷᠦᠭᠦᠦ ᠶ᠋ᠢᠨ ᠶᠡᠷᠦᠩᠬᠡᠢ ᠴᠡᠴᠡᠭ ᠦ᠋ᠨ ᠪᠠᠷᠢᠭᠤᠯ ᠨᠢ1.5cm ᠣᠷᠴᠢᠮ ᠤᠷᠲᠤ᠂ ᠨᠢᠭ ᠵᠥᠭᠡᠯᠡᠨ ᠦᠰᠦ ᠲᠡᠢ᠂ ᠲᠦᠷᠦᠭᠦᠦ ᠶ᠋ᠢᠨ ᠤᠷᠲᠤ ᠨᠢ1.5~2.5cm᠂ ᠳ᠋ᠢᠶᠠᠮᠧᠲ᠋ᠷ ᠨᠢ4mm᠂ ᠵᠢᠮᠢᠰᠯᠡᠬᠦ ᠬᠤᠭᠤᠴᠠᠭᠠᠨ ᠳ᠋ᠤ᠌ ᠤᠷᠲᠤᠰᠤᠨ᠎ᠠ᠃ ᠪᠠᠭᠯᠠᠭᠴᠢ ᠢᠯᠲᠠᠰᠤ ᠨᠢ ᠲᠣᠭᠣᠷᠢᠭ ᠴᠡᠴᠡᠭ ᠦ᠋ᠨ ᠳ᠋ᠢᠶᠠᠮᠧᠲ᠋ᠷ ᠨᠢ1mm ᠬᠦᠷᠬᠦ ᠦᠭᠡᠢ᠂ ᠤᠮᠠᠢ ᠨᠢ ᠳᠡᠭᠡᠳᠦ ᠣᠷᠣᠨ ᠲᠠᠢ᠂ ᠲᠣᠩᠭᠣᠷᠤᠤ ᠥᠨᠳᠡᠭᠡᠯᠵᠢᠨ᠂1 ᠲᠠᠰᠤᠭ ᠲᠠᠢ᠂ ᠳᠣᠣᠷ᠎ᠠ ᠬᠡᠰᠡᠭ ᠨᠢ ᠪᠠᠭ ᠴᠡᠴᠡᠭ ᠦ᠋ᠨ ᠲᠡᠩᠭᠡᠯᠢᠭ ᠲᠡᠢ ᠪᠡᠨ ᠨᠡᠢᠯᠡᠵᠦ ᠪᠣᠢ᠃ ᠴᠡᠴᠡᠭ ᠦ᠋ᠨ ᠪᠠᠭᠠᠨ᠎ᠠ ᠦᠭᠡᠢ᠂3 ᠪᠠᠭᠠᠨ᠎ᠠ ᠶ᠋ᠢᠨ ᠠᠮᠠᠰᠠᠷ ᠲᠠᠢ᠃ ᠰᠢᠭᠦᠰᠦᠯᠢᠭ ᠵᠢᠮᠢᠰ ᠨᠢ ᠥᠨᠳᠡᠭᠡᠯᠵᠢᠨ᠂ ᠱᠣᠪᠬᠣ ᠦᠵᠦᠭᠦᠷ ᠲᠡᠢ᠂ ᠤᠭ ᠨᠢ ᠪᠠᠭ ᠴᠡᠴᠡᠭ ᠦ᠋ᠨ ᠲᠡᠩᠭᠡᠯᠢᠭ ᠳᠣᠲᠣᠷ᠎ᠠ ᠰᠢᠭᠢᠳᠦᠨ ᠣᠷᠣᠵᠤ ᠨᠡᠢᠯᠡᠭᠡᠳ ᠲᠣᠭᠣᠷᠢᠭ ᠬᠡᠯᠪᠡᠷᠢ ᠲᠡᠢ ᠪᠣᠯᠳᠠᠭ᠂ ᠣᠷᠣᠢ ᠳ᠋ᠤᠨᠢ ᠬᠦᠢᠰᠦ ᠰᠢᠭ ᠭᠦᠳᠦᠭᠦᠷ ᠲᠡᠢ᠂ ᠳ᠋ᠢᠶᠠᠮᠧᠲ᠋ᠷ ᠨᠢ2mm ᠣᠷᠴᠢᠮ᠂ ᠪᠣᠯᠪᠠᠰᠤᠷᠠᠪᠠᠯ ᠤᠯᠠᠪᠢᠷ ᠬᠦᠷᠡᠩ ᠡᠴᠡ ᠬᠠᠷ᠎ᠠ ᠬᠦᠷᠡᠩ ᠪᠣᠯᠳᠠᠭ᠃7~9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂10 ᠳ᠋ᠤᠭᠠᠷ ᠰᠠᠷ᠎ᠠ ᠠ᠋ᠴᠠ ᠳᠠᠷᠠᠭ᠎ᠠ ᠵᠢᠯ ᠦ᠋ᠨ ᠬᠠᠪᠤᠷ ᠪᠣᠯᠲᠠᠯ᠎ᠠ ᠵᠢᠮᠢᠰ ᠨᠢ ᠪᠣᠯᠪᠠᠰᠤᠷᠠᠨ᠎ᠠ᠃
  [ ᠤᠷᠭᠤᠬᠤ ᠣᠷᠴᠢᠨ ᠬᠢᠭᠡᠳ ᠲᠠᠷᠬᠠᠴᠠ] ᠬᠠᠯᠠᠭᠤᠨ ᠪᠦᠰᠡ ᠶ᠋ᠢᠨ ᠣᠢ ᠳᠣᠲᠣᠷ᠎ᠠ ᠤᠷᠭᠤᠳᠠᠭ᠃ ᠢᠨᠳᠦᠨᠧᠰᠢᠶ᠎ᠠ᠂ ᠹᠢᠯᠢᠫᠢᠨ ᠂ ᠸᠢᠶᠧᠲᠨᠠᠮ ᠂ ᠡᠨᠡᠳᠬᠡᠭ᠂ ᠨᠧᠫᠡᠯ᠂ ᠰᠷᠢ ᠯᠠᠨᠺᠠ ᠵᠡᠷᠭᠡ ᠤᠯᠤᠰ ᠲᠤ᠌ ᠲᠠᠷᠬᠠᠴᠠ ᠲᠠᠢ᠃ ᠮᠠᠨ ᠤ᠋ ᠤᠯᠤᠰ ᠤ᠋ᠨ ᠶᠦᠨᠨᠠᠨ᠂ ᠭᠤᠸᠠᠩᠰᠢ᠂ ᠭᠣᠸᠩᠳᠦᠢ᠍ᠩ᠂ ᠬᠠᠢᠨᠠᠨ᠂ ᠹᠦᠵᠢᠶᠠᠨ ᠳ᠋ᠤ᠌ ᠲᠠᠷᠬᠠᠵᠤ ᠪᠣᠢ᠃
  [ᠲᠡᠭᠦᠵᠦ ᠪᠣᠯᠪᠠᠰᠤᠷᠠᠭᠤᠯᠬᠤ] ᠵᠢᠮᠢᠰ ᠦ᠋ᠨ ᠲᠦᠷᠦᠭᠦᠦ ᠶ᠋ᠢ ᠨᠢ ᠨᠣᠭᠣᠭᠠᠨ ᠠ᠋ᠴᠠ ᠪᠠᠨ ᠬᠠᠷᠠᠯᠠᠬᠤ ᠦᠶ᠎ᠡ ᠳ᠋ᠦ᠍ ᠲᠡᠭᠦᠵᠦ᠂ ᠬᠣᠯᠢᠴᠠ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
  [ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ᠃ ᠪᠦᠯᠢᠶᠡᠨ ᠴᠢᠨᠠᠷ ᠲᠠᠢ᠃ ᠬᠤᠷᠴᠠ᠂ ᠲᠣᠰᠣᠯᠢᠭ᠂ ᠬᠥᠩᠭᠡᠨ᠂ ᠬᠠᠭᠤᠷᠠᠢ ᠡᠷᠳᠡᠮ ᠲᠡᠢ᠃
  [ᠴᠢᠳᠠᠯ ᠪᠠ ᠭᠣᠣᠯᠳᠠᠭᠤ ᠵᠠᠰᠠᠬᠤ] ᠢᠯᠴᠢ ᠶ᠋ᠢ ᠰᠡᠯᠪᠢᠬᠦ᠂ ᠪᠠᠳᠭ᠋ᠠᠨ ᠬᠡᠢ᠎ᠢ ᠠᠷᠢᠯᠭᠠᠬᠤ᠂ ᠮᠠᠬᠠᠪᠣᠳ ᠢ᠋ ᠲᠡᠭᠰᠢᠳᠬᠡᠬᠦ᠂ ᠬᠦᠴᠦᠵᠢᠭᠦᠯᠬᠦ᠂ ᠠᠮᠢᠰᠬᠤᠯ ᠢ᠋ ᠠᠭᠤᠵᠢᠷᠠᠭᠤᠯᠬᠤ᠂ ᠴᠠᠷ ᠠᠷᠢᠯᠭᠠᠬᠤ᠂ ᠡᠪᠡᠳᠬᠦ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠬᠣᠳᠣᠭᠣᠳᠣᠨ ᠤ᠋ ᠭᠠᠯ ᠤ᠋ᠨ ᠢᠯᠴᠢ ᠮᠠᠭᠤᠳᠠᠭᠰᠠᠨ᠂ ᠳᠤᠷ᠎ᠠ ᠬᠠᠭᠠᠭᠳᠠᠭᠰᠠᠨ᠂ ᠡᠰᠡ ᠰᠢᠩᠭᠡᠭᠰᠡᠨ᠂ ᠪᠥᠭᠡᠷᠡᠨ ᠦ᠌ ᠬᠦᠢᠲᠡᠨ᠂ ᠬᠦᠢᠲᠡᠨ ᠢ᠋ᠶ᠋ᠡᠷ ᠰᠠᠭᠤᠯᠭᠠᠬᠤ᠂ ᠪᠥᠭᠡᠯᠵᠢᠬᠦ᠂ ᠨᠣᠢᠷ ᠬᠤᠯᠵᠢᠬᠤ ᠵᠡᠷᠭᠡ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃

  ᠬᠢᠲᠠᠳ ᠨᠡᠷ᠎ᠡ᠄荜拨
  ᠠᠩᠭ᠌ᠯᠢ ᠨᠡᠷ᠎ᠡ᠄piper Longum L.







 



  
     
     