 

ᠠᠵᠤ ᠠᠮᠢᠳᠣᠷᠠᠯ ᠤᠨ 45 ᠵᠦᠭᠯᠡᠭᠦᠷ

2019-05-28 10:49
  807
  0
1.ᠭᠣᠰᠢᠭᠣᠨ ᠶᠠᠭᠣᠮ᠎ᠠ ᠢᠳᠡᠭᠰᠠᠨ ᠤ ᠲᠠᠷᠠᠭ᠎ᠠ ᠠᠮᠠᠨ ᠲᠣᠳᠣᠷ᠎ᠡ ᠪᠠᠨ ᠪᠠᠭ᠎ᠠ ᠲᠠᠪᠣᠰᠣ ᠡᠮᠬᠦᠵᠣ ᠂ ᠪᠠᠭ᠎ᠠ ᠯᠠ ᠣᠳᠠᠭᠠᠣᠨ ᠨᠣᠯᠮᠣᠵᠣ ᠬᠠᠶᠠᠭᠠᠣᠨ ᠣᠰᠣ ᠪᠡᠷ ᠠᠮᠨ ᠪᠠᠨ ᠵᠠᠶᠢᠯᠠᠪᠠᠯ ᠭᠣᠰᠢᠭᠣᠨ ᠨᠢ
ᠨᠠᠮᠵᠢᠳᠠᠭ ᠃
  2. ᠰᠢᠳᠣ ᠰᠢᠷᠡᠯᠠᠪᠠᠯ ᠂ ᠬᠣᠸᠠᠱᠸᠩ ‍ᠢ ᠵᠠᠵᠢᠯᠣᠬᠰᠠᠨ ᠤ ᠲᠠᠷᠠᠭ᠎ᠠ ᠠᠮᠠᠨ ᠲᠣᠳᠣᠷ᠎ᠡ ᠪᠡᠨ ᠡᠮᠬᠦᠵᠣ
ᠰᠢᠳᠣ ᠪᠠᠨ ᠭᠣᠷᠪᠡᠨ ᠮᠢᠨᠦ᠋ᠲ ᠣᠬᠢᠶᠠᠪᠠᠯ ᠨᠠᠯᠢᠶᠠᠣᠨ ᠲᠣᠰᠠᠳᠠᠢ ᠃
  3. ᠪᠠᠶ᠎ᠠ ᠶ᠋ᠢᠨ ᠠᠯᠢ ᠨᠢᠬᠡ ᠬᠡᠰᠡᠭ ᠭᠠᠵᠠᠷ ᠤᠨ ᠠᠷᠠᠰᠣ ᠮᠢᠬ᠎ᠠ ᠪᠠᠭ᠎ᠠ ᠬᠡᠮᠵᠢᠶᠡᠨ ᠤ ᠰᠢᠳᠠᠵᠣ
ᠰᠢᠷᠬᠠᠳᠠᠬᠣ ᠦᠶᠠᠰ ᠪᠠᠭ᠎ᠠ ᠶᠠᠭᠣᠣ ᠲᠦᠷᠬᠢᠪᠠᠯ ᠡᠪᠡᠣᠨᠬᠦ ᠶ᠋ᠢ ᠵᠣᠭᠰᠣᠭᠠᠬᠣ ᠪᠦᠬᠡᠣᠨ ᠴᠢᠰᠣ ᠵᠣᠭᠰᠣᠭᠠᠬᠣ
ᠦᠢᠯᠡᠳᠣᠯ ᠲᠠᠢ ᠃
  4. ᠴᠠᠢ ᠶ᠋ᠢᠨ ᠵᠢᠪᠡ ᠰᠠᠭᠣᠪᠠᠯ ᠶᠠᠭᠣᠣ ᠪᠡᠷ ᠣᠬᠢᠶᠠᠭᠰᠠᠭᠠᠷ ᠴᠠᠪ ᠴᠠᠪᠡᠷᠬᠡᠨ ᠪᠣᠯᠳᠠᠭ ᠃
  5.ᠨᠢᠳᠣᠨ ᠲᠣᠳᠣᠷ᠎ᠡ ᠪᠡᠨ ᠡᠮ ᠲᠣᠰᠤᠭᠠᠬᠣ ᠳ᠋ᠣ ᠠᠮᠨ ᠪᠠᠨ ᠪᠠᠭ᠎ᠠ ᠠᠩᠭᠠᠶᠢᠪᠠᠯ ᠨᠢᠳᠣ ᠴᠢᠨᠢ
- 61 -ᠡᠷᠦᠢ ᠬᠣᠷᠣᠢ ᠦᠬᠡᠢ ᠴᠠᠪᠴᠢᠬᠣ ᠦᠬᠡᠢ ᠪᠣᠯᠳᠠᠭ ᠃
  6. ᠠᠮᠠᠨ ᠬᠦᠨᠳᠠᠢ ᠳ᠋ᠣ ᠰᠢᠷᠬᠠᠯᠠᠭ᠎ᠠ ᠲᠠᠢ ᠪᠣᠯᠪᠠᠯ ᠂ ᠸᠢᠲ᠋ᠠᠮᠢᠨ C ᠶ᠋ᠢ ᠰᠢᠷᠬᠠᠯᠠᠭ᠎ᠠ ᠲᠡᠬᠡᠷ᠎ᠡ
ᠨᠠᠭᠠᠯᠳᠣᠭᠣᠯᠵᠣ ᠂ ᠸᠢᠲ᠋ᠠᠮᠢᠨ C ᠠᠭᠣᠰᠬᠣ ᠦᠶᠠᠰ ᠰᠢᠷᠬᠠᠯᠠᠭ᠎ᠠ ᠨᠢ ᠦᠨᠳᠣᠰᠣᠨ ᠳ᠋ᠡᠬᠡᠨ ᠰᠠᠶᠢᠨ
ᠪᠣᠯᠳᠠᠭ ᠃
  7. ᠨᠢᠳᠣᠨ ᠲᠣᠳᠣᠷ᠎ᠡ ᠪᠠᠭ᠎ᠠ ᠰᠢᠷᠣᠢ ᠲᠣᠭᠣᠰᠣ ᠣᠷᠤᠪᠠᠯ ᠨᠢᠳᠣ ᠪᠠᠨ ᠠᠨᠢᠭᠠᠣᠨ ᠬᠡᠳᠣ
ᠬᠠᠨᠢᠶᠠᠪᠠᠯ ᠲᠣᠭᠣᠰᠣ ᠨᠢ ᠭᠠᠳᠠᠭᠰᠢ ᠭᠠᠷᠳᠠᠭ ᠃
  8. ᠨᠢᠭᠣᠷ ᠢᠶ᠋ᠡᠨ ᠣᠬᠢᠶᠠᠬᠰᠠᠨ ᠤ ᠲᠠᠷᠠᠭ᠎ᠠ ᠬᠣᠷᠣᠭᠣᠨ ᠲᠡᠬᠡᠷ᠎ᠡ ᠪᠡᠨ ᠪᠠᠭ᠎ᠠ ᠯᠠ ᠲᠠᠪᠣᠰᠣ
ᠨᠠᠭᠠᠯᠳᠣᠭᠣᠯᠣᠭᠠᠣᠨ ᠬᠠᠮᠠᠷ ᠤᠨ ᠬᠣᠶᠠᠷ ᠲᠠᠯ᠎ᠠ ᠳ᠋ᠣ ᠬᠦᠩᠬᠡᠨ ᠢᠯᠢᠵᠣ ᠂ ᠳᠠᠬᠢᠭᠠᠳ ᠴᠡᠪᠡᠷ ᠣᠰᠣ ᠪᠡᠷ
ᠣᠬᠢᠶᠠᠪᠠᠯ ᠬᠠᠷ᠎ᠠ ᠲᠣᠯᠪᠣ ᠪᠠ ᠬᠣᠭ ᠪᠠᠣᠨᠬ᠎ᠠ ᠨᠢ ᠴᠡᠪᠡᠷᠯᠡᠭᠳᠡᠵᠣ ᠰᠢᠷ᠎ᠡ ᠦᠰᠣᠨ ᠤ ᠰᠦᠪᠡ ᠨᠢ ᠪᠠᠭ᠎ᠠ
ᠪᠣᠯᠳᠠᠭ ᠃
  9. ᠪᠠᠳᠠᠭᠠᠨ᠎ᠠ ᠬᠠᠵᠠᠬᠰᠠᠨ ᠤ ᠲᠠᠷᠠᠭ᠎ᠠ ᠰᠠᠪᠤᠩ ᠲᠦᠷᠬᠢᠪᠠᠯ ᠵᠠᠭᠠᠳᠣᠨᠠᠬᠣ ᠦᠬᠡᠢ ᠪᠣᠯᠳᠠᠭ ᠃
  10.ᠬᠣᠭᠣᠯᠠᠢ ᠡᠪᠡᠣᠨᠬᠦ ᠪᠣᠶᠣ ᠰᠢᠳᠣᠨ ᠤ ᠪᠤᠶᠢᠯᠠ ᠦᠷᠪᠢᠰᠪᠠᠯ ᠣᠷᠣᠢ ᠣᠨᠳᠠᠬᠣ ᠡᠴᠡ ᠡᠮᠣᠨ᠎ᠡ
ᠲᠠᠷᠪᠣᠰ ‍ᠢ ᠲᠠᠪᠣᠰᠣᠨ ᠳ᠋ᠣ ᠳᠦᠷᠦᠵᠦ ᠢᠳᠡᠪᠡᠯ ᠲᠠᠷᠠᠭ᠎ᠠ ᠦᠷᠯᠦᠬᠡ ᠨᠢ ᠡᠪᠡᠣᠨᠴᠢᠨ ᠤ ᠢᠯᠡᠷᠡᠯ
ᠬᠦᠩᠬᠡᠷᠡᠳᠡᠭ ᠃
  11.ᠦᠯᠢᠶᠠᠬᠦᠷ ‍ᠢᠶ᠋ᠡᠷ ᠱᠤᠰᠢᠭ᠎ᠠ ᠶ᠋ᠢ ᠦᠯᠢᠶᠡᠵᠣ ᠴᠠᠪᠠᠤ ᠨᠢ ᠬᠠᠯᠠᠭᠣᠨ ᠪᠣᠯᠪᠠᠯ ᠱᠠᠭᠠᠯᠠᠵᠤ
ᠠᠪᠬᠣ ᠳ᠋ᠣ ᠬᠢᠯᠪᠠᠷᠬᠠᠨ ᠪᠣᠯᠳᠠᠭ ᠃
  12. ᠭᠠᠳᠠᠭᠰᠢ ᠭᠠᠷᠴᠣ ᠵᠣᠭᠠᠴᠠᠬᠣ ᠦᠶᠠᠰ ᠬᠣᠪᠴᠠᠰᠣ ᠬᠣᠨᠠᠷ ᠠᠳᠣᠷᠢᠶ᠎ᠠ ᠣᠷᠣᠬᠣ ᠡᠴᠡ
ᠠᠶᠣᠪᠠᠯ ᠂ ᠬᠣᠪᠴᠠᠰᠣ ᠪᠠᠨ ᠴᠠᠭᠠᠷᠢᠬᠯᠠᠵᠣ ᠲᠠᠯᠪᠢᠪᠠᠯ ᠠᠳᠣᠷᠢᠶ᠎ᠠ ᠤᠷᠤᠬᠤ ᠨᠢ ᠪᠠᠭ᠎ᠠ ᠪᠣᠯᠳᠠᠭ ᠃
  13.ᠬᠣᠭᠣᠯᠠ ᠢᠳᠡᠭᠰᠠᠨ ᠤ ᠲᠠᠷᠠᠭ᠎ᠠ ᠬᠡᠬᠡᠷᠡᠬᠡᠣᠨ ᠵᠣᠬᠰᠣᠬᠣ ᠦᠬᠡᠢ ᠦᠶᠠᠰ ᠪᠠᠭ᠎ᠠ ᠼᠤᠤ
ᠣᠣᠭᠣᠪᠠᠯ ᠲᠠᠷᠣᠢ ᠵᠣᠭᠰᠣᠴᠢᠬᠠᠳᠠᠭ ᠃
  14.ᠰᠠᠷᠢᠮᠰᠠᠭ ᠂ ᠦᠮᠦᠬᠡᠢ ᠳ᠋ᠸᠣᠹᠦ᠋ ᠵᠡᠷᠬᠡ ᠦᠨᠣᠷ ᠲᠠᠢ ᠢᠳᠡᠬᠡᠨ ᠢᠳᠡᠭᠰᠠᠨ ᠤ ᠲᠠᠷᠠᠭ᠎ᠠ
ᠬᠡᠳᠣᠨ ᠮᠦᠬᠦᠯᠢᠭ ᠬᠣᠸᠠᠱᠸᠩ ᠢᠳᠡᠪᠡᠯ ᠦᠨᠦᠷ ᠨᠢ ᠪᠠᠭᠠᠰᠳᠠᠭ ᠃
  15.ᠬᠠᠨᠢᠶᠠᠬᠣ ᠶ᠋ᠢ ᠵᠣᠭᠰᠣᠭᠠᠬᠣ ᠳ᠋ᠥ ᠂ ᠨᠠᠩ ᠢᠯᠠᠩᠭᠣᠶ᠎ᠠ ᠬᠠᠭᠣᠷᠠᠢ ᠪᠡᠷ ᠬᠠᠨᠢᠶᠠᠪᠠᠯ ᠣᠷᠣᠢ
ᠣᠨᠳᠠᠬᠣ ᠡᠴᠡ ᠪᠡᠨ ᠡᠮᠣᠨ᠎ᠡ ᠴᠡᠪᠡᠷ ᠮᠠᠭᠠᠵᠢ ᠶ᠋ᠢᠨ ᠲᠣᠰᠣ ᠪᠡᠷ ᠦᠨᠳᠡᠬᠡ ᠬᠠᠭᠠᠷᠢᠵᠤ ᠂ ᠲᠣᠰᠣ ᠶ᠋ᠢ ᠨᠢ
ᠢᠯᠡᠬᠦᠣ ᠰᠢᠭ ᠬᠢᠵᠣ ᠂ ᠬᠠᠯᠠᠭᠣᠨ ‍ᠢᠶ᠋ᠡᠷ ᠨᠢ ᠢᠳᠡᠵᠦ ᠪᠠᠷᠠᠭᠰᠠᠭᠠᠷ ᠤᠴᠢᠵᠤ ᠤᠨᠳᠠᠨ᠎ᠠ ᠂ ᠦᠷᠬᠦᠯᠵᠢᠯᠡᠨ
ᠬᠡᠳᠣᠨ ᠡᠳᠣᠷ ᠢᠳᠡᠪᠡᠯ ᠠᠴᠢ ᠳᠤᠰᠠ ᠨᠢ ᠢᠯᠡᠷᠬᠡᠢ ᠮᠡᠳᠡᠭᠳᠡᠳᠡᠭ ᠃
  16. ᠭᠠᠷ ᠤᠨ ᠪᠠᠭᠣᠣ ᠨᠢ ᠪᠦᠳᠦᠬᠦᠨ ᠬᠦᠮᠦᠨ ᠪᠠᠭᠣᠪᠴᠢ ᠵᠡᠬᠦᠬᠦ ᠳ᠋ᠣ ᠬᠠᠷ᠎ᠠ ᠬᠦᠴᠦ ᠪᠡᠷ ᠵᠡᠭᠦᠵᠦ
ᠪᠤᠯᠬᠤ ᠦᠭᠡᠢ ᠂ ᠭᠠᠷ ᠲᠠᠭᠠᠨ ᠰᠦᠯᠢᠶᠣᠣ ᠣᠭᠣᠳᠠ ᠤᠭᠯᠠᠪᠠᠯ ᠪᠠᠭᠣᠪᠴᠢ ᠣᠷᠣᠬᠣ ᠳ᠋ᠣ ᠠᠮᠠᠷᠬᠠᠨ
ᠮᠦᠷᠳᠡᠬᠡᠨ ᠲᠣᠰ ᠠᠷᠭ᠎ᠠ ᠪᠡᠷ ᠪᠠᠭᠣᠣ ᠪᠠᠨ ᠠᠪᠴᠣ ᠭᠠᠷᠭᠠᠬᠣ ᠳ᠋ᠣ ᠴᠣ ᠠᠮᠠᠷᠬᠠᠨ ᠪᠠᠶᠢᠳᠠᠭ ᠃
  17. ᠲᠠᠣᠯᠠᠢ ᠶ᠋ᠢᠨ ᠪᠦᠬᠡᠷ᠎ᠡ ᠶ᠋ᠢᠨ ᠬᠠᠯᠢᠰᠣ ᠨᠢ ᠬᠠᠭᠣᠯᠤᠬᠳᠠᠬᠣ ᠦᠬᠡᠢ ᠦᠶᠠᠰ ᠪᠢᠴᠢᠯ
ᠳᠤᠯᠬᠢᠶᠠᠨ ᠵᠤᠤᠬᠠᠨ ᠳ᠋ᠣ ᠬᠢᠵᠣ ᠬᠠᠯᠠᠭᠠᠭᠠᠳ ᠬᠠᠯᠠᠭᠤᠨ ‍ᠢᠶ᠋ᠡᠷ ᠨᠢ ᠦᠷᠡᠪᠡᠯ ᠬᠠᠯᠢᠰᠣ ᠨᠢ ᠠᠮᠠᠷᠬᠠᠨ
ᠱᠠᠭᠠᠷᠠᠳᠠᠭ ᠃
  18. ᠰᠣᠷᠭᠣᠭ ᠴᠠᠴᠡᠭ ‍ᠢ ᠬᠠᠳᠬᠤᠬᠤ ᠳ᠋ᠠᠭᠠᠨ ᠣᠰᠣᠨ ᠳ᠋ᠣ ᠬᠡᠳᠣᠨ ᠲᠣᠰᠣᠯ ᠣᠬᠢᠶᠠᠯᠳᠠ ᠶ᠋ᠢᠨ
ᠡᠳ᠋ ᠬᠢᠪᠠᠯ ᠬᠡᠳᠣᠨ ᠡᠳᠣᠷ ᠰᠣᠷᠭᠣᠭ ᠬᠡᠪ ᠢᠶ᠋ᠡᠷ ‍ᠢᠶ᠋ᠡᠨ ᠪᠠᠶᠢᠳᠠᠭ ᠃
  19. ᠬᠣᠰᠢᠭ᠎ᠠ ᠶ᠋ᠢ ᠵᠢᠩᠨᠡᠬᠦᠷ ᠲᠣ ᠠᠷᠪᠠᠨ ᠮᠢᠨᠦ᠋ᠲ ᠵᠢᠩᠨᠡᠬᠡᠣᠨ ᠬᠦᠢᠳᠡᠨ ᠣᠰᠣᠨ ᠳ᠋ᠣ ᠬᠢᠭᠰᠠᠨ
 ᠤ ᠲᠠᠷᠠᠭ᠎ᠠ ᠬᠠᠭᠠᠯᠪᠠᠯ ᠬᠣᠰᠢᠭ᠎ᠠ ᠶ᠋ᠢᠨ ᠦᠷ᠎ᠡ ᠶ᠋ᠢ ᠪᠦᠬᠦᠯᠢ ᠪᠡᠷ ᠨᠢ ᠠᠪᠴᠣ ᠲᠠᠶᠢᠯᠣᠨ᠎ᠠ ᠃
  20. ᠰᠠᠮ ᠬᠣᠷᠣᠬᠠᠢ ᠶ᠋ᠢᠨ ᠴᠦᠮ᠎ᠡ ᠶ᠋ᠢ ᠠᠶᠠᠭᠠᠨ ᠳ᠋ᠣ ᠬᠢᠵᠣ ᠪᠠᠭ᠎ᠠ ᠬᠡᠮᠵᠢᠶᠠᠨ ᠤ ᠢᠳᠡᠰᠢᠨ
ᠲᠠᠪᠣᠰᠣ ᠂ ᠬᠣᠵᠢᠷ ᠬᠢᠬᠡᠣᠨ ᠭᠠᠷ ᠢᠶ᠋ᠡᠷ ᠢᠶ᠋ᠡᠨ ᠪᠠᠵᠢᠬᠰᠠᠨ ᠤ ᠲᠠᠷᠠᠭ᠎ᠠ ᠴᠡᠪᠡᠷ ᠤᠰᠤᠨ ᠳ᠋ᠥ
ᠳᠡᠪᠳᠦᠭᠡᠨ ᠂ ᠳᠠᠬᠢᠨ ᠣᠰᠣ ᠪᠡᠷ ᠣᠬᠢᠶᠠᠭᠠᠳ ᠬᠠᠭᠣᠷᠪᠠᠯ ᠂ ᠰᠠᠮ ᠬᠣᠷᠣᠬᠠᠢ ᠶ᠋ᠢᠨ ᠴᠦᠮ᠎ᠡ ᠨᠢ
ᠲᠣᠩᠭᠠᠯᠠᠭ ᠮᠦᠷᠳᠡᠬᠡᠨ ᠵᠦᠬᠡᠯᠡᠨ ᠂ ᠢᠳᠡᠬᠦ ᠳ᠋ᠣ ᠠᠮᠳᠠᠳᠠᠢ ᠪᠠᠶᠢᠳᠠᠭ ᠃
  21. ᠮᠢᠬ᠎ᠠ ᠶ᠋ᠢ ᠬᠠᠭᠣᠷᠬᠣ ᠦᠶᠡᠰ ᠂ ᠬᠣᠵᠢᠷ ᠲᠠᠢ ᠣᠰᠣᠨ ᠳ᠋ᠣ ᠠᠷᠪᠠᠨ ᠬᠡᠳᠣᠨ ᠮᠢᠨᠦ᠋ᠲ
ᠲᠡᠪᠳᠦᠭᠡᠭᠰᠠᠨ ᠤ ᠲᠠᠷᠠᠭ᠎ᠠ ᠣᠰᠣ ᠶ᠋ᠢ ᠨᠢ ᠠᠰᠬᠠᠵᠣ ᠂ ᠳᠠᠬᠢᠨ ᠠᠮᠳᠠ ᠣᠷᠣᠭᠣᠯᠬᠣ ᠡᠳ᠋ ᠬᠢᠵᠣ ᠬᠠᠭᠣᠷᠴᠦ
- 62 -ᠭᠠᠷᠭᠠᠭᠰᠠᠨ ᠮᠢᠬ᠎ᠠ ᠨᠢ ᠵᠦᠬᠡᠯᠡᠨ ᠮᠦᠷᠳᠡᠬᠡᠨ ᠭᠤᠯᠭᠤᠮᠠᠳᠠᠭᠠᠢ ᠪᠠᠶᠢᠳᠠᠭ ᠃
  22. ᠴᠠᠢ ᠶ᠋ᠢᠨ ᠰᠢᠭᠠᠷᠣ ᠶ᠋ᠢ ᠣᠰᠣᠨ ᠳ᠋ᠣ ᠬᠡᠳᠣᠨ ᠡᠳᠣᠷ ᠲᠡᠪᠳᠦᠬᠡᠭᠰᠠᠨ ᠤ ᠲᠠᠷᠠᠭ᠎ᠠ ᠣᠷᠭᠣᠮᠠᠯ
 ᠤᠨ ᠦᠨᠳᠣᠰᠣᠨ ᠳ᠋ᠣ ᠬᠢᠪᠠᠯ ᠣᠷᠭᠣᠮᠠᠯ ᠤᠨ ᠣᠷᠭᠣᠯᠳᠠ ᠶ᠋ᠢ ᠲᠦᠷᠬᠡᠣᠨᠬᠡᠵᠣ ᠴᠢᠳᠠᠨ᠎ᠠ ᠃
  23. ᠴᠠᠢ ᠶ᠋ᠢᠨ ᠰᠢᠭᠠᠷᠣ ᠶ᠋ᠢ ᠬᠠᠳᠠᠭᠠᠭᠰᠠᠨ ᠤ ᠲᠠᠷᠠᠭ᠎ᠠ ᠵᠣᠷᠯᠣᠩ ᠪᠣᠶᠣ ᠭᠣᠣ ᠰᠣᠪᠠᠭ ᠭᠠᠵᠠᠷ
ᠲᠠᠯᠪᠢᠵᠣ ᠰᠢᠳᠠᠭᠠᠪᠠᠯ ᠦᠮᠦᠬᠡᠢ ᠦᠨᠦᠷ ‍ᠢ ᠲᠠᠷᠣᠵᠣ ᠴᠢᠳᠠᠳᠠᠭ ᠮᠦᠷᠳᠡᠬᠡᠨ ᠪᠠᠳᠠᠭᠠᠨ᠎ᠠ ᠰᠢᠮᠠᠭᠣᠯ ᠢ
ᠵᠠᠶᠢᠯᠠᠭᠣᠯᠵᠣ ᠴᠢᠳᠠᠨ᠎ᠠ ᠃
  24. ᠪᠣᠳᠠᠭ᠎ᠠ ᠲᠦᠬᠦᠬᠡᠢ ᠪᠣᠯᠪᠠᠯ ᠰᠠᠪᠬ᠎ᠠ ᠪᠡᠷ ᠪᠣᠳᠠᠭᠠᠨ ᠳᠣᠳᠣᠷ᠎ᠠ ᠳᠣᠭᠤᠭᠠᠨ ᠢᠷᠤᠭᠠᠷ
ᠬᠦᠷᠳᠡᠯ᠎ᠡ ᠬᠡᠳᠣᠨ ᠨᠦᠬᠡ ᠭᠠᠷᠭᠠᠵᠣ ᠪᠠᠭ᠎ᠠ ᠯᠠ ᠰᠢᠷ᠎ᠡ ᠠᠷᠢᠬᠢ ᠬᠢᠵᠣ ᠲᠠᠬᠢᠵᠣ ᠵᠢᠩᠨᠠᠪᠠᠯ ᠪᠣᠯᠴᠢᠬᠠᠨ᠎ᠠ ᠃
  25. ᠴᠣᠩᠬᠣᠨ ᠤ ᠱᠠ ᠶ᠋ᠢᠨ ᠪᠣᠵᠠᠷ ᠲᠣᠰᠣ ᠶ᠋ᠢ ᠠᠷᠢᠯᠭᠠᠬᠣ ᠠᠷᠭ᠎ᠠ ᠄ ᠬᠣᠪᠴᠠᠰᠣ ᠣᠬᠢᠶᠠᠬᠰᠠᠨ
ᠣᠰᠣᠨ ᠳ᠋ᠣ ᠲᠠᠮᠠᠬᠢᠨ ᠤᠵᠠᠭᠤᠷ ᠢ ᠬᠢᠵᠣ ᠱᠠ ᠴᠤᠩᠬᠤ ᠂ ᠰᠢᠯ ᠴᠣᠩᠬᠣ ᠶ᠋ᠢ ᠵᠦᠯᠭᠦᠪᠡᠯ ᠦᠢᠯᠡᠳᠣᠯ ᠨᠢ
ᠰᠠᠶᠢᠨ ᠪᠠᠶᠢᠳᠠᠭ ᠃
  26. ᠰᠣᠪᠣᠣᠨ ᠡᠷᠳᠡᠨᠢ ᠶ᠋ᠢᠨ ᠬᠠᠶᠢᠷᠴᠠᠭ ᠲᠣ ᠨᠢᠬᠡ ᠬᠡᠰᠡᠭ ᠣ ᠶ᠋ᠢᠨ ᠪᠢᠷ ᠲᠠᠯᠪᠢᠪᠠᠯ ᠵᠠᠰᠠᠯ
ᠵᠡᠮᠰᠡᠭ ᠤᠨ ᠦᠩᠬᠡ ᠬᠡᠷᠡᠯ ᠨᠢ ᠬᠡᠵᠢᠶᠠᠳ᠋ᠨ ᠬᠠᠳᠠᠭᠠᠯᠠᠭᠳᠠᠵᠣ ᠴᠢᠳᠠᠨ᠎ᠠ ᠃
  27. ᠰᠢᠷᠡᠬᠡ ᠂ ᠯᠣᠩᠬᠣᠨ ᠤ ᠭᠠᠳᠠᠷ ᠲᠠᠯ᠎ᠠ ᠶ᠋ᠢᠨ ᠬᠠᠳᠠᠬᠤ ᠦᠭᠡᠢ ᠴᠡᠪᠠᠣ ᠶ᠋ᠢ ᠰᠡᠷᠢᠭᠦᠨ
ᠲᠣᠰᠣ ᠪᠡᠷ ᠠᠷᠴᠢᠪᠠᠯ ᠠᠷᠢᠯᠴᠢᠬᠠᠳᠠᠭ ᠃
  28. ᠭᠠᠳᠠᠭᠰᠢ ᠭᠠᠷᠬᠣ ᠳ᠋ᠣ ᠪᠣᠭᠴᠣᠨ ᠳ᠋ᠠᠭᠠᠨ ᠨᠢᠬᠡ ᠬᠡᠰᠡᠭ ᠬᠠᠭᠣᠷᠠᠢ ᠳ᠋ᠢᠶᠠᠨ ᠤᠤᠢ ᠰᠠᠪᠠᠯᠠᠵᠣ ᠂
ᠴᠠᠮᠴᠠᠨ ᠳ᠋ᠥ ᠲᠠᠶᠢᠪᠣᠩ ᠴᠠᠬᠢᠯᠭᠠᠨ ᠡᠬᠦᠰᠪᠠᠯ ᠳ᠋ᠢᠶᠠᠨ ᠤᠤᠢ ᠶ᠋ᠢᠨ ᠠᠷᠭ᠎ᠠ ᠳᠤᠶᠢᠯ ᠢᠶ᠋ᠡᠷ ᠴᠠᠮᠴᠠᠨ
ᠲᠡᠬᠡᠷ᠎ᠡ ᠦᠷᠦᠪᠡᠯ ᠲᠠᠶᠢᠪᠣᠩ ᠴᠠᠬᠢᠯᠭᠠᠨ ᠢ ᠠᠷᠢᠯᠭᠠᠵᠣ ᠴᠢᠳᠠᠨ᠎ᠠ ᠃
  29.ᠠᠷᠠᠰᠣᠨ ᠱᠠᠬᠠᠢ ᠬᠦᠯ ᠬᠣᠯᠭᠤᠪᠠᠯ ᠂ ᠱᠠᠬᠠᠢ ᠶ᠋ᠢᠨ ᠬᠦᠯ ᠬᠣᠯᠭᠣᠬᠣ ᠬᠡᠰᠡᠭ ᠨᠢᠬᠡ ᠪᠠᠭ᠎ᠠ
ᠬᠠᠷ᠎ᠠ ᠠᠷᠢᠬᠢ ᠲᠦᠷᠬᠢᠪᠠᠯ ᠲᠠᠬᠢᠭᠠᠣᠨ ᠬᠣᠯᠭᠣᠬᠣ ᠦᠬᠡᠢ ᠪᠣᠯᠳᠠᠭ ᠃
  30. ᠨᠣᠭᠣᠭ᠎ᠠ ᠶ᠋ᠢ ᠣᠰᠣᠨ ᠳ᠋ᠣ ᠴᠢᠨᠠᠰᠬᠢᠬᠦ ᠴᠢᠬᠣᠯᠠᠳᠠᠢ ᠪᠣᠯ ᠴᠢᠨᠠᠭᠰᠠᠨ ᠣᠰᠣ ᠶ᠋ᠢ ᠨᠢ
ᠴᠢᠳᠠᠬᠣ ᠶ᠋ᠢᠨ ᠳᠣᠳᠣᠷ᠎ᠠ ᠠᠰᠢᠭᠯᠠᠨ᠎ᠠ ᠃ ᠪᠠᠩᠰᠢ ᠪᠣᠭᠣᠬᠣ ᠳ᠋ᠣ ᠨᠣᠭᠣᠭ᠎ᠠ ᠴᠢᠨᠠᠭᠰᠠᠨ ᠣᠰᠣ ᠶ᠋ᠢ ᠪᠠᠩᠰᠢᠨ
 ᠤ ᠮᠢᠬᠠᠨ ᠢᠳᠡᠭᠡ ᠳᠣᠳᠣᠷ᠎ᠠ ᠬᠢᠪᠡᠯ ᠪᠠᠩᠰᠢ ᠶ᠋ᠢᠨ ᠰᠢᠮ᠎ᠡ ᠳᠡᠵᠢᠭᠡᠯ ᠢ ᠪᠠᠳᠣᠯᠠᠬᠣ ᠮᠦᠷᠳᠡᠭᠡᠨ ᠦᠨᠦᠷ
ᠠᠮᠳᠠ ᠪᠡᠷ ᠰᠠᠶᠢᠨ ᠪᠠᠶᠢᠳᠠᠭ ᠃
  31. ᠵᠣᠨ ᠤ ᠣᠯᠠᠷᠢᠯ ᠳ᠋ᠣ ᠬᠦᠯ ᠡᠴᠠ ᠠᠮᠠᠷᠬᠠᠨ ᠬᠦᠯᠦᠰᠦ ᠭᠠᠷᠳᠠᠭ ᠂ ᠣᠷᠣᠢ ᠪᠣᠯᠭᠠᠨ
ᠳᠠᠪᠣᠰᠣ ᠲᠠᠢ ᠣᠰᠣ ᠪᠡᠷ ᠬᠦᠯ ᠢᠶᠡᠨ ᠳᠡᠪᠳᠦᠭᠡᠪᠡᠯ ᠰᠢᠪᠡᠷᠢ ᠳ᠋ᠥ ᠳᠤᠰᠠᠳᠠᠢ ᠃
  32. ᠵᠣᠨ ᠤ ᠣᠯᠠᠷᠢᠯ ᠳ᠋ᠣ ᠣᠰᠣᠨ ᠳ᠋ᠣ ᠣᠮᠪᠠᠭᠠᠳ ᠨᠠᠷᠠᠨ ᠳ᠋ᠣ ᠡᠭᠡᠭᠡᠪᠡᠯ ᠪᠤᠯᠴᠢᠩ ᠠᠷᠠᠰᠤᠨ
 ᠤ ᠶᠠᠳᠠᠷᠠᠭ᠎ᠠ ᠡᠪᠡᠳᠴᠢᠨ ᠡᠴᠡ ᠰᠡᠷᠭᠡᠶᠢᠯᠡᠵᠦ ᠴᠢᠳᠠᠨ᠎ᠠ ᠃
  33. ᠳᠡᠷ᠎ᠡ ᠶ᠋ᠢᠨ ᠳᠣᠳᠣᠷᠠᠬᠢ ᠰᠠᠭᠠᠭ ᠤᠨ ᠬᠠᠯᠢᠰᠣ ᠪᠣᠶᠣ ᠪᠣᠰᠣᠳ ᠵᠦᠢᠯ ᠢ ᠨᠠᠷᠠᠨ ᠳ᠋ᠣ
ᠦᠷᠭᠦᠯᠵᠢ ᠬᠠᠳᠠᠭᠠᠪᠠᠯ ᠡᠷᠡᠭᠦᠯ ᠮᠡᠨᠳᠦ ᠳ᠋ᠣ ᠰᠠᠶᠢᠨ ᠃
  34. ᠨᠣᠶᠢᠷ ᠬᠣᠯᠵᠢᠬᠣ ᠶ᠋ᠢ ᠰᠡᠷᠭᠡᠶᠢᠯᠡᠬᠦ ᠠᠷᠭ᠎ᠠ ᠄ ᠣᠨᠳᠠᠬᠣ ᠡᠴᠡ ᠡᠮᠦᠨ᠎ᠡ ᠣᠯᠠᠨ ᠦᠭᠡ
ᠶᠠᠷᠢᠬᠣ ᠪᠣᠶᠣ ᠳᠠᠷᠢᠬᠢ ᠬᠦᠳᠡᠯᠭᠡᠬᠦ ᠶ᠋ᠢ ᠴᠡᠭᠡᠷᠯᠡᠵᠦ ᠂ ᠳᠠᠩᠳᠡᠭᠦᠦ ᠠᠭᠰᠢᠭᠣᠨ ᠴᠠᠢ ᠣᠣᠭᠣᠵᠣ ᠪᠣᠯᠬᠣ
ᠦᠭᠡᠢ ᠂ ᠬᠠᠯᠠᠭᠣᠨ ᠤᠰᠤᠨ ᠳ᠋ᠣ ᠼᠤᠤ ᠬᠢᠵᠦ ᠬᠦᠯ ᠢᠶᠡᠨ ᠣᠬᠢᠶᠠᠪᠠᠯ ᠨᠣᠶᠢᠷ ᠬᠣᠯᠵᠢᠬᠣ ᠶ᠋ᠢ ᠰᠡᠷᠭᠡᠶᠢᠯᠡᠵᠦ
ᠴᠢᠳᠠᠨ᠎ᠠ ᠃
  35. ᠠᠯᠲᠠ ᠮᠦᠩᠭᠦᠨ ᠴᠡᠴᠡᠭ ᠬᠣᠶᠠᠩ ᠡᠪᠡᠳᠴᠢᠨ ᠢ ᠲᠠᠭᠣᠬᠣ ᠦᠢᠯᠡᠳᠦᠯ ᠲᠠᠢ ᠂ ᠪᠦᠭᠡᠳ
ᠠᠯᠳᠠ ᠮᠦᠩᠭᠦᠨ ᠴᠡᠴᠡᠭ ‍ᠢ ᠴᠢᠨᠠᠭᠰᠠᠨ ᠣᠰᠣ ᠶ᠋ᠢ ᠬᠦᠷᠦᠭᠡᠵᠦ ᠪᠠᠯ ᠲᠠᠢ ᠳᠤᠬᠢᠷᠠᠭᠤᠯᠵᠤ ᠣᠣᠭᠣᠪᠠᠯ
ᠬᠠᠯᠠᠭᠣᠨ ᠢ ᠳᠠᠶᠢᠯᠳᠠᠭ ᠃
  36. ᠳᠠᠩᠳᠡᠭᠦᠦ ᠳᠣᠰᠣᠯᠢᠭ ᠬᠣᠭᠣᠯᠠ ᠪᠣᠳᠠᠭ᠎ᠠ ᠢᠳᠡᠭᠰᠡᠨ ᠤ ᠳᠠᠷᠠᠭ᠎ᠠ ᠴᠠᠢ ᠣᠣᠭᠣᠪᠠᠯ
ᠠᠶᠠᠨᠳᠠᠭᠠᠨ ᠵᠢᠭᠳᠡ ᠬᠡᠮᠯᠡᠯᠳᠦ ᠮᠡᠳᠡᠷᠡᠯ ᠳ᠋ᠣ ᠰᠡᠳᠡᠯᠳᠠ ᠦᠭᠴᠦ ᠂ ᠦᠭᠡᠬᠦ ᠶ᠋ᠢᠨ ᠪᠣᠳᠠᠰ ᠤᠨ
ᠰᠣᠯᠢᠯᠴᠠᠭ᠎ᠠ ᠶ᠋ᠢ ᠲᠦᠷᠭᠡᠳᠭᠡᠵᠦ ᠴᠢᠳᠠᠨ᠎ᠠ ᠃
  37. ᠨᠣᠶᠢᠷ ᠳᠣᠳᠠᠭᠰᠠᠭᠠᠷ ᠬᠦᠮᠦᠨ ᠪᠢᠳᠠᠭᠣ ᠪᠣᠯᠳᠠᠭ ᠃ ᠨᠢᠭᠡ ᠡᠳᠦᠷ 8 ᠴᠠᠭ ᠣᠨᠳᠠᠬᠣ
ᠬᠡᠷᠡᠭᠳᠠᠢ ᠂ ᠦᠳᠡ  ᠳ᠋ᠣ ᠣᠨᠳᠠᠬᠣ ᠳᠠᠳᠬᠠᠯ ᠨᠢ ᠦᠳᠡᠯᠬᠦ ᠶ᠋ᠢ ᠤᠳᠠᠭᠠᠰᠢᠷᠠᠭᠤᠯᠳᠠᠭ ᠃
  38. ᠭᠠᠷ ᠤᠨ ᠠᠷᠠᠰᠣ ᠠᠮᠠᠷᠬᠠᠨ ᠬᠠᠭᠤᠷᠠᠶᠢᠰᠢᠵᠤ ᠠᠷᠵᠠᠶᠢᠨ᠎ᠠ ᠂ ᠼᠤᠤ ᠲᠠᠢ ᠣᠰᠣᠨ ᠳ᠋ᠣ
ᠠᠷᠪᠠᠨ ᠮᠢᠨᠦ᠋ᠲ ᠭᠠᠷ ᠢᠶ᠋ᠡᠨ ᠳᠡᠪᠳᠦᠭᠡᠪᠡᠯ ᠠᠷᠠᠰᠣ ᠶ᠋ᠢ ᠭᠤᠸᠠᠵᠢᠭᠤᠯᠳᠠᠭ ᠃
  39. ᠰᠡᠷᠢᠭᠦᠨ ᠴᠢᠬᠢᠷᠰᠤ ᠶ᠋ᠢ ᠠᠷᠴᠢᠬᠣ ᠦᠶᠡᠰ ᠣᠰᠣᠨ ᠳ᠋ᠣ ᠬᠡᠳᠦᠨ ᠳᠣᠰᠣᠯ ᠴᠡᠴᠡᠭ ᠤᠨ
ᠨᠡᠷᠡᠮᠡᠯ ᠣᠰᠣ ᠬᠣᠯᠢᠵᠣ ᠠᠷᠴᠢᠪᠠᠯ ᠴᠢᠬᠢᠷᠰᠤᠨ ᠤ ᠰᠡᠷᠢᠭᠦᠨ ᠪᠦᠭᠡᠳ ᠴᠡᠪᠡᠷᠴᠡ ᠶ᠋ᠢ ᠪᠠᠳᠤᠯᠠᠨ᠎ᠠ ᠃
  40. ᠦᠷᠯᠦᠭᠡᠨ ᠤ ᠬᠣᠭᠣᠯᠠ ᠳ᠋ᠣ ᠳᠦᠪᠡᠳ ᠬᠠᠰᠢ ᠂ ᠨᠢᠮᠪᠠᠭᠡ ᠶ᠋ᠢᠨ ᠬᠦᠴᠢᠯ ᠵᠡᠷᠭᠡ
ᠬᠦᠴᠢᠯᠯᠢᠭ ᠨᠣᠭᠣᠭ᠎ᠠ ᠪᠣᠯᠣᠨ ᠵᠢᠮᠢᠰ ᠢᠳᠡᠪᠡᠯ ᠡᠯᠢᠭᠡᠨ ᠳ᠋ᠣ ᠰᠠᠶᠢᠨ ᠃
  41. ᠪᠡᠶ᠎ᠡ ᠣᠬᠢᠶᠠᠬᠣ ᠪᠣᠶᠣ ᠳᠣᠯᠣᠭᠠᠢ ᠣᠬᠢᠶᠠᠬᠣ ᠦᠶᠡᠰ ᠣᠰᠣᠨ ᠳ᠋ᠠᠭᠠᠨ ᠬᠡᠳᠦᠨ ᠳᠣᠰᠣᠯ
ᠴᠡᠴᠡᠭ ᠤᠨ ᠨᠡᠷᠡᠮᠡᠯ ᠣᠰᠣ ᠬᠢᠪᠡᠯ ᠪᠠᠺᠲ᠋ᠧᠷᠢ ᠶ᠋ᠢ ᠤᠰᠠᠳᠬᠠᠵᠤ ᠂ ᠵᠠᠭᠠᠳᠣᠨᠠᠬᠣ ᠶ᠋ᠢ ᠵᠣᠭᠰᠣᠭᠠᠬᠣ ᠦᠢᠯᠡᠳᠦᠯ
ᠲᠠᠢ ᠃
  42. ᠦᠵᠦᠮ ᠳᠣᠳᠣᠷ᠎ᠠ ᠤᠨᠳᠠᠯᠭ᠎ᠠ ᠳ᠋ᠥ ᠳᠤᠰᠠᠯᠠᠬᠤ ᠬᠣᠷᠮᠣᠨ ᠪᠠᠶᠢᠳᠠᠭ ᠪᠣᠯᠬᠣᠷ ᠦᠷᠭᠦᠯᠵᠢ
ᠢᠳᠠᠪᠡᠯ ᠨᠣᠶᠢᠷ ᠬᠣᠯᠵᠢᠬᠣ ᠶ᠋ᠢ ᠵᠠᠰᠠᠨ᠎ᠠ ᠃
  43. ᠵᠣᠨ ᠤ ᠣᠯᠠᠷᠢᠯ ᠳ᠋ᠣ ᠲᠦᠪᠡᠳ ᠬᠠᠰᠢ ᠶ᠋ᠢᠨ ᠱᠦᠯᠦ ᠢᠯᠡᠬᠦᠦ ᠣᠣᠭᠣᠬᠣ ᠨᠢ ᠰᠢᠮ᠎ᠡ
ᠳᠡᠵᠢᠭᠡᠯ ᠨᠦᠬᠦᠪᠦᠷᠢᠯᠡᠵᠦ ᠴᠢᠳᠠᠨ᠎ᠠ ᠃ ᠳᠦᠪᠡᠳ ᠬᠠᠰᠢ ᠶ᠋ᠢ ᠪᠣᠴᠠᠯᠭᠠᠵᠣ ᠱᠦᠯᠦ ᠶ᠋ᠢ ᠨᠢ ᠬᠦᠷᠤᠭᠡᠭᠰᠡᠨ ᠤ
ᠳᠠᠷᠠᠭ᠎ᠠ ᠣᠣᠭᠣᠪᠠᠯ ᠳᠦᠪᠡᠳ ᠬᠠᠰᠢ ᠶ᠋ᠢᠨ ᠣᠯᠠᠭᠠᠨ ᠡᠳ᠋ ᠨᠢ ᠤᠷᠢᠳᠤ ᠪᠣᠯᠴᠢᠷᠬᠠᠢ ᠶ᠋ᠢᠨ ᠦᠮᠠᠨ
ᠡᠪᠡᠳᠴᠢᠨ ‍ᠢ ᠡᠰᠡᠷᠭᠦᠴᠡᠬᠦ ᠪᠠ ᠵᠢᠷᠦᠬᠡᠨ ᠪᠤᠯᠴᠢᠩ ᠢ ᠬᠠᠮᠠᠭᠠᠯᠠᠬᠣ ᠦᠢᠯᠡᠳᠦᠯ ᠳᠠᠢ ᠤᠴᠢᠷ ᠡᠴᠠ
ᠡᠷᠡᠭᠳᠠᠶᠢᠴᠣᠳ ᠲᠣ ᠬᠠᠮᠣᠭ ᠳᠤᠬᠢᠷᠠᠮᠵᠢᠳᠠᠢ ᠃
  44. ᠭᠠᠳᠠᠷ ᠰᠢᠷᠬ᠎ᠠ ᠳᠡᠭᠡᠷ᠎ᠡ ᠶᠠᠭᠣᠣ ᠲᠦᠷᠬᠢᠪᠠᠯ ᠦᠷᠪᠢᠰᠣᠯ ᠢ ᠲᠠᠷᠣᠬᠣ ᠂ ᠴᠢᠰᠣ
ᠵᠤᠭᠰᠤᠭᠠᠬᠤ ᠦᠢᠯᠡᠳᠣᠯ ᠲᠠᠢ ᠃
  45. ᠴᠠᠭᠠᠨ ᠼᠣᠣ ᠶ᠋ᠢ ᠠᠮᠪᠠᠨ ᠲᠡᠬᠡᠷ᠎ᠡ ᠰᠦᠷᠴᠢᠵᠣ ᠬᠠᠭᠠᠰ ᠴᠠᠭ ᠪᠣᠯᠣᠭᠰᠠᠨ ᠤ ᠲᠠᠷᠠᠭ᠎ᠠ
ᠰᠠᠶᠢ ᠣᠬᠢᠶᠠᠪᠠᠯ ᠮᠠᠭᠣᠬᠠᠢ ᠦᠨᠦᠷ ‍ᠢ ᠲᠠᠷᠣᠬᠣ ᠮᠦᠷᠳᠡᠬᠡᠨ ᠪᠠᠺᠲ᠋ᠸᠷᠢ ᠶ᠋ᠢ ᠠᠯᠠᠬᠣ ᠦᠢᠯᠡᠳᠣᠯ ᠲᠠᠢ ᠃ ☆



  
     
     