 

ᠬᠡᠦᠬᠡᠳ ᠢ ᠦᠭᠡᠢᠬᠢᠬᠦ ᠬᠠᠮᠤᠭ ᠤᠨ ᠬᠤᠷᠳᠤᠨ ᠬᠡᠯᠪᠡᠷᠢᠯ ᠪᠣᠯ ᠲᠠᠷᠤᠢ ᠪᠠᠶᠠᠰᠤᠯᠳᠥ ᠰᠤᠷᠭᠠᠨ ᠭᠥᠮᠥᠵᠢᠯ

2019-08-09 16:39
  999
  0

       ᠬᠡᠦᠬᠡᠳ ᠢ ᠦᠭᠡᠢᠬᠢᠬᠦ ᠬᠠᠮᠤᠭ ᠤᠨ ᠬᠤᠷᠳᠤᠨ ᠬᠡᠯᠪᠡᠷᠢᠯ ᠪᠣᠯ ᠲᠠᠷᠤᠢ ᠪᠠᠶᠠᠰᠤᠯᠳᠥ ᠰᠤᠷᠭᠠᠨ ᠭᠥᠮᠥᠵᠢᠯ
︽ᠥᠨᠥᠳᠦᠷ ᠤ᠋ᠨ ᠲᠦᠷᠦᠭᠦᠨ ᠮᠡᠳᠡᠭᠡ︾ ᠰᠣᠨᠢᠨ ᠤ᠋ 2019 ᠣᠨ ᠤ᠋ 6 ᠰᠠᠷ᠎ᠠ ᠵᠢᠨ 30 ᠤ᠋ ᠴᠢᠮᠡᠭᠡᠯᠡᠯ  ᠤ᠋ᠨ ᠰᠣᠩᠭᠤᠯᠲᠠ ᠣᠷᠴᠢᠭᠤᠯᠭ᠎ᠠ
ᠭᠥᠮᠥᠨ ᠤ ᠨᠢᠭᠡ ᠨᠠᠰᠤ ᠪᠣᠯ ᠲᠠᠰᠤᠷᠠᠯᠳᠠ ᠦᠭᠡᠢ ᠦᠷᠡᠭᠳᠡᠭᠦᠯᠦᠨ ᠵᠣᠷᠢᠭᠤᠯᠬᠤ ᠪᠠ ᠬᠤᠷᠢᠶᠠᠯᠳᠠ ᠬᠤᠷᠢᠶᠠᠬᠤ ᠶᠠᠪᠤᠴᠠ ᠮᠥᠨ ᠭᠡᠵᠤ ᠲᠦᠩ ᠬᠤᠸᠠ ᠶᠠᠷᠢᠳᠠᠭ᠃
ᠪᠦᠬᠦᠢᠯᠡ ᠭᠦᠮᠦᠨ ᠡᠨᠡᠬᠦ ᠶᠠᠪᠤᠴᠠ ᠪᠡᠷ ᠲᠠᠮᠵᠢᠨ ᠬᠤᠶᠠᠷ ᠲᠥᠷᠦᠯ ᠤᠨ ᠭᠥᠮᠥᠨ ᠪᠤᠯᠥᠨ ᠪᠥᠷᠢᠯᠳᠤᠳᠡᠭ᠃ ᠨᠢᠭᠡ ᠲᠥᠷᠦᠯ ᠤᠨ ᠬᠥᠮᠦᠨ ᠨᠢ ᠴᠢᠷᠠᠮᠠᠢᠯᠳᠠ  ᠪᠡᠷ ᠲᠠᠮᠵᠢᠨ ᠠᠮᠵᠢᠯᠳᠠ ᠳᠤ ᠬᠦᠷᠦᠭᠰᠡᠳ ᠪᠣᠯ ᠨᠥᠭᠥᠭᠡ ᠲᠥᠷᠤᠯ ᠤᠨ ᠭᠥᠮᠥᠨ ᠨᠢ ᠰᠠᠯᠠᠩ ᠵᠠᠳᠠᠭᠠᠢ ᠡᠴᠡ ᠪᠤᠯᠵᠦ ᠢᠯᠠᠭᠳᠠᠯ ᠤᠨ ᠲᠤᠮᠳᠠ ᠣᠷᠤᠰᠢᠭᠴᠢᠳ ᠪᠣᠯᠤᠨ᠎ᠠ᠃
ᠲᠠ ᠬᠡᠷᠪᠡ ᠬᠡᠦᠬᠡᠳ ᠢᠶᠡᠨ ᠴᠢᠷᠮᠠᠢᠯᠳᠠ ᠪᠠᠷ ᠲᠠᠮᠵᠢᠨ ᠠᠮᠵᠢᠯᠳᠠ ᠳᠤ ᠭᠥᠷᠳᠡᠭ ᠭᠥᠮᠥᠨ ᠪᠣᠯᠭᠠᠶ᠎ᠠ ᠭᠡᠪᠡᠯ ᠬᠡᠦᠬᠡᠳ ᠢᠶᠡᠨ ᠠᠶ᠎ᠠ  ᠪᠡᠷ ᠨᠢ ᠪᠢᠳᠡᠭᠡᠢ ᠲᠠᠯᠪᠢ᠂ ᠬᠠᠷᠢᠨ ᠪᠠᠬᠠᠨ ᠠᠯᠪᠠᠳᠠᠵᠦ ᠪᠠᠢᠭᠠᠷᠠᠢ︕
ᠨᠢᠭᠡ᠃ ᠰᠤᠷᠭᠠᠨ ᠭᠥᠮᠥᠵᠢᠯ ᠦᠨ ᠬᠠᠮᠤᠭ ᠲᠤᠮᠥ ᠬᠠᠭᠤᠷᠮᠠᠬᠴᠢᠯᠠᠯ ᠪᠣᠯ︽ᠬᠡᠦᠬᠡᠳ  ᠡ᠂ ᠴᠢ ᠪᠠᠶᠠᠰᠤᠯᠳᠠᠢ ᠯᠡ ᠪᠣᠯ ᠪᠣᠯᠴᠢᠬᠠᠨ᠎ᠠ︾᠃
ᠠᠯᠢ ᠦᠶ᠎ᠡ ᠡᠴᠡ ᠡᠬᠢᠯᠡᠭᠰᠡᠨ ᠢ ᠪᠤᠤ ᠮᠡᠳᠡ᠂ ᠲᠤᠮᠳᠠᠳᠤ ᠶᠢᠨ ᠡᠴᠢᠭᠡ ᠡᠭᠡᠴᠤᠤᠯ ᠬᠡᠦᠬᠡᠳ ᠢᠶᠡᠨ ᠤᠯᠠᠮ ᠭᠥᠨᠳᠤᠤᠨᠭᠡᠭᠥ ᠪᠤᠯᠵᠦ᠂ ᠪᠠᠶᠠᠷ ᠪᠠᠶᠠᠰᠤᠯᠲᠦ ᠰᠤᠷᠭᠠᠨ ᠭᠥᠮᠥᠵᠢᠯ ᠭᠡᠳᠡᠭ  ᠢ ᠡᠷᠬᠢᠮᠨᠡᠨ ᠲᠡᠭᠡᠳᠥᠯᠳᠡᠭ ᠪᠣᠯᠵᠠᠢ᠃
ᠠᠮᠢᠳᠤᠷᠠᠯ ᠲᠤᠮᠳᠠ ᠪᠢᠳᠡ ᠡᠢᠮᠦᠷᠬᠦ ᠦᠵᠡᠭᠳᠡᠯ ᠢ ᠦᠷᠭᠦᠯᠵᠢ ᠤᠯᠵᠦ ᠠᠵᠢᠭᠯᠠᠳᠠᠭ᠃
ᠬᠡᠦᠬᠡᠳ ᠨᠢ ᠪᠥᠵᠢᠭ᠂ ᠤᠷᠠᠨ ᠵᠢᠷᠤᠭ ᠲᠤ ᠳᠤᠷ᠎ᠠ ᠰᠣᠨᠢᠷᠬᠠᠯ ᠲᠦᠷᠦᠭᠦ ᠲᠠᠢ ᠵᠡᠷᠭᠡ ᠡᠴᠢᠭᠡ ᠡᠭᠡᠴᠤᠤᠯ ᠶᠠᠭᠤ ᠴᠦ ᠶᠠᠷᠢᠯ ᠥᠬᠡᠢ ᠨᠡᠷ᠎ᠡ ᠮᠡᠳᠡᠭᠦᠯᠦᠨ ᠪᠣᠯᠪᠠᠰᠤᠷᠠᠯ ᠳᠤ ᠣᠷᠤᠭᠤᠯᠳᠠᠭ᠃ ᠭᠡᠬᠦ ᠳᠤ ᠬᠡᠦᠬᠡᠳ ᠨᠢᠭᠡ ᠬᠤᠭᠤᠴᠠᠭᠠᠨ ᠤ ᠰᠤᠷᠤᠯᠴᠠᠯᠭ᠎ᠠ ᠪᠣᠯᠪᠠᠰᠤᠷᠠᠯ  ᠤ᠋ᠨ ᠳᠠᠷᠠᠭ᠎ᠠ ᠪᠡᠷ ᠪᠠᠭ᠎ᠠ ᠯᠠ ᠬᠦᠯᠢᠴᠡᠵᠦ ᠲᠡᠢᠯᠭᠥ ᠥᠬᠡᠢ ᠪᠣᠯᠤᠨ ᠬᠠᠶᠠᠬᠤ ᠬᠡᠭᠦ  ᠪᠡᠷ ᠡᠴᠢᠭᠡ ᠡᠭᠡᠴᠤᠤᠯ ᠮᠥᠨ ᠬᠡᠦᠬᠡᠳ ᠤᠨ ᠰᠡᠢᠤᠨᠪᠥᠷᠢ ᠵᠢ ᠳᠠᠭᠠᠳᠠᠭ ᠪᠢᠯᠡ᠃
ᠲᠡᠳᠡᠨᠦᠰ ᠮᠢᠨᠦ ᠬᠡᠦᠬᠡᠳ ᠡᠨᠡ ᠲᠠᠯ᠎ᠠ ᠶᠢᠨ ᠲᠥᠷᠦᠯᠬᠢ ᠠᠪᠢᠶᠠᠰ ᠨᠢ ᠲᠤᠳᠠᠮᠠᠭ ᠴᠦ  ᠪᠢᠯᠢᠤ᠂ ᠬᠠᠷᠢᠨ ᠲᠡᠭᠦᠨ ᠤ ᠲᠤᠷᠠᠳᠠᠢ᠂ ᠴᠢᠳᠠᠮᠠᠭᠠᠢ ᠵᠦᠢᠯᠡᠰ  ᠢ ᠨᠢ ᠰᠤᠷᠭᠠᠴᠢᠬᠠᠪᠠᠯ ᠠᠪ ᠠᠮᠠᠷᠬᠠᠨ ᠰᠠᠢᠨ ᠦᠷ᠎ᠡ ᠳ᠋ᠦᠩ ᠣᠯᠴᠢᠬᠠᠬᠤ ᠪᠢᠰᠢᠤ ᠬᠡᠵᠦ ᠪᠣᠳᠤᠵᠠᠭᠠᠳᠠᠭ᠃
ᠡᠭᠦᠨ ᠢ᠋ ᠠᠪᠤᠨ ᠦᠵᠡᠬᠦ ᠳᠤ ᠬᠡᠦᠬᠡᠳ ᠢ ᠬᠥᠨᠳᠥᠤᠨᠬᠡᠵᠦ ᠪᠠᠢᠪᠠᠴᠥ᠂ ᠦᠨᠡᠨ ᠳᠤ ᠪᠡᠨ ᠬᠡᠦᠬᠡᠳ ᠢᠶᠡᠨ ᠠᠶᠠᠳᠠᠨ ᠲᠤᠷᠠᠪᠡᠷ ᠨᠢ ᠲᠠᠯᠪᠢᠵᠦ ᠪᠠᠢᠭ᠎ᠠ ᠶᠠᠪᠤᠳᠠᠯ᠂ ᠡᠴᠢᠭᠡ ᠡᠭᠡᠴᠤᠤᠯ ᠤᠨ ᠲᠤᠢᠯ ᠤᠨ ᠬᠠᠷᠢᠭᠤᠴᠠᠯᠭ᠎ᠠ ᠥᠬᠡᠢ ᠢᠯᠡᠷᠡᠯ ᠪᠣᠯᠬᠤ ᠵᠢ ᠤᠯᠠᠨ ᠢᠶᠡᠷ ᠢᠶᠡᠨ ᠲᠠᠨᠢᠬᠤ ᠥᠬᠡᠢ ᠪᠣᠯᠬᠤ ᠥᠬᠡᠢ᠃
ᠠᠯᠢᠪᠠ ᠰᠤᠷᠤᠯᠴᠠᠯᠭ᠎ᠠ ᠪᠣᠯ ᠨᠢᠭᠡ ᠬᠡᠮᠵᠢᠶᠡᠨ ᠤ ᠠᠮᠳᠠ ᠰᠢᠮᠳᠡ ᠥᠬᠡᠢ᠂ ᠬᠠᠲᠠᠭᠤ ᠰᠢᠷᠭᠠᠭᠤ ᠶᠠᠪᠤᠴᠠ ᠵᠢ ᠵᠠᠪᠠᠯ ᠥᠩᠭᠡᠷᠭᠡᠭᠥ ᠴᠢᠬᠤᠯᠳᠠᠢ ᠬᠡᠳᠡᠭ  ᠢ᠋ᠢᠨ ᠮᠡᠳᠡᠷᠡᠬᠦ ᠴᠢᠬᠤᠯᠠᠲᠠᠢ ᠪᠠᠢᠵᠦ᠂ ᠡᠴᠢᠭᠡ ᠡᠭᠡᠴᠤᠤᠯ ᠡᠴᠡ ᠬᠡᠦᠬᠡᠳ ᠤᠨ ᠲᠥᠷᠤᠯᠬᠢ ᠴᠢᠳᠠᠪᠥᠷᠢ ᠵᠢ ᠯᠠ ᠭᠥᠨᠳᠤᠤᠨᠭᠡᠭᠡᠤᠨ ᠯᠡ ᠪᠠᠢᠪᠠᠯ᠂ ᠬᠡᠦᠬᠡᠳ ᠤᠨ ᠰᠤᠷᠤᠯᠴᠠᠯᠭ᠎ᠠ ᠨᠢ ᠥᠷᠦᠮ᠎ᠡ ᠬᠤᠯᠠᠭᠠᠢᠴᠢ ᠤᠰᠤ ᠰᠢᠭᠦᠷᠬᠦ ᠮᠡᠳᠥ ᠭᠥᠩᠭᠡᠨ ᠭᠥᠪᠰᠤᠭᠡᠷ ᠱᠠᠳᠤ ᠪᠡᠷ ᠥᠨᠢ ᠡᠭᠦᠷᠢᠳᠡ ᠬᠠᠯᠢᠨ ᠭᠠᠷᠳᠠᠭ᠃
ᠵᠡᠭᠦᠨᠰᠢ ᠨᠢᠭᠡ ᠳᠠᠯᠠᠢᠵᠥ᠂ ᠪᠠᠷᠠᠭᠤᠨᠰᠢ ᠨᠢᠭᠡ ᠵᠠᠨᠴᠢᠭᠠᠤᠨ ᠯᠠ ᠪᠠᠢᠪᠠᠯ ᠰᠤᠷᠤᠯᠴᠠᠯᠭ᠎ᠠ ᠶᠢᠨ ᠭᠦᠨ ᠳᠠᠪᠬᠤᠷᠭᠠᠨ  ᠳ᠋ᠡᠬᠢ ᠬᠠᠪᠤ ᠴᠡᠩᠭᠡᠯ ᠢ ᠡᠳ᠋ᠯᠡᠬᠦ ᠳᠤ ᠥᠨᠢᠳᠡ ᠪᠡᠷᠭᠡᠳᠡᠢ ᠪᠤᠯᠵᠥ᠂ ᠰᠥᠭᠡᠷᠭᠦ ᠣᠷᠴᠢᠨ  ᠢ᠋ᠢᠠᠷ ᠡᠷᠭᠢᠯᠳᠤᠨ᠎ᠡ᠃
ᠤᠯᠠᠮ ᠤ ᠤᠯᠠᠮ ᠳᠤ᠂ ᠬᠡᠦᠬᠡᠳ ᠶᠠᠭᠤ ᠴᠦ ᠰᠤᠷᠴᠥ ᠲᠡᠢᠯᠭᠥ ᠥᠬᠡᠢ᠂ ᠶᠠᠭᠤ ᠴᠦ ᠬᠢᠵᠦ ᠪᠥᠳᠤᠬᠡᠵᠦ ᠴᠢᠳᠠᠬᠤ ᠥᠬᠡᠢ᠃
ᠡᠢᠮᠦᠷᠬᠦ ᠬᠡᠦᠬᠡᠳ ᠵᠥᠪᠬᠡᠨ ᠠᠮᠢᠳᠤᠷᠠᠯ ᠦᠨ ᠲᠣᠷᠤᠢ ᠪᠠᠭᠤᠷᠠᠢᠲᠠᠨ ᠪᠣᠯᠳᠠᠭ᠃
ᠰᠤᠷᠭᠠᠨ ᠭᠥᠮᠥᠵᠢᠯ  ᠤᠨ ᠵᠣᠷᠢᠯᠭ᠎ᠠ ᠶᠠᠭᠤ ᠪᠢᠯᠡ︖ᠦᠨᠳᠦᠰᠦ ᠡᠴᠡ ᠨᠢ ᠭᠡᠯᠡᠪᠡᠯ ᠲᠠᠷᠤᠢ ᠭᠥᠮᠥᠨ ᠢ ᠪᠣᠯᠪᠠᠰᠤᠷᠠᠭᠤᠯᠤᠨ ᠭᠥᠭᠵᠢᠭᠥᠯᠭᠥ ᠶᠠᠪᠤᠳᠠᠯ ᠮᠥᠨ᠂ ᠲᠠᠷᠥᠢ ᠬᠡᠦᠬᠡᠳ ᠢ ᠨᠢᠭᠡᠨ ᠰᠢᠯᠢᠳᠡᠭ ᠭᠥᠮᠥᠨ ᠪᠣᠯᠭᠠᠬᠤ ᠶᠠᠪᠤᠳᠠᠯ ᠃ ᠰᠢᠯᠢᠳᠡᠭ ᠭᠥᠮᠥᠰ ᠤᠨ ᠨᠡᠢᠳᠡᠯᠢᠭ ᠣᠨᠴᠠᠯᠢᠭ ᠪᠣᠯ ᠪᠦᠷ ᠯᠠ ᠦᠵᠦᠭᠦᠷ ᠲᠤ ᠨᠢ ᠭᠠᠷᠳᠠᠯ᠎ᠠ ᠪᠠᠷᠢᠮᠳᠠᠯᠠᠬᠤ ᠵᠢ ᠲᠥᠭᠥᠭᠡᠷᠤᠳᠡᠭ ᠮᠥᠷᠳᠡᠭᠡᠨ ᠥᠪᠡᠷ ᠤᠨ ᠪᠡᠶ᠎ᠡ ᠳᠤ ᠪᠡᠨ ᠴᠦ ᠬᠠᠷᠠᠳᠠᠢᠬᠠᠨ ᠪᠠᠢᠳᠠᠭ ᠢ ᠲᠥᠭᠥᠭᠡᠷᠤᠳᠡᠭ᠃
ᠤᠴᠢᠷ ᠨᠢ ᠲᠡᠳᠡ ᠨᠡᠢᠭᠡᠮ ᠤᠨ ᠥᠷᠢᠰᠤᠯᠳᠤᠭᠡᠨ ᠤ ᠬᠤᠷᠴᠠ ᠰᠢᠷᠦᠭᠦᠨ ᠢ ᠮᠡᠳᠡᠷᠡᠵᠦ᠂ ᠰᠠᠢᠳᠤᠷ ᠴᠢᠡᠮᠠᠢᠬᠤ ᠥᠬᠡᠢ᠂ ᠰᠤᠷᠤᠯᠴᠠᠯᠭ᠎ᠠ ᠵᠢ ᠪᠠᠷᠢᠮᠳᠠᠯᠠᠬᠤ ᠥᠬᠡᠢ ᠪᠣᠯ ᠨᠡᠢᠭᠡᠮ ᠳᠤ ᠲᠠᠶᠠᠭᠳᠠᠬᠤ ᠪᠣᠯᠤᠨ᠎ᠠ ᠭᠡᠳᠡᠭ ᠢ ᠴᠦ ᠵᠥᠪᠰᠢᠶᠡᠷᠡᠳᠡᠭ᠃
ᠪᠠᠶᠠᠰᠤᠯᠳᠤ ᠰᠤᠷᠭᠠᠨ ᠬᠥᠮᠦᠵᠢᠯ ᠤᠨ ᠬᠠᠮᠤᠭ ᠤ ᠲᠤᠮᠥ ᠠᠰᠠᠭᠤᠳᠠᠯ ᠨᠢ ᠲᠡᠷᠡ ᠪᠣᠯ ᠵᠥᠪᠬᠡᠨ ᠭᠡᠷ ᠪᠦᠯᠢ ᠳᠤ ᠯᠠ ᠲᠣᠬᠢᠷᠠᠯᠴᠠᠳᠠᠭ ᠪᠤᠯᠪᠠᠴᠥ ᠡᠨᠡ ᠨᠡᠢᠭᠡᠮ ᠲᠠᠢ ᠲᠣᠬᠢᠷᠠᠯᠴᠠᠬᠤ ᠥᠬᠡᠢ᠃
ᠡᠴᠢᠭᠡ ᠡᠭᠡᠴᠤᠤᠯ ᠨᠢ ᠬᠡᠦᠬᠡᠳ ᠢᠶᠡᠨ ᠭᠥᠨᠳᠤᠤᠨᠭᠡᠵᠦ᠂ ᠪᠠᠶᠠᠷ ᠪᠠᠶᠠᠰᠤᠯᠳᠤ ᠬᠡᠦᠬᠡᠳ ᠨᠠᠰᠤ ᠵᠢ ᠥᠭᠴᠦ ᠪᠣᠯᠤᠨ᠎ᠠ᠂ ᠥᠭᠴᠦ ᠴᠤ  ᠲᠡᠢᠯᠤᠨ᠎ᠡ᠃ ᠭᠡᠪᠡᠴᠦ ᠨᠡᠢᠭᠡᠮ ᠬᠠᠷᠢᠨ ᠴᠢᠳᠠᠪᠤᠷᠢ ᠲᠣᠷᠤᠢ ᠨᠠᠰᠤᠨ ᠳᠤ ᠭᠥᠷᠥᠭᠰᠡᠤᠨ ᠢ ᠵᠥᠪᠰᠢᠶᠡᠷᠡᠳᠡᠭ ᠥᠬᠡᠢ᠂ ᠭᠥᠯᠢᠭᠡᠯᠵᠡᠭᠥ ᠥᠬᠡᠢ ᠵᠢᠮ᠎ᠡ ᠲᠠᠢ ᠪᠠᠢᠳᠠᠭ᠃
ᠴᠢᠩᠬᠤᠸᠠ ᠶᠡᠬᠡ ᠰᠤᠷᠭᠠᠭᠤᠯᠢ ᠶᠢᠨ ᠨᠢᠭᠡᠨ ᠫᠷᠤᠹᠸᠰᠰᠤᠷ  ᠡᠴᠡ ᠲᠤᠮᠳᠠᠳᠤ ᠶᠢᠨ ᠰᠤᠷᠭᠠᠨ ᠭᠥᠮᠥᠵᠢᠯ ᠤᠨ ᠬᠠᠮᠤᠭ ᠤᠨ ᠲᠣᠮᠤ ᠬᠠᠭᠤᠷᠮᠠᠭᠴᠢᠯᠠᠯ ᠪᠣᠯ ᠲᠠᠷᠤᠢ ᠪᠠᠶᠠᠰᠤᠯᠳᠤ ᠬᠥᠮᠦᠵᠢᠯ᠂ ᠰᠤᠷᠤᠯᠭ᠎ᠠ ᠶᠢᠨ ᠨᠠᠮᠳᠠᠷ ᠭᠡᠷᠡᠭ ᠥᠬᠡᠢ ᠭᠡᠬᠦ ᠣᠨᠤᠯ ᠪᠠ ᠬᠡᠦᠬᠡᠳ ᠤᠨ ᠲᠥᠷᠦᠯᠬᠢ ᠴᠢᠳᠠᠪᠥᠷᠢ ᠵᠢ ᠴᠢᠯᠥᠭᠡᠯᠡᠬᠦ ᠵᠡᠷᠭᠡ ᠡᠨᠡᠬᠦ ᠭᠤᠷᠪᠠᠨ ᠬᠠᠭᠤᠷᠮᠠᠭᠴᠢᠯᠠᠯ ᠲᠤᠮᠳᠠᠳᠤ ᠶᠢᠨ ᠬᠡᠦᠬᠡᠳ ᠤᠨ ᠥᠰᠥᠯᠳᠡ ᠵᠢ ᠵᠡᠷᠡᠮᠳᠡᠭᠯᠡᠭᠦᠯᠵᠦ ᠪᠠᠢᠭ᠎ᠠ ᠬᠡᠵᠦ ᠶᠠᠷᠢᠵᠠᠢ᠃
ᠰᠤᠷᠭᠠᠨ ᠭᠥᠮᠥᠵᠢᠯ ᠶᠡᠷᠦ ᠨᠢ ᠪᠠᠶᠡᠷ ᠪᠠᠶᠠᠰᠤᠯᠳᠠᠢ ᠶᠠᠪᠤᠳᠠᠯ ᠪᠢᠰᠢ ᠂  ᠨᠡᠩ ᠴᠢᠨᠠᠭᠰᠢᠯᠠᠭᠠᠤᠨ ᠬᠠᠷᠢᠨ ᠲᠡᠭᠦᠨ ᠢ ᠭᠠᠰᠢᠭᠤᠨ ᠵᠣᠪᠠᠯᠠᠩ ᠲᠠᠢ ᠵᠦᠢᠯ ᠭᠡᠵᠦ ᠪᠣᠯᠤᠨ᠎ᠠ᠃
ᠤᠴᠢᠷ ᠨᠢ ᠰᠤᠷᠭᠠᠨ ᠭᠥᠮᠥᠵᠢᠯ ᠪᠣᠯ ᠮᠡᠰᠢ ᠶᠡᠬᠡ ᠰᠡᠤᠨᠭᠢᠯ ᠭᠥᠴᠥᠨ ᠵᠠᠷᠤᠴᠠᠭᠤᠯᠳᠠᠭ ᠳᠠᠢᠯᠠᠯᠳᠤᠭᠠᠨ ᠤ ᠶᠠᠪᠤᠴᠠ ᠮᠥᠨ᠃
ᠬᠡᠦᠬᠡᠳ ᠤᠨ ᠰᠤᠩᠭᠤᠯᠳᠠ ᠵᠢ ᠭᠥᠨᠳᠤᠤᠨᠭᠡᠵᠦ᠂ ᠬᠡᠦᠬᠡᠳ  ᠢ ᠪᠠᠶᠠᠷ ᠪᠠᠶᠠᠰᠤᠯᠳᠠᠢ ᠡᠷᠬᠡ ᠴᠢᠯᠤᠭᠡ ᠲᠠᠢ ᠰᠤᠷᠤᠯᠴᠠᠭᠤᠯᠬᠤ ᠵᠢ ᠦᠵᠡᠬᠦ ᠳ᠋ᠦ ᠮᠠᠰᠢ ᠰᠠᠢᠨ᠃ ᠭᠡᠪᠡᠴᠦ ᠦᠨᠡᠨ ᠳ᠋ᠡᠭᠡᠨ︽ ᠪᠠᠶᠠᠰᠤᠯᠳᠤ ᠰᠤᠷᠭᠠᠨ ᠭᠥᠮᠥᠵᠢᠯ︾ ᠪᠣᠯ ᠨᠢᠭᠡᠨ ᠠᠶᠠᠭ᠎ᠠ ᠬᠤᠤᠷᠠᠳᠠᠢ ᠲᠠᠬᠢᠶᠠᠨ ᠱᠥᠯᠦ ᠮᠥᠨ᠃ ᠲᠡᠷᠡ ᠨᠢ ᠶᠠᠭ ᠤᠷᠢᠳᠤ ᠴᠢᠨᠢ ᠪᠤᠯᠠᠵᠤ ᠲᠠᠯᠪᠢᠭᠰᠠᠨ ᠮᠢᠬ᠎ᠠ ᠰᠢᠭ᠂ ᠠᠯᠢ ᠨᠢᠭᠡ ᠴᠠᠭ ᠲᠤ ᠭᠤᠨᠢᠭᠳᠤ ᠵᠦᠴᠦᠭᠡ ᠶᠢᠨ ᠭᠡᠯᠪᠡᠷᠢ ᠪᠡᠷ ᠲᠡᠭᠥᠰᠤᠯᠳᠡ ᠵᠠᠷᠯᠠᠬᠤ ᠶᠤᠮ᠃
ᠬᠤᠶᠠᠷ᠂ ᠡᠴᠢᠭᠡ ᠡᠬᠡᠴᠤᠤᠯ ᠤᠨ ᠬᠡᠦᠬᠡᠳ  ᠲᠦ ᠪᠡᠨ ᠬᠠᠮᠤᠭ ᠤᠨ ᠲᠣᠮᠤ ᠥᠯᠦ ᠬᠠᠷᠢᠭᠤᠴᠠᠯᠭ᠎ᠠ ᠪᠣᠯ ᠲᠠᠷᠤᠢ ᠰᠤᠷᠤᠯᠴᠠᠯᠭ᠎ᠠ ᠶᠢᠨ ᠲᠠᠯ᠎ᠠ ᠪᠡᠷ ᠠᠶᠠᠯᠳᠤᠨ ᠲᠠᠯᠪᠢᠷᠠᠭᠤᠯᠬᠤ ᠶᠠᠪᠤᠳᠠᠯ ᠪᠣᠯᠤᠨ᠎ᠠ
ᠲᠠᠭᠤᠴᠢᠨ ᠯᠢᠤ ᠬᠤᠸᠠᠨ ᠶᠠᠮᠠᠷ ᠨᠢᠭᠡ ᠤᠳᠠᠭᠠᠨ ᠤ ᠰᠤᠷᠪᠤᠯᠵᠢᠯᠠᠭ᠎ᠠ ᠵᠢ ᠭᠥᠯᠢᠶᠡᠭᠥ ᠳᠤ ᠪᠡᠨ ᠬᠡᠦᠬᠡᠳ ᠤᠨ ᠰᠤᠷᠭᠠᠨ ᠭᠥᠮᠥᠵᠢᠯ ᠤᠨ ᠠᠰᠠᠭᠤᠳᠠᠯ ᠢ ᠶᠠᠷᠢᠬᠤ ᠳᠤ ᠮᠠᠰᠢ ᠲᠠᠯᠪᠢᠭᠤᠬᠠᠨ ᠢᠶᠠᠷ  ᠲᠤᠬᠠᠢ ᠶᠢᠨ ᠵᠢᠯ ᠳᠤ ᠭᠠᠷᠭᠠᠭᠰᠠᠨ ᠪᠤᠷᠤᠭᠤ ᠪᠡᠨ ᠮᠡᠳᠡᠷᠡᠭᠰᠡᠨ ᠰᠠᠨ᠃
ᠬᠡᠣᠬᠡᠨ ᠤ ᠭᠢᠨᠢ ᠲᠠᠭᠤᠨ ᠤ ᠲᠠᠯ᠎ᠠ ᠵᠢᠨ ᠲᠥᠷᠦᠯᠬᠢ ᠴᠢᠳᠠᠪᠥᠷᠢ ᠵᠢ ᠶᠠᠷᠢᠬᠤ ᠪᠡᠷ ᠲᠡᠷᠡ ᠬᠤᠶᠠᠷ ᠤᠳᠠᠭ᠎ᠠ︽ᠬᠠᠷᠠᠮᠰᠠᠵᠦ ᠪᠠᠢᠨ᠎ᠠ︾ ᠭᠡᠵᠦ ᠶᠠᠷᠢᠭᠰᠠᠨ ᠪᠢᠯᠡ᠃
ᠤᠴᠢᠷ ᠨᠢ ᠲᠡᠷᠡ ᠪᠣᠯᠤᠨ ᠡᠬᠡᠨᠠᠷ ᠲᠠᠢ ᠪᠡᠨ ᠬᠣᠶᠠᠭᠤᠯᠠ ᠨᠡᠢᠳᠡᠮ ︽ ᠪᠠᠶᠠᠰᠤᠯᠳᠤ ᠰᠤᠷᠭᠠᠨ ᠭᠥᠮᠥᠵᠢᠯ︾ ᠤᠨ ᠵᠠᠷᠴᠢᠮ ᠢ ᠪᠠᠷᠢᠮᠳᠠᠯᠠᠵᠦ᠂ ᠬᠡᠦᠬᠡᠳ ᠢ ᠠᠯᠪᠠᠳᠠᠨ ᠲᠡᠭᠦᠨ ᠤ ᠳᠤᠷ᠎ᠠ ᠦᠭᠡᠢ ᠵᠦᠢᠯᠡᠰ ᠢ᠋ ᠨᠢ ᠭᠢᠯᠭᠡᠭᠥ ᠪᠣᠯ ᠶᠤᠰᠥᠭᠥᠢ ᠬᠡᠵᠦ ᠦᠵᠡᠳᠡᠭ᠃
ᠲᠡᠭᠦᠨ ᠤ ᠬᠡᠤᠬᠡᠨ ᠪᠣᠯ ᠭᠥᠭᠵᠢᠮ ᠭᠥᠭᠵᠢᠮᠳᠡᠭᠥ ᠲᠤᠷᠠᠳᠠᠢ ᠪᠤᠯᠪᠠᠴᠥ ᠭᠥᠭᠵᠢᠮ ᠪᠤᠯᠪᠠᠰᠤᠷᠠᠬᠤ ᠳᠤᠷ᠎ᠠ ᠥᠬᠡᠢ ᠨᠢᠭᠡᠨ ᠪᠠᠢᠵᠦ᠂ ᠲᠡᠳᠡᠨᠦᠰ ᠬᠡᠤᠬᠡᠨ ᠲᠠᠢ ᠪᠡᠨ ᠠᠶᠠᠳᠠᠵᠠᠢ᠃
ᠥᠨᠥ ᠲᠡᠷᠡ  ᠪᠡᠷ︽ ᠪᠠᠭ᠎ᠠ ᠳ᠋ᠤᠨᠢ ᠲᠠᠭᠤᠤ ᠭᠥᠭᠵᠢᠮ ᠰᠤᠷᠭᠠᠬᠤ ᠵᠢ ᠠᠯᠪᠠᠳᠠᠭᠰᠠᠨ ᠥᠬᠡᠢ ᠳᠤ ᠪᠡᠨ ᠪᠢ ᠪᠠᠬᠠᠨ ᠬᠠᠷᠠᠮᠰᠠᠵᠦ ᠪᠠᠢᠨ᠎ᠠ︾ ᠬᠡᠵᠦ ᠲᠤᠬᠳᠤᠯᠤᠨ ᠶᠠᠷᠢᠵᠠᠢ᠃
ᠡᠭᠦᠨ ᠡᠴᠡ ᠭᠠᠳᠠᠨ᠎ᠠ ᠯᠢᠦ ᠬᠤᠸᠠᠨ 《 ᠥᠩᠭᠡᠷᠡᠵᠦ ᠭᠠᠷᠤᠵᠦ ᠢᠷᠡᠭᠰᠡᠨ ᠭᠥᠮᠥᠨ 》 ᠤ ᠲᠤᠷᠰᠢᠯᠭ᠎ᠠ  ᠪᠡᠷ ᠬᠡᠤᠬᠡᠤᠨ ᠢᠶᠡᠨ ᠰᠠᠢᠳᠤᠷ ᠭᠥᠮᠥᠵᠢᠭᠥᠯᠭᠥ ᠵᠦᠷᠢᠯᠭᠠᠳᠠᠢ ᠭᠡᠷ ᠤᠨ ᠠᠬᠠᠮᠠᠤᠨ ᠲᠤ᠄︽ ᠶᠣᠰᠤᠨ ᠳ᠋ᠤ ᠪᠠᠨ ᠬᠡᠤᠬᠡᠤᠨ ᠢ ᠠᠯᠪᠠᠳᠠᠵᠦ ᠪᠠᠢᠭᠠᠤᠨ ᠪᠠᠬᠠᠨ ᠪᠣᠯᠪᠠᠰᠤᠷᠠᠭᠤᠯᠪᠠᠯ ᠂ ᠲᠡᠷᠡ ᠬᠠᠷᠢᠨ ᠶᠠᠭᠡ ᠰᠠᠢᠬᠠᠨ ᠪᠣᠯᠴᠢᠬᠠᠬᠤ ᠴᠤ ᠮᠠᠭᠠᠤᠨ ᠃ ᠡᠢᠮᠤᠷᠭᠥ ᠲᠥᠷᠤᠯᠬᠢ ᠠᠪᠢᠶᠠᠰ ᠲᠠᠢ ᠬᠡᠤᠬᠡᠤᠨ ᠢ ᠪᠠᠰᠠ ᠤᠷᠤᠭᠰᠢ ᠲᠥᠯᠬᠢᠬᠦ ᠨᠢ ᠬᠠᠰᠢᠯᠠ ᠵᠥᠢᠳᠡᠢ︾ᠬᠡᠵᠡᠢ᠃
ᠲᠡᠯᠡᠬᠡᠢ ᠳ᠋ᠡᠭᠢᠨ ᠲᠡᠭᠡᠷ᠎ᠠ ᠬᠠᠷᠠᠮᠰᠠᠯ ᠤᠨ ᠡᠮ ᠭᠡᠵᠦ ᠪᠠᠢᠳᠠᠭ ᠥᠬᠡᠢ᠃ ᠬᠡᠦᠬᠡᠳ ᠤᠨ ᠰᠤᠷᠤᠯᠴᠠᠯᠭ᠎ᠠ ᠶᠢᠨ ᠬᠠᠮᠤᠭ ᠰᠠᠢᠬᠠᠨ ᠴᠠᠭ ᠦᠶ᠎ᠡ ᠨᠢ ᠥᠩᠭᠡᠷᠡᠭᠰᠡᠭᠡᠷ ᠲᠠᠬᠢᠨ ᠪᠤᠴᠠᠵᠦ ᠢᠷᠡᠬᠦ ᠥᠬᠡᠢ ᠰᠢᠤ᠃
ᠼᠠᠢ ᠺᠠᠩ ᠶᠦᠩ  ᠠ᠋ᠴᠠ ᠄ ᠲᠠᠪᠤᠲᠠᠢ ᠦᠶ᠎ᠡ ᠳᠤ ᠤᠮᠪᠠᠬᠤ ᠵᠢ ᠰᠤᠷᠬᠤ ᠳᠤ ᠭᠥᠴᠢᠷ ᠭᠡᠤᠨ ᠤᠮᠪᠠᠬᠤ ᠵᠢ ᠣᠢᠰᠢᠶᠠᠭᠰᠠᠨ ᠥᠬᠡᠢ᠃ ᠠᠷᠪᠠᠨ ᠨᠠᠢ᠍ᠮᠠᠲᠠᠢ  ᠳᠤ ᠲᠣᠭᠤᠨ ᠪᠢᠰᠢᠷᠡᠳᠡᠭ ᠨᠢᠭᠡ ᠭᠥᠮᠥᠨ ᠴᠢᠨᠢ ᠴᠢᠮ᠎ᠠ ᠲᠠᠢ ᠪᠣᠯᠵᠤᠨ ᠤᠮᠪᠠᠬᠤ ᠪᠡᠷ ᠣᠴᠢᠬᠤ ᠭᠡᠬᠦ ᠳᠤ᠂ ᠲᠠ ᠵᠥᠪᠬᠡᠨ︽ ᠪᠢ ᠴᠢᠳᠠᠬᠤ ᠥᠬᠡᠢ︾ ᠭᠡᠨ᠎ᠡ᠃ ᠠᠷᠪᠠᠨ ᠨᠠᠢ᠍ᠮᠠᠲᠠᠢ ᠳ᠋ᠤ ᠪᠠᠨ ᠠᠩᠭ᠍ᠯᠢ ᠭᠡᠯᠡ ᠵᠢ ᠲᠠᠶᠠᠭᠳᠠᠭᠠᠳ ᠬᠣᠷᠢᠨ ᠨᠠᠢ᠍ᠮᠠᠲᠠᠢ ᠳᠤ ᠠᠩᠭ᠍ᠯᠢ ᠭᠡᠯᠡ ᠴᠢᠳᠠᠬᠤ ᠵᠢ ᠱᠠᠭᠠᠷᠳᠠᠭᠰᠠᠨ ᠮᠠᠰᠢ ᠰᠠᠢᠨ ᠠᠵᠢᠯ ᠪᠠᠢᠷᠢ ᠲᠤᠭᠢᠶᠡᠯᠳᠤᠬᠣ ᠪᠡᠷ ᠴᠢ ᠵᠥᠪᠬᠡᠨ︽ ᠪᠢ ᠴᠢᠳᠠᠬᠤ ᠥᠬᠡᠢ︾ᠭᠡᠨ᠎ᠡ ᠭᠡᠵᠤ ᠶᠠᠷᠢᠵᠠᠢ᠃
ᠲᠡᠯᠡᠬᠡᠢ ᠲᠡᠭᠡᠷ᠎ᠠ ᠬᠠᠮᠤᠭ ᠤᠨ ᠶᠡᠬᠡ ᠬᠠᠷᠠᠮᠰᠠᠯ ᠪᠣᠯ ᠲᠠᠷᠤᠢ᠄ ᠪᠢ ᠦᠨᠡᠨᠳᠡᠭᠡᠨ ᠪᠣᠯᠬᠤ ᠪᠠᠢᠭᠰᠠᠨ᠁
ᠲᠠ ᠲᠡᠭᠦᠨ ᠢ ᠠᠯᠪᠠᠳᠠᠬᠤ ᠥᠬᠡᠢ ᠪᠣᠯ ᠲᠡᠭᠦᠨ ᠤ ᠭᠢᠷᠢ ᠵᠡᠷᠭᠡ ᠰᠢᠯᠢᠳᠡᠭ ᠢ ᠮᠡᠳᠡᠵᠦ ᠲᠡᠢᠯᠤᠨ᠎ᠡ ᠦᠦ︖
ᠲᠠ ᠲᠡᠭᠦᠨ ᠢ ᠠᠯᠪᠠᠳᠠᠬᠤ ᠥᠬᠡᠢ ᠪᠣᠯ ᠬᠣᠵᠢᠮ ᠤᠨ ᠡᠳᠤᠷ ᠲᠡᠭᠦᠨ ᠤ ᠲᠤᠬᠠᠢ ᠶᠢᠨ ᠦᠶ᠎ᠡ ᠳᠤ ᠴᠢᠷᠮᠠᠢᠭᠰᠠᠨ ᠢᠶᠡᠷ ᠲᠣᠳᠠᠮᠠᠭ ᠭᠡᠵᠦ ᠬᠠᠷᠠᠮᠰᠠᠬᠤ ᠡᠰᠡᠬᠦ ᠵᠢ ᠮᠡᠳᠡᠬᠦ ᠥᠬᠡᠢ᠃
ᠡᠮᠤᠨᠡᠭᠡᠨ ᠨᠢᠭᠡᠨ ᠵᠠᠭᠢᠶᠠᠯᠭ᠎ᠠ ᠵᠥᠭᠡᠭᠡᠭᠴᠢ ᠲᠠᠨᠢᠯ ᠲᠠᠢ ᠶᠠᠷᠢᠯᠴᠠᠬᠤ ᠪᠡᠷ ᠲᠠᠷᠠ ᠰᠠᠯᠬᠢ ᠪᠣᠷᠤᠭᠠᠨ ᠢ ᠬᠠᠢᠬᠤᠷᠤᠯ ᠥᠬᠡᠢ ᠭᠥᠶᠤᠳᠡᠭ ᠴᠤ ᠬᠠᠷᠠᠮᠵᠢ ᠮᠥᠩᠭᠦ ᠪᠠᠭ᠎ᠠ ᠬᠡᠵᠥ ᠰᠡᠭᠦᠷᠡᠰᠦᠯᠡᠨ᠎ᠡ᠃
ᠲᠡᠷᠡ ᠥᠪᠡᠷᠳᠡᠭᠡᠨ ᠬᠠᠷᠠᠮᠰᠠᠬᠤ ᠮᠥᠷᠳᠡᠭᠡᠨ ᠠᠪᠤ ᠡᠵᠢ ᠳᠤ ᠪᠡᠨ ᠭᠣᠮᠤᠷᠬᠠᠳᠠᠭ᠃
ᠤᠴᠢᠷ ᠨᠢ ᠪᠠᠭ᠎ᠠ ᠡᠴᠡ ᠨᠢ ᠠᠪᠤ ᠡᠵᠢ ᠨᠢ ᠲᠡᠭᠦᠨ  ᠳᠤ ᠶᠠᠮᠠᠷᠬᠠᠨ ᠱᠠᠭᠠᠷᠳᠠᠯᠭ᠎ᠠ ᠲᠠᠯᠪᠢᠳᠠᠭ ᠥᠬᠡᠢ᠂ ᠵᠥᠪᠬᠡᠨ ᠲᠡᠭᠦᠨ ᠢ ᠪᠠᠶᠠᠷ ᠪᠠᠶᠠᠰᠤᠯᠳᠠᠢ ᠥᠰᠭᠡᠬᠦ ᠵᠢ ᠯᠠ ᠪᠤᠳᠤᠵᠦ᠂ ᠲᠡᠭᠦᠨ ᠢ ᠶᠠᠭᠤ ᠴᠤ ᠠᠯᠪᠠᠳᠠᠨ ᠰᠤᠷᠭᠠᠭᠰᠠᠨ ᠥᠬᠡᠢ᠃
ᠰᠤᠷᠤᠯᠭ᠎ᠠ ᠶᠢᠨ ᠭᠢᠷᠢ ᠪᠥᠳᠤᠮᠵᠢ ᠮᠠᠭᠤ᠂ ᠬᠠᠮᠢᠶ᠎ᠠ ᠥᠬᠡᠢ
ᠵᠢᠷᠤᠭ ᠵᠢᠷᠤᠬᠤ ᠵᠢ ᠰᠤᠷᠬᠤ ᠥᠬᠡᠢ᠂ ᠬᠠᠮᠢᠶ᠎ᠠ ᠥᠬᠡᠢ
ᠭᠥᠭᠵᠢᠮᠳᠡᠭᠥ ᠵᠢ ᠰᠤᠷᠬᠤ ᠥᠬᠡᠢ᠂ ᠬᠠᠮᠢᠶ᠎ᠠ ᠥᠬᠡᠢ
ᠶᠠᠬᠡ ᠰᠤᠷᠭᠠᠭᠤᠯᠢ ᠳᠤ ᠣᠷᠤᠭᠰᠠᠨ ᠥᠬᠡᠢ᠂ ᠵᠥᠪᠬᠡᠨ ᠠᠵᠢᠯ  ᠳᠤ ᠭᠠᠷᠬᠤ ᠭᠡᠷᠡᠭ᠃
ᠶᠠᠮᠠᠷ ᠴᠥ ᠮᠡᠳᠡᠯᠭᠡ ᠮᠡᠷᠭᠡᠵᠢᠯ ᠥᠬᠡᠢ ᠤᠴᠢᠷ  ᠡᠴᠡ ᠵᠥᠪᠬᠡᠨ ᠵᠠᠭᠢᠶᠠᠯᠭ᠎ᠠ ᠵᠥᠭᠡᠭᠡᠭᠴᠢ ᠵᠢᠨ ᠠᠵᠢᠯ ᠬᠢᠬᠦ ᠭᠡᠷᠡᠭ᠃
ᠰᠤᠷᠤᠯᠴᠠᠯᠭ᠎ᠠ  ᠪᠣᠯ ᠶᠠᠷᠤᠨᠢ ᠮᠡᠳᠡᠯᠭᠡ ᠬᠤᠷᠠᠮᠳᠠᠭᠤᠯᠬᠤ ᠤᠷᠳᠤ ᠤᠳᠠᠭᠠᠨ ᠶᠠᠪᠤᠴᠠ ᠪᠠᠢᠵᠦ᠂ ᠮᠡᠳᠡᠯᠭᠡ ᠬᠤᠷᠠᠮᠳᠤᠭᠤᠯᠤᠯ ᠤ᠋ᠨ  ᠮᠥᠨᠴᠢᠨᠠᠷ ᠪᠣᠯ ᠲᠠᠷᠤᠢ ᠬᠠᠲᠠᠭᠤ ᠰᠢᠷᠭᠠᠭᠤ ᠠᠵᠢᠯᠯᠠᠭ᠎ᠠ ᠴᠢᠷᠮᠠᠢᠯᠭ᠎ᠠ ᠪᠠᠢᠵᠦ᠂ ᠪᠠᠶᠠᠷ ᠪᠠᠶᠠᠰᠤᠯ ᠤᠤᠯ ᠠ᠋ᠴᠠ ᠪᠠᠨ ᠮᠠᠰᠢ ᠴᠥᠭᠡᠨ ᠪᠢᠯᠡ᠃
ᠶᠠᠭ ᠡᠢᠮᠦ ᠡᠴᠡ ᠮᠠᠰᠢ ᠤᠯᠠᠨ ᠬᠡᠦᠬᠡᠳ ᠤᠬᠤᠷᠢᠨ ᠲᠠᠶᠠᠭᠳᠠᠬᠤ ᠵᠢ ᠪᠣᠳᠤᠯᠬᠢᠯᠠᠳᠠᠭ᠃ ᠤᠴᠢᠷ ᠨᠢ ᠲᠡᠳᠡᠨᠦᠰ ᠲᠤ ᠭᠥᠮᠥᠨ ᠤ ᠭᠥᠮᠥᠨ ᠤ ᠠᠮᠢᠳᠤᠷᠠᠯ ᠤᠨ ᠴᠢᠭᠯᠡᠯ ᠢ ᠡᠵᠡᠮᠳᠡᠬᠦ ᠴᠢᠳᠠᠪᠤᠷᠢ ᠪᠦᠷᠢᠯᠳᠦᠭᠡ ᠥᠬᠡᠢ ᠪᠠᠢᠭᠰᠠᠭᠠᠷ᠃
ᠶᠠᠭ ᠡᠨᠡ ᠦᠶ᠎ᠡ ᠳᠤ ᠡᠴᠢᠭᠡ ᠡᠭᠡ ᠪᠣᠯᠤᠭᠰᠠᠨ ᠵᠠᠷᠢᠮ ᠰᠠᠨᠠᠭᠤᠯᠭ᠎ᠠ᠂ ᠵᠢᠯᠤᠭᠤᠳᠤᠯᠭ᠎ᠠ᠂ ᠵᠣᠷᠢᠭᠵᠢᠭᠤᠯᠤᠯ ᠢ ᠣᠯᠭᠣᠵᠦ᠂ ᠬᠡᠦᠬᠡᠳ ᠢᠶᠡᠷ ᠰᠤᠷᠤᠯᠴᠠᠯᠭ᠎ᠠ ᠪᠠᠷᠢᠮᠳᠠᠯᠠᠯ ᠤᠨ ᠣᠤᠨᠬ᠎ᠠ ᠤᠴᠢᠷ ᠢ ᠲᠥᠭᠥᠭᠡᠷᠡᠭᠥᠯᠥᠨ᠎ᠡ᠃
ᠬᠠᠷᠢᠨ ᠬᠡᠦᠬᠡᠳ ᠢᠶᠡᠨ ᠳᠤᠷ᠎ᠠ ᠪᠡᠷ ᠲᠠᠯᠪᠢᠵᠦ᠂ ᠬᠠᠶᠠᠭᠠᠨ ᠳ᠋ᠤᠨᠢ ᠬᠠᠶᠠᠵᠦ᠂ ᠬᠠᠨ᠎ᠠ ᠪᠣᠳᠠᠯᠠᠬᠤ ᠵᠢ ᠭᠥᠯᠢᠶᠡᠵᠦ ᠪᠣᠯᠬᠤ ᠥᠬᠡᠢ᠃
ᠭᠡᠷᠪᠡ ᠬᠡᠦᠬᠡᠳ ᠢᠶᠡᠨ ᠲᠤᠮᠥ ᠪᠣᠯᠤᠭᠰᠠᠨ ᠤ ᠳᠠᠷᠠᠭ᠎ᠠ ᠬᠠᠷᠠᠮᠰᠠᠯ  ᠤᠨ ᠲᠤᠮᠳᠠ ᠠᠮᠢᠳᠤᠷᠠᠭᠤᠯᠬᠤ ᠦᠭᠡᠢ ᠭᠡᠪᠡᠯ ᠡᠴᠢᠭᠡ ᠡᠭᠡᠴᠤᠤᠯ ᠬᠠᠷᠢᠭᠤᠴᠠᠯᠭ᠎ᠠ ᠪᠡᠨ ᠡᠭᠦᠷᠭᠡᠯᠡᠵᠦ ᠣᠷᠢᠣᠨᠴᠢᠯᠠᠨ ᠶᠠᠪᠤᠵᠦ᠂ ᠬᠡᠣᠬᠡᠣᠨ ᠤᠨ ᠢ᠋ᠢᠡᠨ ᠵᠠᠮ ᠲᠠᠭᠠᠭᠤᠯᠤᠭᠴᠢ ᠪᠣᠯᠬᠤ ᠭᠡᠷᠡᠭᠳᠡᠢ᠃
ᠬᠡᠦᠬᠡᠳ ᠲᠤ ᠪᠡᠨ︽ ᠬᠡᠷᠪᠡ ᠭᠥᠮᠥᠨ ᠤ ᠠᠮᠢᠳᠤᠷᠠᠯ ᠤᠨ ᠡᠬᠢᠯᠡᠯᠲᠡ ᠵᠢᠨ ᠱᠠᠳᠤᠨ ᠳ᠋ᠤ ᠰᠠᠢᠳᠣᠷ ᠰᠤᠷᠤᠯᠴᠠᠬᠤ ᠥᠬᠡᠢ ᠪᠣᠯ ᠬᠣᠵᠢᠮ ᠲᠤᠮᠥ ᠪᠣᠯᠤᠭᠰᠠᠨ ᠤ ᠳᠠᠷᠠᠭ᠎ᠠ ᠯᠠᠪ ᠬᠠᠷᠠᠮᠰᠠᠬᠤ ᠪᠣᠯᠤᠨ᠎ᠠ︾ᠬᠡᠳᠡᠭ  ᠢ ᠭᠡᠯᠡᠵᠦ ᠥᠭᠴᠦ ᠪᠠᠢᠭᠠᠷᠠᠢ︕
ᠭᠤᠷᠪᠠ᠃ ᠠᠯᠢᠪᠠ ᠠᠮᠵᠢᠯᠳᠠ ᠶᠢᠨ ᠠᠷᠤ ᠳᠤ ᠲᠠᠰᠤᠷᠠᠯᠳᠠ ᠥᠬᠡᠢ ᠴᠢᠷᠮᠠᠢᠯᠭ᠎ᠠ ᠪᠠ ᠥᠷᠡᠭᠳᠡᠭᠥᠯᠥᠯᠳᠡ ᠪᠠᠢᠳᠠᠭ᠃
ᠡᠨᠡ ᠶᠢ᠍ᠷᠳᠢᠨᠴᠥ ᠮᠠᠰᠢ ᠡᠷᠬᠡ ᠲᠡᠭᠰᠢ᠂ ᠴᠢᠨᠦ ᠠᠮᠢᠳᠤᠷᠠᠯ ᠤᠨ ᠠᠯᠬᠤᠮ ᠪᠦᠷᠢ ᠴᠢᠨᠢ ᠢᠷᠡᠭᠡᠳᠤᠢ ᠳᠤ ᠪᠡᠨ ᠵᠠᠮ ᠲᠡᠪᠢᠰᠴᠥ ᠥᠭᠳᠡᠭ ᠭᠡᠳᠡᠭ ᠦᠭᠡ ᠪᠠᠢᠳᠠᠭ᠃
ᠭᠥᠮᠥᠨ ᠤ ᠠᠮᠢᠳᠤᠷᠠᠯ ᠳ᠋ᠦ ᠶᠠᠷᠥ  ᠡᠴᠡ ᠲᠡᠮᠡᠢ ᠶᠠᠪᠤᠳᠠᠭ ᠵᠠᠮ ᠭᠡᠵᠤ ᠪᠠᠢᠭ᠎ᠠ ᠥᠬᠡᠢ᠂ ᠠᠯᠬᠤᠮ ᠪᠦᠷᠢ ᠨᠢ ᠲᠣᠭᠠᠨ ᠳᠤ ᠣᠷᠤᠳᠠᠭ᠃
ᠴᠢ ᠴᠢᠷᠮᠠᠢᠬᠤ ᠲᠤᠳᠤᠮ ᠤᠯᠠᠮ ᠠᠵᠠ ᠲᠠᠢ ᠪᠣᠯᠳᠠᠭ᠃
ᠵᠸᠵᠢᠶᠠᠩ ᠶᠠᠭᠡ ᠰᠤᠷᠭᠠᠭᠤᠯᠢ ᠶᠢᠨ ᠨᠢᠭᠡᠨ ᠣᠨᠴᠠ ᠰᠤᠷᠤᠯᠭᠠᠳᠠᠨ ᠤ ᠨᠢᠳᠦ ᠡᠷᠢᠶᠡᠯᠵᠡᠮ᠎ᠡ ᠲᠣᠬᠢᠷᠠᠭᠤᠯᠤᠭᠰᠠᠨ ᠠᠵᠢᠯᠯᠠᠵᠦ ᠠᠮᠠᠷᠠᠬᠤ ᠭᠥᠰᠥᠨᠥᠭ︵ ᠰᠡᠭᠦᠳᠡᠷ ᠢ᠋ ᠤᠷᠬᠢᠪᠡ︶ ᠨᠢ ᠤᠯᠠᠨ ᠤ ᠲᠤᠮᠳᠠ ᠣᠳᠣ ᠪᠣᠯᠵᠠᠢ᠃
ᠠᠵᠢᠯᠯᠠᠵᠦ ᠠᠮᠠᠷᠠᠬᠤ ᠭᠥᠰᠥᠨᠥᠭ  ᠢ᠋ᠢᠡᠨ ᠥᠷᠯᠦᠭᠡ ᠶᠢᠨ ᠵᠢᠷᠭᠤᠭᠠᠨ ᠴᠠᠭ ᠡᠴᠡ ᠡᠬᠢᠯᠡᠨ ᠣᠷᠤᠢ ᠶᠢᠨ ᠠᠷᠪᠠᠨ ᠬᠤᠶᠠᠷ ᠴᠠᠭ ᠬᠠᠭᠠᠰ ᠪᠤᠯᠳᠠᠯ᠎ᠠ ᠪᠠᠢᠷᠢᠯᠠᠭᠤᠯᠵᠠᠢ᠃ ᠨᠢᠭᠡ ᠭᠠᠷᠠᠭ ᠤᠨ ᠠᠵᠢᠯᠯᠠᠵᠦ ᠠᠮᠠᠷᠠᠬᠤ ᠴᠠᠭ ᠤᠨ ᠰᠤᠷᠤᠯᠴᠠᠯᠭ᠎ᠠ ᠶᠢᠨ ᠠᠭᠤᠯᠭ᠎ᠠ ᠬᠡᠳᠣᠨ ᠴᠠᠭ ᠬᠡᠳᠤᠨ ᠮᠢᠨᠦ᠋ᠲ ᠪᠤᠯᠳᠠᠯ᠎ᠠ ᠨᠠᠷᠢᠯᠢᠭᠰᠢᠭᠤᠯᠤᠭᠰᠠᠨ ᠪᠠᠢᠵᠦ᠂ ᠰᠤᠷᠤᠯᠴᠠᠯᠭ᠎ᠠ ᠶᠢᠨ ᠣᠪᠤᠷ ᠨᠢ ᠮᠢᠨᠦ᠋ᠲ ᠰᠸᠺᠥᠨᠳ᠋ ᠵᠢ ᠠᠯᠳᠠᠯ ᠥᠬᠡᠢ ᠪᠠᠢᠭ᠎ᠠ ᠵᠢ ᠬᠠᠷᠠᠭᠤᠯᠵᠦ ᠪᠤᠢ᠃
ᠲᠡᠷᠡ ᠬᠡᠳᠤᠢᠪᠡᠷ ᠮᠠᠰᠢ ᠣᠯᠠᠨ ᠭᠥᠮᠥᠨ ᠤ  ᠭᠥᠰᠡᠯ ᠵᠡᠭᠦᠳᠦ ᠪᠣᠯᠤᠭᠰᠠᠨ ᠶᠡᠬᠡ ᠰᠤᠷᠭᠠᠭᠤᠯᠢ ᠳᠤ ᠣᠷᠤᠴᠢᠬᠠᠭᠰᠠᠨ ᠪᠤᠯᠪᠠᠴᠦ᠂ ᠨᠢᠭᠡ ᠮᠥᠴᠡ ᠴᠤ ᠲᠠᠯᠠᠭᠠᠷ ᠥᠬᠡᠢ ᠰᠤᠷᠤᠯᠴᠠᠭᠰᠠᠭᠠᠷ᠃
ᠲᠡᠭᠦᠨ ᠤ ᠬᠠᠮᠳᠤ ᠰᠤᠷᠣᠯᠭᠠᠳᠠᠨ ᠨᠠᠷ ᠤᠨ ᠶᠠᠷᠢᠬᠤ ᠪᠡᠷ ᠡᠨᠡ ᠪᠣᠯ ᠲᠠᠷᠤᠢ ᠮᠠᠨ ᠤ ᠣᠨᠴᠠ ᠰᠤᠷᠤᠯᠭᠠᠳᠠᠨ᠂ ᠵᠸᠵᠢᠶᠠᠩ ᠶᠠᠭᠡ ᠰᠤᠷᠭᠠᠭᠤᠯᠢ  ᠳᠤ ᠪᠠᠷᠤᠭ ᠯᠠ ᠰᠠᠬᠢᠭᠤᠯᠰᠤᠨ ᠰᠢᠭ ᠤᠷᠤᠰᠢᠵᠦ ᠪᠤᠢ᠂ ᠰᠤᠷᠤᠯᠭ᠎ᠠ ᠰᠠᠢᠨ ᠨᠢ ᠡᠩ ᠤ᠋ᠨ ᠶᠠᠪᠤᠳᠠᠯ ᠂ ᠵᠠᠩᠭᠢᠯᠭ᠎ᠠ ᠨᠢ ᠲᠡᠷᠡ ᠪᠠᠰᠠ ᠨᠠᠭᠠᠳᠤᠵᠦ ᠴᠢᠳᠠᠨ᠎ᠠ᠃ ᠨᠢᠰᠭᠡᠯ ᠵᠢᠯᠤᠭᠤᠤᠨᠬᠤ᠂ ᠤᠰᠤᠨ ᠳᠤ ᠵᠢᠪᠤᠨ ᠤᠮᠪᠠᠬᠤ᠂ ᠰᠢᠨ᠎ᠡ ᠬᠤᠪᠴᠠᠰᠤᠲᠥᠰᠦᠪᠯᠡᠵᠦ ᠣᠶᠤᠳᠠᠭ᠁
  ᠭᠡᠷᠪᠡ ᠡᠨᠡᠬᠦ ᠠᠵᠢᠯᠯᠠᠵᠦ ᠠᠮᠠᠷᠠᠬᠤ ᠴᠠᠭ ᠤᠨ ᠭᠥᠰᠥᠨᠥᠭ ᠢ ᠣᠯᠵᠦ ᠬᠠᠷᠠᠭ᠎ᠠ ᠥᠬᠡᠢ ᠪᠣᠯ ᠪᠢᠳᠡ ᠲᠡᠭᠦᠨ ᠢ ᠮᠠᠰᠢ ᠠᠵᠠ ᠲᠠᠢ ᠭᠥᠮᠤᠨ ᠡ ᠭᠡᠵᠦ᠂ ᠲᠡᠷᠡ ᠪᠣᠯ ᠯᠠᠪ ᠨᠢᠭᠡᠨ ᠵᠣᠭᠤᠰ ᠲᠠᠢ ᠭᠡᠷ ᠤᠨ ᠬᠡᠦᠬᠡᠳ  ᠤᠨ ᠬᠡᠤᠬᠡᠤᠨ᠂ ᠰᠠᠢᠨ ᠰᠤᠷᠤᠯᠴᠠᠬᠤ ᠥᠬᠡᠢ ᠴᠤ ᠥᠪᠡᠷ ᠤᠨ ᠤᠯᠬᠤ ᠭᠡᠰᠡᠨ ᠶᠠᠭᠤᠮ᠎ᠠ ᠪᠡᠨ ᠪᠦᠷ ᠣᠯᠴᠢᠬᠠᠨ᠎ᠠ ᠭᠡᠵᠦ ᠪᠢᠰᠢᠷᠡᠯ ᠲᠥᠷᠦᠭᠳᠡᠳᠡᠭ ᠮᠠᠭᠠᠤᠨ᠃
ᠭᠡᠪᠡᠴᠦ ᠡᠳᠡᠭᠡᠷ ᠪᠣᠯ ᠪᠢᠳᠡ ᠣᠯᠠᠨ ᠤ ᠥᠪᠡᠷ ᠤᠨ ᠪᠡᠶ᠎ᠡ ᠪᠡᠨ ᠠᠮᠤᠷᠵᠢᠭᠤᠯᠳᠠᠭ ᠰᠢᠯᠳᠠᠭ ᠪᠢᠯᠡ᠃
ᠤᠴᠢᠷ ᠨᠢ ᠲᠤᠰ ᠬᠠᠭᠤᠳᠠᠰᠤ ᠠᠵᠢᠯᠯᠠᠵᠦ ᠠᠮᠠᠷᠠᠬᠤ ᠭᠥᠰᠥᠨᠥᠭ ᠤ᠋ᠨ ᠦᠰᠦᠭ ᠪᠣᠯᠭᠠᠨ ᠨᠢ ᠲᠡᠭᠦᠨ ᠤ ᠦᠨᠡᠨ ᠪᠤᠳᠠᠳᠠᠢ ᠴᠢᠷᠮᠠᠢᠯᠭ᠎ᠠ ᠢᠯᠡᠷᠡᠭᠦᠯᠵᠦ ᠪᠤᠢ᠃
ᠠᠮᠵᠢᠯᠳᠠ ᠪᠣᠯ ᠲᠠᠰᠣᠷᠠᠯᠳᠠ ᠥᠬᠡᠢ ᠴᠢᠷᠮᠠᠢᠳᠠᠭ ᠪᠠ ᠲᠡᠮᠡᠴᠡᠳᠡᠭ ᠭᠥᠮᠥᠨ  ᠳᠤ ᠦᠯᠡᠳᠡᠭᠡᠭᠰᠡᠨ ᠡᠴᠦᠰ ᠤᠨ ᠪᠡᠯᠡᠭ ᠮᠥᠨ᠃
ᠬᠡᠨ ᠭᠥᠮᠥᠨ ᠤ ᠠᠵᠠ ᠲᠤᠭᠢᠶᠡᠯ ᠴᠦ ᠬᠣᠭᠤᠰᠤᠨ ᠢᠶᠡᠷ ᠢᠷᠡᠭᠰᠡᠨ ᠪᠢᠰᠢ᠃
ᠭᠡᠷᠪᠡ ᠴᠢ ᠭᠥᠢᠴᠡᠤᠨ ᠴᠢᠷᠮᠠᠢᠪᠠᠯ ᠰᠠᠶᠢ ᠭᠥᠢᠴᠡᠤᠨ ᠠᠵᠠ ᠲᠤᠭᠢᠶᠡᠯ ᠲᠠᠢ ᠪᠤᠯᠵᠦ᠂ ᠥᠪᠡᠷ ᠤᠨ ᠣᠯᠤᠶ᠎ᠠ ᠭᠡᠰᠡᠨ ᠠᠮᠢᠳᠤᠷᠠᠯ ᠳᠤ ᠪᠡᠨ ᠭᠦᠷᠴᠦ ᠴᠢᠳᠠᠳᠠᠭ᠃
ᠭᠠᠩᠴᠢᠨ ᠭᠥᠭᠵᠢᠮᠴᠢᠨ ᠯᠠᠩ ᠯᠠᠩ ᠤᠨ ᠶᠠᠷᠢᠭᠰᠠᠨ ᠨᠢ᠄ ︽ ᠵᠠᠷᠢᠮ ᠴᠢᠳᠠᠪᠤᠷᠢ ᠪᠣᠯ ᠨᠡᠭᠡᠷᠡᠨ ᠲᠥᠷᠦᠯᠬᠢ ᠪᠠᠢᠳᠠᠭ᠃ ᠲᠥᠷᠦᠯᠬᠢ ᠶᠢᠨ ᠴᠦ ᠭᠡᠰᠡᠨ ᠲᠤᠢᠯ ᠤᠨ ᠪᠠᠭ᠎ᠠ ᠴᠢᠷᠮᠠᠢᠯᠭ᠎ᠠ ᠪᠡᠷ ᠬᠠᠮᠤᠭ ᠤᠨ ᠶᠡᠬᠡ ᠠᠮᠵᠢᠯᠳᠠ ᠵᠢ ᠣᠯᠤᠨ᠎ᠠ ᠭᠡᠰᠡᠨ ᠤᠴᠢᠷ ᠪᠢᠰᠢ᠃ ᠠᠮᠢᠳᠤᠷᠠᠯ ᠪᠣᠯ ᠨᠢᠭᠡ ᠨᠢᠭᠡ ᠠᠯᠬᠤᠮ ᠢᠶᠡᠷ ᠢᠷᠡᠳᠡᠭ᠃ ᠡᠨᠡ ᠠᠯᠬᠤᠮ ᠢᠶᠡᠨ ᠠᠯᠬᠤᠮᠠᠨᠵᠢᠨ ᠰᠠᠶᠢ ᠳᠠᠷᠠᠭᠠᠴᠢ ᠶᠢᠨ ᠠᠯᠬᠤᠮ ᠢᠷᠡᠳᠡᠭ ︾ ᠭᠡᠵᠡᠢ᠃
ᠳᠡᠯᠡᠬᠡᠢ ᠲᠡᠭᠡᠷ᠎ᠠ ᠭᠠᠷ ᠤᠨ ᠠᠶ᠎ᠠ ᠪᠡᠷ ᠪᠥᠳᠤᠳᠡᠭ ᠠᠮᠵᠢᠯᠳᠠ ᠭᠡᠵᠦ ᠪᠠᠢᠳᠠᠭ ᠥᠬᠡᠢ᠂ ᠵᠥᠪᠬᠡᠨ ᠰᠠᠷ᠎ᠠ ᠬᠣᠨᠤᠭ ᠤᠨ ᠬᠤᠷᠠᠮᠳᠤᠭᠤᠯᠤᠯ ᠪᠦᠬᠦᠢ ᠪᠠᠷᠢᠮᠳᠠᠯᠠᠯ ᠪᠣᠯᠤᠨ᠎ᠠ᠃
ᠡᠨᠡ ᠭᠦ ᠶᠠᠪᠤᠴᠠ ᠳᠤ ᠮᠠᠰᠢ ᠤᠯᠠᠨ ᠭᠥᠴᠢᠷ ᠪᠡᠷᠬᠡ ᠵᠢ ᠲᠠᠭᠤᠯᠠᠵᠦ᠂ ᠮᠠᠰᠢ ᠤᠯᠠᠨ ᠭᠥᠴᠥ ᠭᠥᠳᠡᠯᠮᠥᠷᠢ ᠵᠠᠷᠤᠴᠠᠭᠤᠯᠤᠮᠠᠨᠵᠢᠨ ᠰᠠᠶᠢ ᠰᠢᠬᠢᠷᠯᠢᠭ᠌ ᠵᠢᠮᠢᠰ ᠢ ᠠᠮᠳᠠᠯᠠᠬᠤ ᠳᠤ ᠭᠥᠷᠳᠡᠭ ᠃
ᠠᠯᠢᠪᠠ ᠠᠮᠵᠢᠯᠳᠠ ᠶᠢᠨ ᠠᠷᠤ ᠳᠤ ᠪᠦᠷ ᠨᠢᠭᠡ ᠬᠤᠪᠢ ᠶᠡᠷᠦ ᠪᠤᠰᠤ ᠶᠢᠨ ᠥᠷᠡᠭᠳᠡᠭᠥᠯᠤᠯᠳᠡ ᠵᠤᠷᠢᠭᠤᠯᠤᠯᠳᠠ ᠪᠠᠢᠳᠠᠭ᠃ ᠲᠡᠯᠡᠭᠡᠢ ᠲᠡᠭᠡᠷ᠎ᠠ ᠭᠥᠳᠡᠯᠮᠥᠷᠢᠯᠡᠭᠥ ᠥᠬᠡᠢ  ᠪᠡᠷ ᠤᠯᠬᠤ ᠶᠠᠭᠤᠮ᠎ᠠ ᠭᠡᠵᠦ ᠪᠠᠢᠳᠠᠭ ᠥᠬᠡᠢ᠃
ᠲᠦᠷᠪᠡ ᠃ ᠰᠠᠢᠨ ᠡᠴᠢᠭᠡ ᠡᠭᠡᠴᠤᠤᠯ ᠪᠦᠷ ᠬᠠᠳᠠᠭᠤᠬᠠᠨ ᠪᠣᠳᠤᠯ ᠲᠠᠢ
   ᠵᠠᠷᠢᠮ ᠭᠥᠮᠥᠨ ᠤ ᠭᠡᠯᠡᠭᠥ ᠪᠡᠷ ᠰᠠᠢᠨ ᠡᠴᠢᠭᠡ ᠡᠭᠡᠴᠤᠤᠯ ᠪᠦᠷ ᠬᠠᠳᠠᠭᠤᠬᠠᠨ ᠪᠣᠳᠤᠯ ᠲᠠᠢ᠃
ᠡᠨᠡᠬᠦ ᠦᠭᠡ ᠵᠥᠢᠳᠡᠢ᠃ ᠬᠡᠦᠬᠡᠳ ᠨᠠᠰᠦ ᠪᠣᠯ ᠨᠠᠭᠠᠳᠤᠮ ᠲᠣᠭᠯᠠᠭᠠᠮ ᠳᠤ ᠠᠯᠮᠠᠢᠷᠠᠭᠰᠠᠨ ᠨᠢᠭᠡᠨ ᠱᠠᠳᠦ᠂ ᠲᠡᠳᠡᠨᠦᠰ ᠥᠪᠡᠷ ᠤᠨ ᠪᠡᠶ᠎ᠡ ᠶᠢᠨ ᠲᠤᠳᠤᠭᠠᠳᠤ ᠰᠡᠤᠨᠭᠢᠯᠭᠡ ᠪᠡᠨ ᠡᠵᠡᠮᠳᠡᠬᠦ ᠵᠢ ᠨᠡᠭᠡᠷᠡᠨ ᠲᠡᠢᠯᠳᠡᠭ ᠥᠬᠡᠢ᠂ ᠵᠥᠪᠬᠡᠨ ᠡᠴᠢᠭᠡ ᠡᠭᠡᠴᠣᠣᠯ ᠢᠶᠡᠷ ᠢᠷᠡᠵᠦ ᠡᠵᠡᠮᠳᠡᠭᠥᠯᠳᠡᠭ ᠵᠢᠮ᠎ᠡ ᠲᠠᠢ᠃
  ᠶᠠᠪᠤᠳᠠᠯ ᠪᠣᠯᠭᠠᠨ ᠳᠤ ᠬᠡᠦᠬᠡᠳ ᠢ ᠪᠡᠨ ᠭᠥᠨᠳᠤᠤᠨᠭᠡᠳᠡᠭ ᠯᠠ ᠶᠤᠮ ᠪᠣᠯ ᠬᠡᠦᠬᠡᠳ ᠦᠨᠡᠬᠡᠷ ᠶᠡᠷᠤᠮᠳᠡᠭ ᠯᠠ ᠪᠣᠯᠬᠤ ᠶᠤᠰᠤᠳᠠᠢ᠃
  ᠨᠢᠭᠡᠨ ᠠᠯᠢᠶ᠎ᠠ ᠬᠦᠦ ᠭᠥᠯ ᠢᠰᠭᠥᠯᠡᠭᠥ ᠪᠥᠵᠢᠭ ᠢ ᠨᠢᠭᠤᠴᠠ ᠪᠡᠷ ᠰᠤᠨᠢᠷᠬᠠᠵᠦ ᠪᠠᠢᠭᠰᠠᠭᠠᠷ ᠠᠪᠤ ᠳᠤ ᠪᠡᠨ ᠮᠡᠳᠡᠭᠳᠡᠪᠡ᠃
  ᠳᠠᠷᠠᠭ᠎ᠠ ᠥᠷᠯᠦᠭᠡ ᠨᠢ ᠠᠪᠤ ᠨᠢ ᠲᠡᠭᠦᠨ ᠳ᠋ᠤ ᠨᠢᠭᠡ ᠵᠢᠵᠢᠭ᠌ ᠬᠠᠢᠷᠴᠠᠭ ᠪᠡᠯᠡᠭᠯᠡᠪᠡ᠃
  ᠪᠢᠴᠢᠬᠠᠨ ᠭᠥᠤ ᠣᠷᠠᠮᠰᠢᠨ ᠬᠥᠭᠡᠷᠴᠦ ᠂ ᠯᠠᠪ ᠨᠢᠭᠡ ᠵᠦᠢᠷᠡᠢ ᠪᠥᠵᠢᠭ ᠤᠨ ᠱᠠᠬᠠᠢ ᠪᠠᠢᠬ᠎ᠠ ᠭᠡᠵᠦ ᠪᠣᠳᠤᠭᠰᠠᠨ ᠨᠢ ᠬᠠᠷᠢᠨ ᠰᠣᠯᠤᠩᠭᠤᠰ ᠪᠤᠺᠠᠰ︵ ᠨᠢᠳᠤᠷᠭᠠᠨ ᠡᠷᠳᠡᠮ︶ ᠤᠨ ᠥᠪᠴᠢ ᠬᠤᠪᠴᠠᠰᠥ ᠪᠠᠢᠵᠠᠢ᠃
  ᠵᠠᠯᠭᠠᠭᠠᠳ ᠡᠳᠣᠷ ᠪᠦᠷᠢ ᠶᠢᠨ ᠬᠠᠲᠠᠭᠤ ᠰᠢᠷᠭᠠᠭᠤ ᠪᠣᠯᠪᠠᠰᠤᠷᠠᠯ᠁
  ᠪᠢᠴᠢᠬᠠᠨ ᠭᠥᠤ ᠠᠪᠤ ᠶᠢᠨ ᠢᠶᠡᠨ ᠰᠠᠨᠠᠭ᠎ᠠ ᠵᠢ ᠮᠡᠳᠡᠭᠰᠡᠨ ᠥᠬᠡᠢ ᠪᠣᠯᠪᠠᠴᠤ ᠰᠢᠳᠦ ᠪᠡᠨ ᠵᠠᠭᠤᠨ ᠪᠣᠯᠪᠠᠰᠤᠷᠠᠯ ᠢᠶᠡᠨ ᠥᠷᠭᠥᠯᠵᠢᠯᠡᠭᠥᠯᠥᠭᠰᠡᠭᠷ᠃ ᠰᠣᠯᠤᠩᠭᠤᠰ ᠪᠤᠺᠠᠰ ᠤᠨ ᠤᠷᠤᠯᠳᠤᠭᠠᠨ ᠳᠤ ᠢᠯᠠᠭᠰᠠᠨ ᠲᠡᠷᠡ ᠡᠳᠣᠷ ᠨᠢ ᠠᠪᠤ ᠨᠢ ᠲᠡᠭᠦᠨ ᠳᠤ ᠪᠠᠰᠠ ᠨᠢᠭᠡ ᠵᠢᠵᠢᠭ᠌ ᠬᠠᠢᠷᠴᠠᠭ ᠪᠡᠯᠡᠭᠯᠡᠪᠡ᠃
ᠪᠢᠴᠢᠬᠠᠨ ᠭᠥᠤ ᠨᠡᠭᠡᠭᠡᠬᠦᠯᠡᠷ ᠲᠡᠭᠦᠨ ᠤ ᠡᠳᠦᠷ  ᠤ᠋ᠨ ᠪᠣᠳᠤᠯᠭ᠎ᠠ ᠰᠥᠨᠢ ᠵᠢᠨ ᠵᠡᠭᠦᠳᠦ ᠪᠣᠯᠵᠦ ᠪᠠᠢᠭᠰᠠᠨ ᠪᠥᠵᠢᠭ ᠤᠨ ᠱᠠᠬᠠᠢ ᠨᠢ ᠪᠠᠢᠵᠠᠢ᠃
ᠶᠠᠭᠤᠨ ᠳ᠋ᠤ ᠬᠡᠦᠬᠡᠳ ᠢ ᠠᠯᠪᠠᠳᠠᠨ ᠲᠡᠭᠦᠨ ᠤ ᠳᠤᠷ᠎ᠠ ᠥᠬᠡᠢ ᠰᠣᠯᠤᠩᠭᠤᠰ ᠪᠤᠺᠠᠰ ᠢ ᠪᠣᠯᠪᠠᠰᠤᠷᠠᠭᠤᠯᠳᠠᠭ ᠪᠤᠢ︖ ᠭᠡᠵᠦ ᠭᠡᠴᠢᠨᠡᠨ ᠣᠯᠠᠨ ᠭᠥᠮᠥᠨ ᠡᠨᠡᠬᠦ ᠡᠴᠢᠭᠡ ᠶᠢᠨ ᠰᠡᠤᠨᠭᠢᠯᠭᠡ ᠵᠢ ᠣᠢᠯᠠᠭᠠᠭᠰᠠᠨ ᠥᠬᠡᠢ᠃
ᠪᠢᠳᠡ ᠬᠡᠦᠬᠡᠳ ᠤᠨ ᠳᠤᠷ᠎ᠠ ᠰᠣᠨᠢᠷᠬᠠᠯ ᠢ ᠭᠥᠨᠳᠤᠤᠨᠭᠡᠨ᠎ᠡ᠂ ᠭᠡᠬᠦ ᠳ᠋ᠦ ᠶᠠᠭᠤ ᠪᠦᠬᠦᠨ ᠲᠡᠢᠮᠦ ᠭᠢᠯᠪᠡᠷ ᠲᠥᠬᠦᠮ ᠢᠶᠠᠷ ᠢᠷᠡᠳᠡᠭ ᠪᠢᠰᠢ ᠭᠡᠳᠡᠭ ᠢ ᠮᠡᠳᠡᠭᠦᠯᠬᠦ ᠭᠡᠰᠡᠨ ᠶᠤᠮ ᠭᠡᠰᠡᠨ ᠡᠴᠢᠭᠡ ᠶᠢᠨ ᠭᠢᠨᠢ ᠨᠢᠭᠡ ᠥᠭᠦᠯᠡᠪᠦᠷᠢ ᠦᠭᠡ ᠨᠢ ᠦᠨᠡᠨ ᠪᠠᠢᠳᠠᠭ ᠢ ᠣᠯᠠᠨ ᠳᠤ ᠲᠣᠩᠬᠠᠯᠠᠭᠰᠠᠨ ᠪᠢᠯᠡ᠃
ᠠᠯᠤᠰ ᠤᠨ ᠬᠠᠷᠠᠴᠠ ᠲᠠᠢ ᠡᠴᠢᠭᠡ ᠡᠭᠡᠴᠣᠣᠯ᠂ ᠦᠷ᠎ᠡ ᠭᠡᠤᠬᠡᠤᠨ ᠭᠥᠮᠥᠵᠢᠭᠥᠯᠭᠥ ᠪᠣᠯ ᠬᠡᠦᠬᠡᠳ ᠢ᠋ ᠳᠠᠭᠠᠷᠠᠭᠤᠯᠬᠤ ᠥᠬᠡᠢ᠂ ᠥᠯᠦᠰᠭᠡᠬᠦ ᠥᠬᠡᠢ ᠯᠠ ᠭᠢᠯᠪᠡᠷ ᠶᠠᠪᠤᠳᠠᠯ ᠪᠢᠰᠢ᠂ ᠬᠡᠦᠬᠡᠳ ᠤᠨ ᠢᠷᠡᠭᠡᠳᠦᠢ ᠶᠢᠨ ᠵᠠᠮ ᠨᠢ ᠮᠠᠰᠢ ᠤᠷᠳᠤ ᠪᠠᠢᠵᠦ᠂ ᠲᠡᠳᠡᠨ ᠳᠤ ᠬᠠᠮᠤᠭ ᠤᠨ ᠱᠠᠭᠠᠷᠳᠠᠭᠳᠠᠬᠤ ᠨᠢ ᠴᠢᠷᠮᠠᠢᠨ ᠲᠡᠭᠡᠭᠰᠢᠯᠡᠭᠥᠯᠭᠥ ᠭᠥᠴᠣᠨ ᠴᠢᠳᠠᠯ᠂ ᠪᠠᠷᠳᠠᠭᠠᠳᠣ ᠵᠠᠮ ᠳ᠋ᠡᠬᠢ ᠲᠣᠷᠨᠢᠭᠤᠨ ᠪᠣᠢᠵᠢᠯᠳᠠ ᠪᠠ ᠰᠥᠷᠭᠡᠭᠦᠦ ᠣᠷᠴᠢᠨ ᠳ᠋ᠡᠬᠢ ᠪᠠᠷᠢᠮᠳᠠᠯᠠᠯ ᠢᠶᠡᠨ ᠲᠠᠶᠠᠭᠳᠠᠬᠤ ᠥᠬᠡᠢ ᠶᠠᠪᠤᠳᠠᠯ ᠪᠣᠯᠤᠨ᠎ᠠ᠃
ᠬᠡᠦᠬᠡᠳ ᠢ ᠪᠠᠬᠠᠨ ᠠᠯᠪᠠᠳᠠᠭᠰᠠᠭᠠᠷ ᠲᠡᠷᠡ ᠴᠢᠨᠦ ᠪᠣᠳᠤᠭᠰᠠᠨ ᠡᠴᠡ ᠴᠢᠨᠢ ᠪᠠᠰᠠ ᠰᠢᠯᠢᠳᠡᠭ ᠭᠡᠳᠡᠭ ᠢ᠋ ᠴᠡᠭᠡᠵᠢᠯᠡᠭᠡᠷᠢ︕
ᠡᠢᠮᠦ ᠡᠴᠡ ᠬᠡᠦᠬᠡᠳ ᠲᠤ ᠪᠡᠨ ᠦᠨᠡᠬᠡᠷ ᠰᠠᠢᠨ ᠪᠣᠯᠤᠶ᠎ᠠ ᠭᠡᠪᠡᠯ᠂ ᠡᠴᠢᠭᠡ ᠡᠭᠡᠴᠤᠤᠯ ᠪᠣᠳᠤᠯ ᠢᠶᠡᠨ ᠬᠠᠳᠠᠭᠤᠵᠢᠭᠤᠯᠤᠨ ᠭᠡᠤᠭᠡᠳ ᠲᠦ ᠪᠠᠨ ᠬᠠᠨᠳᠤᠬᠤ ᠭᠡᠷᠡᠭᠳᠡᠢ᠃ ᠵᠣᠬᠢᠬᠤ ᠬᠡᠮᠵᠢᠶ᠎ᠡ ᠪᠡᠷ ᠠᠯᠪᠠᠳᠠᠬᠤ ᠨᠢ ᠶᠠᠭᠠᠬᠢᠭᠰᠠᠨ ᠴᠤ ᠲᠣᠷᠠᠪᠡᠷ ᠲᠠᠯᠪᠢᠭᠰᠠᠨ ᠡᠴᠡ ᠰᠠᠢᠨ ᠰᠢᠤ︕ 



  
     
     