- ᠪᠤᠥ ᠠᠷᠤᠤᠬᠠᠨ
5060
2018-11-15 16:29
281
0
︽ ᠠᠰᠠᠭᠤᠳᠠᠯ ᠢᠶᠠᠷ ᠬᠦᠳᠤᠯᠡᠬᠥ᠂ ᠤᠷᠤᠯᠳᠤᠯᠭᠠᠳᠤ ᠵᠢᠭᠠᠨ ᠰᠤᠷᠭᠠᠬᠤ ᠠᠷᠭ᠎ᠠ︾ ᠶᠢᠨ ᠰᠤᠳᠤᠯᠭᠠᠨ ᠦᠭᠡᠷᠡᠴᠢᠯᠡᠯᠳᠡ ᠶᠢᠨ ᠲᠤᠬᠠᠢ
ᠰᠢᠨ᠎ᠡ ᠪᠠᠷᠭᠤ ᠵᠡᠭᠥᠨ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ
ᠳᠤ ᠬᠢᠴᠢᠶᠡᠯ ᠰᠤᠨᠤᠰᠴᠤ ᠦᠨᠡᠯᠡᠭᠰᠡᠨ ᠠᠵᠢᠯᠯᠠᠭᠠᠨ ᠠᠴᠠ ᠰᠡᠳᠤᠪᠯᠡᠬᠥ ᠨᠢ
ᠬᠤᠳᠠ ᠶᠢᠨ ᠵᠢᠭᠠᠬᠤ ᠶᠢ ᠰᠤᠳᠤᠯᠠᠬᠤ ᠲᠤᠭᠤᠢᠯᠠᠩ ᠤᠨ ᠲᠤᠬᠢᠷᠠᠭᠤᠯᠤᠯᠳᠠ ᠶᠤᠰᠤᠭᠠᠷ2018 ᠤᠨ ᠤ10 ᠰᠠᠷ᠎ᠠ 22—26 ᠦ ᠡᠳᠤᠷ ᠰᠢᠨ᠎ᠡ ᠪᠠᠷᠭᠤ ᠵᠡᠭᠥᠨ ᠬᠤᠰᠢᠭᠤᠨ ᠳᠤ ᠬᠦᠷᠴᠤ ᠪᠠᠢᠭᠠᠯᠢ ᠶᠢᠨ ᠰᠢᠨᠵᠢᠯᠡᠭᠡᠨ ᠦ ᠬᠢᠴᠢᠶᠡᠯ ᠲᠤᠷᠤᠯ ᠤᠨ︽ ᠤᠷᠤᠯᠳᠤᠯᠭ᠎ᠠ ᠪᠡᠷ ᠲᠦᠷᠢ ᠪᠦᠳᠤᠭᠡᠬᠥ︾ ᠪᠠ ᠨᠡᠢᠬᠡᠮ ᠦᠨ ᠰᠢᠨᠵᠢᠯᠡᠭᠡᠨ ᠦ ᠬᠢᠴᠢᠶᠡᠯ ᠲᠦᠷᠤᠯ ᠤᠨ︽ ᠠᠰᠠᠭᠤᠳᠠᠯ ᠢᠶᠠᠷ ᠬᠦᠳᠤᠯᠡᠬᠥ᠂ ᠤᠷᠤᠯᠳᠤᠯᠭᠠᠳᠤ ᠵᠢᠭᠠᠨ ᠰᠤᠷᠭᠠᠬᠤ︾ ᠠᠷᠭ᠎ᠠ ᠶᠢ ᠬᠢᠴᠢᠶᠡᠯᠯᠡᠭᠡ ᠳᠦ ᠬᠡᠷᠬᠢᠨ ᠦᠢᠯᠡᠳᠤᠯᠭᠡᠵᠢᠭᠥᠯᠬᠥ ᠲᠤᠬᠠᠢ ᠬᠠᠮᠳᠤ ᠪᠠᠷ ᠬᠠᠢᠨ ᠰᠦᠪᠡᠭᠴᠢᠯᠡᠭᠰᠡᠨ ᠪᠠᠢᠨ᠎ᠠ᠃
ᠬᠢᠴᠢᠶᠡᠯᠯᠡᠭᠡ ᠶᠢᠨ ᠦᠭᠡᠷᠡᠴᠢᠯᠡᠯᠳᠡ ᠪᠣᠯ ᠴᠠᠭ ᠦᠶ᠎ᠡ ᠶᠢᠨ ᠤᠷᠤᠰᠬᠠᠯ ᠮᠦᠨ᠂ ᠰᠤᠷᠤᠭᠴᠢ ᠶᠢᠨ ᠬᠤᠪᠢ ᠶᠢ ᠬᠦᠭᠡᠭᠡᠴᠡᠯᠳᠤᠵᠤ ᠰᠢᠯᠭᠠᠯᠳᠠ ᠶᠢ ᠠᠷᠭᠠᠴᠠᠬᠤ ᠰᠤᠷᠭᠠᠨ ᠬᠦᠮᠤᠵᠢᠯ ᠠᠴᠠ ᠨᠠᠰᠤᠨ ᠲᠤᠷᠰᠢᠳᠠ ᠶᠢᠨ ᠬᠦᠭᠵᠢᠯᠳᠡ ᠳᠦ ᠴᠢᠭᠯᠡᠭᠥᠯᠥᠭᠰᠡᠨ᠂ ᠨᠡᠢᠭᠡᠮ ᠦᠨ ᠬᠦᠭᠵᠢᠯᠳᠡ ᠱᠠᠭᠠᠷᠳᠠᠯᠭ᠎ᠠ ᠳᠤ ᠵᠤᠬᠢᠴᠠᠭᠰᠠᠨ ᠴᠢᠳᠠᠪᠤᠷᠢᠳᠡᠨ ᠢ ᠬᠦᠮᠤᠵᠢᠭᠥᠯᠬᠥ ᠪᠠᠷ ᠬᠠᠷᠠᠯᠳᠠ ᠪᠠᠨ ᠪᠤᠯᠭᠠᠭᠰᠠ ᠰᠤᠷᠭᠠᠨ ᠬᠦᠮᠤᠵᠢᠯ ᠮᠦᠨ᠃ ᠡᠨᠡ ᠨᠢ ᠪᠢᠳᠡᠨ ᠢ ᠬᠢᠴᠢᠶᠡᠯᠯᠡᠭᠡ ᠶᠢᠨ ᠦᠭᠡᠷᠡᠴᠢᠯᠡᠯᠳᠡ ᠬᠢᠬᠥ ᠬᠡᠷᠡᠭᠳᠡᠢ ᠪᠦᠭᠡᠳ ᠵᠠᠪᠠᠯ ᠬᠢᠬᠥ ᠬᠡᠷᠡᠭᠳᠡᠢ ᠭᠡᠵᠤ ᠱᠠᠭᠠᠷᠳᠠᠵᠤ ᠪᠤᠢ᠃ ᠨᠡᠢᠭᠡᠮ ᠦᠨ ᠰᠢᠨᠵᠢᠯᠡᠬᠡᠨ ᠦ︽ ᠠᠰᠠᠭᠤᠳᠠᠯ ᠢᠶᠠᠷ ᠬᠦᠳᠤᠯᠡᠬᠥ᠂ ᠤᠷᠤᠯᠳᠤᠯᠭᠠᠳᠤ ᠵᠢᠭᠠᠨ ᠰᠤᠷᠭᠠᠬᠤ ᠠᠷᠭ᠎ᠠ︾ ᠪᠣᠯ ᠪᠥᠬᠥ ᠤᠷᠤᠨ ᠤ ᠬᠡᠪᠴᠢᠶᠡᠨ ᠳᠦ ᠰᠠᠶ᠋ᠢᠬᠠᠨ ᠬᠡᠷᠡᠭᠵᠢᠭᠥᠯᠵᠥ ᠪᠠᠢᠭ᠎ᠠ ᠰᠢᠨ᠎ᠡ ᠬᠢᠴᠢᠶᠡᠯᠯᠡᠭᠡ ᠶᠢᠨ ᠵᠠᠭᠪᠤᠷ ᠮᠦᠨ᠃ ᠲᠡᠷᠡ ᠨᠢ ᠤᠤᠯ ᠤᠨ︽ ᠰᠤᠷᠤᠯᠴᠠᠭᠴᠢ ᠪᠠᠷ ᠲᠦᠪᠯᠡᠬᠥ︾ ᠬᠢᠴᠢᠶᠡᠯᠯᠡᠭᠡ ᠶᠢᠨ ᠵᠠᠭᠪᠤᠷ ᠤᠨ ᠰᠠᠭᠤᠷᠢᠨ ᠲᠡᠭᠡᠷ᠎ᠡ ᠵᠠᠰᠠᠨ ᠲᠡᠭᠥᠯᠳᠡᠷᠵᠢᠭᠥᠯᠥᠭᠰᠡᠨ ᠪᠠᠢᠨ᠎ᠠ᠃
︽ ᠠᠰᠠᠭᠤᠳᠠᠯ ᠢᠶᠡᠷ ᠬᠦᠳᠥᠯᠡᠬᠥ᠂ ᠤᠷᠤᠯᠳᠤᠯᠭᠠᠳᠤ ᠵᠢᠭᠠᠨ ᠰᠤᠷᠭᠠᠬᠤ︾ ᠠᠷᠭ᠎ᠠ ᠶᠢᠨ ᠬᠢᠴᠢᠶᠡᠯᠯᠡᠬᠥ ᠭᠤᠤᠯ ᠠᠯᠬᠤᠮ ᠶᠠᠪᠤᠴᠠ ᠪᠣᠯ1. ᠠᠰᠠᠭᠤᠳᠠᠯ ᠤᠨ ᠤᠷᠴᠢᠨ ᠢ ᠪᠤᠢ ᠪᠤᠯᠭᠠᠬᠤ 2. ᠤᠷᠢᠳᠴᠢᠯᠠᠨ ᠰᠤᠷᠤᠯᠴᠠᠵᠤ ᠠᠰᠠᠭᠤᠯᠳᠠ ᠲᠤᠷᠠᠳᠬᠤ 3. ᠲᠤᠭᠤᠢᠯᠠᠩ ᠤᠨ ᠠᠰᠠᠭᠤᠳᠠᠯ ᠭᠠᠷᠭᠠᠬᠤ4. ᠡᠯ᠎ᠡ ᠲᠤᠭᠤᠢᠯᠠᠩ ᠤᠨ ᠬᠤᠭᠤᠷᠤᠨᠳᠤ ᠪᠠᠨ ᠶᠠᠷᠢᠯᠴᠠᠬᠤ᠂5. ᠠᠩᠭᠢ ᠶᠢᠨ ᠠᠰᠠᠭᠤᠳᠠᠯ ᠢ ᠲᠤᠷᠠᠳᠬᠤ᠂6. ᠪᠠᠭᠰᠢ ᠠᠴᠠ ᠰᠡᠩᠬᠡᠷᠡᠭᠥᠯᠥᠨ ᠵᠢᠯᠤᠭᠤᠳᠴᠤ ᠰᠡᠵᠢᠭ ᠢ ᠲᠠᠢᠯᠠᠬᠤ᠂7. ᠪᠤᠯᠪᠠᠰᠤᠷᠠᠯ8. ᠦᠷᠭᠡᠳᠭᠡᠯ ᠪᠠᠳᠤᠳᠬᠠᠯ9. ᠬᠤᠷᠢᠶᠠᠩᠭᠤᠢᠯᠠᠨ ᠳ᠋ᠦᠩᠨᠡᠬᠥ︵ ᠰᠡᠳᠬᠢᠬᠥᠢ ᠶᠢᠨ ᠬᠦᠳᠤᠯᠤᠮᠵᠢ ᠶᠢᠨ ᠵᠢᠷᠤᠭ ᠢᠶᠠᠷ ᠢᠯᠡᠳᠭᠡᠬᠥ︶
ᠬᠢᠴᠢᠶᠡᠯᠯᠡᠭᠡ ᠶᠢᠨ ᠦᠭᠡᠷᠡᠴᠢᠯᠡᠯᠳᠡ ᠶᠢᠨ ᠠᠵᠢᠯ ᠢ ᠪᠢ ᠲᠤᠤᠷᠠᠬᠢ ᠮᠡᠳᠤ ᠬᠤᠶᠠᠷ ᠠᠯᠬᠤᠮ ᠢᠶᠠᠷ ᠶᠠᠪᠤᠭᠳᠠᠭᠤᠯᠵᠠᠢ᠃ ᠨᠢᠭᠡᠳᠤᠭᠡᠷ ᠠᠯᠬᠤᠮ ᠳᠤ ᠰᠢᠨ᠎ᠡ ᠬᠢᠴᠢᠶᠡᠯᠯᠡᠭᠡ ᠶᠢᠨ ᠵᠠᠭᠪᠤᠷ ᠤᠨ ᠲᠤᠬᠠᠢ ᠤᠨᠤᠯ ᠤᠨ ᠰᠤᠷᠤᠯᠴᠠᠭ᠎ᠠ︵ ᠵᠢᠭᠠᠨ ᠰᠤᠷᠭᠠᠬᠤ ᠲᠦᠰᠥᠪ ᠪᠤᠯᠤᠨ ᠣᠷᠣᠯᠳᠤᠯᠭ᠎ᠠ ᠶᠢᠨ ᠬᠠᠭᠤᠳᠠᠰᠤ ᠶᠢ ᠬᠡᠷᠬᠢᠨ ᠲᠥᠰᠥᠪᠯᠡᠵᠤ ᠪᠢᠴᠢᠬᠥ ᠲᠤᠬᠠᠢ᠂ ᠬᠤᠶᠠᠳᠤᠭᠠᠷ ᠠᠯᠬᠤᠮ ᠳᠤ ᠲᠤᠰ ᠵᠠᠭᠪᠤᠷ ᠤᠨ ᠱᠠᠭᠠᠷᠳᠠᠯᠭ᠎ᠠ ᠶᠤᠰᠤᠭᠠᠷ ᠬᠠᠮᠳᠤ ᠪᠠᠷ ᠬᠢᠴᠢᠶᠡᠯ ᠪᠡᠯᠡᠳᠭᠡᠵᠤ᠂ ᠬᠠᠮᠳᠤ ᠪᠡᠷ ᠬᠢᠴᠢᠶᠡᠯ ᠰᠤᠨᠤᠰᠬᠤ᠂ ᠦᠨᠡᠯᠡᠬᠥ ᠪᠡᠷ ᠲᠠᠮᠵᠢᠨ ᠤᠷᠤᠰᠢᠵᠤ ᠪᠠᠢᠭ᠎ᠠ ᠠᠰᠠᠭᠤᠳᠠᠯ ᠢ ᠰᠢᠢᠳᠪᠤᠷᠢᠯᠡᠬᠥ ᠠᠷᠭ᠎ᠠ ᠠᠪᠴᠠᠯ ᠢᠶᠠᠨ ᠵᠦᠪᠳᠡᠵᠤ᠂ ᠲᠠᠷᠠᠭᠠᠴᠢ ᠶᠢᠨ ᠬᠢᠴᠢᠶᠡᠯ ᠳ᠋ᠡᠭᠡᠨ ᠲᠤᠷᠰᠢᠬᠤ᠂ ᠲᠠᠬᠢᠨ ᠰᠢᠨ᠎ᠡ ᠪᠡᠷ ᠢᠯᠡᠷᠡᠭᠰᠡᠨ ᠠᠰᠠᠭᠤᠳᠠᠯ ᠤᠨ ᠲᠤᠬᠠᠢ ᠰᠦᠪᠡᠭᠴᠢᠯᠡᠨ ᠰᠤᠳᠤᠯᠵᠤ ᠶᠠᠷᠢᠯᠴᠠᠬᠤ ᠪᠠᠷ ᠲᠠᠮᠵᠢᠨ ᠲᠠᠰᠤᠷᠠᠯᠳᠠ ᠦᠭᠡᠢ ᠬᠠᠯᠠᠨ ᠰᠠᠢᠵᠢᠷᠠᠭᠤᠯᠵᠤ ᠵᠤᠬᠢᠴᠠᠭᠤᠯᠤᠭᠰᠠᠨ ᠪᠠᠢᠨ᠎ᠠ᠃ ᠲᠤᠰ ᠬᠦᠳᠡᠯᠭᠡᠭᠡᠨ ᠢᠶᠡᠷ ᠲᠠᠮᠵᠢᠨ ᠪᠢᠳᠠ ᠬᠠᠮᠳᠤ ᠪᠠᠷ ᠰᠤᠷᠤᠯᠴᠠᠵᠤ᠂ ᠬᠠᠮᠳᠤ ᠪᠠᠷ ᠰᠤᠳᠤᠯᠵᠤ ᠰᠢᠢᠳᠪᠤᠷᠢᠯᠡᠬᠥ ᠶᠠᠪᠤᠴᠠ ᠳᠤ ᠬᠠᠮᠳᠤ ᠪᠠᠷ ᠲᠠᠪᠰᠢᠵᠤ ᠪᠤᠯᠪᠠᠰᠤᠷᠠᠭᠰᠠᠨ ᠪᠠᠢᠨ᠎ᠠ᠃
ᠨᠢᠭᠡ ᠪᠠᠭᠰᠢ ᠶᠢᠨ ᠬᠢᠴᠢᠶᠡᠯ ᠢ ᠲᠠᠬᠢᠨ ᠲᠠᠪᠳᠠᠨ ᠰᠤᠨᠤᠰᠬᠤ ᠪᠠᠷ ᠲᠠᠮᠵᠢᠨ ᠬᠢᠴᠢᠶᠡᠯᠯᠡᠭᠡ ᠶᠢᠨ ᠤᠨᠤᠯᠵᠢᠬᠤᠨ ᠢ ᠤᠯᠠᠮ ᠨᠢᠭᠡ ᠠᠯᠬᠤᠮ ᠲᠡᠭᠥᠯᠳᠡᠷᠵᠢᠭᠥᠯᠥᠭᠰᠡᠨ ᠪᠠᠢᠨ᠎ᠠ᠃
ᠠᠮᠤᠭᠤᠯᠠᠩ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠤᠯᠤᠰ ᠲᠦᠷᠤ᠂ ᠲᠡᠤᠬᠡ ᠶᠢᠨ ᠬᠢᠴᠢᠶᠡᠯ ᠲᠦᠷᠤᠯ ᠤᠨ ᠪᠠᠭᠰᠢ ᠶᠢᠨ ᠪᠠᠢᠳᠠᠯ ᠠᠴᠠ ᠦᠵᠡᠪᠡᠯ ᠤᠯᠤᠰ ᠲᠦᠷᠤ ᠨᠡᠢᠳᠡ4 ᠪᠠᠭᠰᠢ ᠲᠠᠢ᠂ ᠨᠢᠭᠡ ᠵᠠᠯᠠᠭᠤ ᠪᠠᠭᠰᠢ ᠨᠢ ᠬᠦᠩᠭᠡᠵᠢᠭᠡᠳ ᠠᠮᠠᠷᠠᠭᠰᠠᠨ ᠪᠤᠯᠬᠤᠷ ᠠᠩᠬ᠎ᠠ ᠨᠢᠭᠡᠳᠤᠭᠡᠷ ᠤᠨ ᠳᠤ ᠰᠢᠨ᠎ᠡ ᠲᠡᠭᠥᠰᠥᠭᠰᠡᠨ ᠤᠶᠤᠳᠡᠨ ᠢ ᠤᠷᠢᠨ ᠬᠡᠷᠡᠭᠯᠡᠵᠥ᠂ ᠠᠩᠬ᠎ᠠ ᠬᠤᠶᠠᠳᠤᠭᠠᠷ ᠤᠨ ᠳᠤ ᠨᠢᠭᠡ ᠪᠠᠭᠰᠢ᠂ ᠠᠩᠬ᠎ᠠ ᠭᠤᠷᠪᠠ ᠳᠤ ᠬᠤᠶᠠᠷ ᠪᠠᠭᠰᠢ ᠲᠠᠢ᠃ ᠲᠡᠤᠬᠡ ᠶᠢᠨ ᠬᠢᠴᠢᠶᠡᠯ ᠠᠩᠬ᠎ᠠ ᠨᠢᠭᠡ ᠳᠦ ᠬᠤᠶᠠᠷ ᠪᠠᠭᠰᠢ᠂ ᠠᠩᠬ᠎ᠠ ᠬᠤᠶᠠᠷ ᠲᠤ ᠬᠤᠶᠠᠷ ᠪᠠᠭᠰᠢ᠂ ᠠᠩᠬ᠎ᠠ ᠭᠤᠷᠪᠠ ᠳᠤ ᠬᠤᠶᠠᠷ ᠪᠠᠭᠰᠢ᠂ᠲᠡᠤᠬᠡ ᠶᠢᠨ ᠬᠢᠴᠢᠶᠡᠯ ᠲᠦᠷᠤᠯ ᠳᠤ ᠵᠠᠯᠠᠭᠤ ᠢᠳᠡᠷ ᠪᠠᠭᠰᠢ ᠤᠯᠠᠨ᠂ ᠤᠯᠤᠰ ᠲᠦᠷᠤ ᠶᠢᠨ ᠪᠠᠭᠰᠢ ᠶᠢᠨ ᠡᠩᠨᠡᠭᠡ ᠵᠢᠭᠠᠬᠠᠨ ᠪᠠᠭᠤᠷᠠᠢ ᠪᠠᠢᠨ᠎ᠠ᠃ ᠠᠩᠬ᠎ᠠ ᠨᠢᠭᠡ ᠶᠢᠨ ᠵᠠᠯᠠᠭᠤ ᠪᠠᠭᠰᠢ ᠶᠢᠨ ᠪᠠᠭᠰᠢᠯᠠᠬᠤ ᠤᠷ᠎ᠡ ᠲᠡᠮ ᠂ ᠴᠢᠳᠠᠪᠤᠷᠢ ᠶᠢ ᠲᠡᠭᠡᠭᠰᠢᠯᠡᠭᠥᠯᠬᠥ᠂ ᠬᠢᠴᠢᠶᠡᠯ ᠲᠦᠷᠤᠯ ᠤᠨ ᠲᠤᠰᠬᠠᠢ ᠮᠡᠳᠡᠯᠭᠡ ᠶᠢ ᠰᠢᠰᠲᠸ᠋ᠮ ᠲᠠᠢ ᠲᠠᠨᠢᠵᠤ ᠡᠵᠡᠮᠰᠢᠭᠥᠯᠭᠥ ᠶᠢᠨ ᠲᠦᠯᠥᠭᠡ ᠠᠩᠬ᠎ᠠ ᠭᠤᠷᠪᠠ ᠶᠢᠨ ᠶᠢᠩ ᠵᠢᠶ᠋ᠸ ᠪᠠᠭᠰᠢ ᠲᠠᠢ ᠬᠠᠮᠳᠤ ᠬᠢᠴᠢᠶᠡᠯ ᠪᠡᠯᠡᠳᠭᠡᠭᠰᠡᠨ ᠢᠶᠡᠷ ᠪᠠᠷᠠᠬᠤ ᠦᠬᠡᠢ᠂ ᠵᠢᠱᠢᠶ᠎ᠡ ᠬᠢᠴᠢᠶᠡᠯ ᠭᠠᠷᠭᠠᠯᠭᠠᠵᠤ ᠵᠢᠯᠤᠭᠤᠳᠤᠯᠭ᠎ᠠ ᠬᠢᠭᠰᠡᠨ ᠪᠠᠢᠨ᠎ᠠ᠃
ᠰᠢᠨ᠎ᠡ ᠬᠢᠴᠢᠶᠡᠯᠯᠡᠭᠡ ᠶᠢᠨ ᠬᠡᠪ ᠵᠠᠭᠪᠤᠷ ᠤᠨ ᠭᠤᠤᠯ ᠴᠦᠮ᠎ᠡ ᠪᠣᠯ ᠪᠠᠭᠰᠢ ᠵᠢᠯᠠᠭᠤᠳᠴᠤ᠂ ᠰᠤᠷᠤᠭᠴᠢ ᠤᠷᠤᠯᠳᠤᠨᠡ᠃ ᠰᠢᠨ᠎ᠡ ᠬᠢᠴᠢᠶᠡᠯ ᠦᠨ ᠪᠠᠷᠢᠮᠵᠢᠶ᠎ᠠ ᠳ᠋ᠡᠬᠢ ᠬᠢᠴᠢᠶᠡᠯ ᠲᠦᠷᠤᠯ ᠤᠨ ᠶᠡᠷᠤᠩᠬᠡᠢᠯᠡᠭᠰᠡᠨ ᠬᠡᠪ ᠪᠤᠯᠪᠠᠰᠤᠷᠠᠯ ᠢ ᠲᠡᠭᠡᠭᠰᠢᠯᠡᠭᠥᠯᠥᠨᠡ᠃ ᠲᠤᠰ ᠤᠳᠠᠭᠠᠨ ᠤ ᠠᠵᠢᠯᠯᠠᠭᠠᠨ ᠳᠤ ᠠᠩᠬ᠎ᠠ ᠨᠢᠭᠡ᠂ ᠬᠤᠶᠠᠳᠤᠭᠠᠷ ᠤᠨ ᠤ ᠪᠤᠣ ᠪᠤᠣ ᠬᠤᠸᠠ᠂ ᠰᠢᠩ ᠮᠸᠢ᠂ ᠯᠢᠩ ᠯᠢᠩ᠂ ᠲᠤᠯᠠᠢ᠂ ᠰᠤᠶᠤᠯᠮ᠎ᠠ᠂ ᠵᠡᠷᠭᠡ ᠪᠠᠭᠰᠢ ᠨᠠᠷ ᠤᠨ ᠬᠢᠴᠢᠶᠡᠯ ᠢ ᠨᠢᠭᠡ ᠡᠴᠡ ᠭᠤᠷᠪᠠ ᠤᠳᠠᠭ᠎ᠠ ᠰᠤᠨᠤᠰᠤᠭᠰᠠᠨ ᠪᠠᠢᠨ᠎ᠠ᠃ ᠲᠤᠰ ᠤᠳᠠᠭᠠᠨ ᠤ ᠬᠢᠴᠢᠶᠡᠯ ᠪᠡᠯᠡᠳᠭᠡᠬᠥ᠂ ᠬᠢᠴᠢᠶᠡᠯᠯᠡᠭᠡ ᠶᠢᠨ ᠶᠠᠪᠤᠴᠠ᠂ ᠦᠨᠡᠯᠡᠯᠳᠡ ᠶᠢᠨ ᠠᠵᠢᠯᠯᠠᠭ᠎ᠠ ᠪᠠᠷ ᠲᠠᠮᠵᠢᠨ ᠬᠢᠴᠢᠶᠡᠯᠯᠡᠭᠡ ᠶᠢᠨ ᠰᠢᠨ᠎ᠡ ᠠᠷᠭ᠎ᠠ ᠮᠠᠶ᠋ᠢᠭ ᠢ ᠬᠠᠢᠨ ᠰᠦᠪᠡᠭᠴᠢᠯᠡᠬᠥ ᠰᠢᠢᠳᠪᠤᠷᠢᠯᠡᠬᠥ ᠶᠠᠪᠤᠴᠠ ᠳᠤ ᠪᠢᠳᠡ ᠬᠢᠴᠢᠶᠡᠯᠯᠡᠭᠡ ᠶᠢᠨ ᠦᠭᠡᠷᠡᠴᠢᠯᠡᠯᠳᠡ ᠶᠢᠨ ᠲᠤᠬᠠᠢ ᠤᠨᠤᠯ ᠦᠯᠡᠳᠥᠯᠭᠡ ᠶᠢᠨ ᠲᠤᠬᠠᠢ ᠤᠯᠠᠮ ᠬᠦᠨᠵᠡᠭᠡᠢ ᠲᠠᠨᠢᠯᠳᠡ ᠲᠠᠢ ᠪᠤᠯᠤᠭᠰᠠᠨ ᠪᠠᠢᠨ᠎ᠠ᠃
ᠬᠢᠴᠢᠶᠡᠯᠯᠡᠭᠡ ᠶᠢᠨ ᠶᠠᠪᠤᠴᠠ ᠠᠴᠠ ᠦᠵᠡᠪᠡᠯ᠄
ᠤᠯᠤᠰ ᠲᠦᠷᠤ᠂ ᠲᠡᠤᠬᠡ᠂ ᠭᠠᠵᠠᠷ ᠵᠦᠢ ᠶᠢᠨ ᠪᠠᠭᠰᠢ ᠨᠠᠷ ᠰᠤᠷᠤᠯᠴᠠᠯᠭ᠎ᠠ ᠦᠢᠯᠡᠳᠥᠯᠭᠡ ᠶᠢᠨ ᠠᠵᠢᠯᠯᠠᠭᠠᠨ ᠳᠤ ᠮᠠᠰᠢ ᠢᠳᠡᠪᠬᠢᠳᠡᠢ ᠤᠷᠤᠯᠴᠠᠭᠰᠠᠨ ᠨᠢ ᠪᠠᠶᠠᠷᠯᠠᠭᠤᠰᠢᠳᠠᠢ ᠶᠠᠪᠤᠳᠠᠯ ᠪᠤᠯᠤᠨ᠎ᠠ᠃
ᠬᠢᠴᠢᠶᠡᠯᠯᠡᠭᠡ ᠳᠦ ᠤᠷᠤᠰᠢᠵᠤ ᠪᠠᠢᠭ᠎ᠠ ᠠᠰᠠᠭᠤᠳᠠᠯ᠄
1.ᠰᠤᠷᠤᠭᠴᠢᠳ ᠪᠡᠶ᠎ᠡ ᠪᠡᠨ ᠲᠠᠭᠠᠭᠠᠵᠤ ᠠᠰᠠᠭᠤᠯᠳᠠ ᠲᠤᠷᠠᠳᠴᠤ ᠴᠢᠳᠠᠬᠤ ᠦᠬᠡᠢ ᠪᠠᠢᠬᠤ
2.ᠲᠤᠭᠤᠢᠯᠠᠩ ᠤᠨ ᠬᠠᠮᠵᠢᠯᠴᠠᠭ᠎ᠠ ᠶᠢ ᠵᠤᠬᠢᠶᠠᠨ ᠪᠠᠢᠭᠤᠯᠬᠤ ᠳᠤ ᠬᠦᠴᠢᠷᠳᠡᠵᠤ ᠪᠠᠢᠬᠤ
3.ᠤᠩᠰᠢᠯᠭ᠎ᠠ ᠠᠨᠠᠢ᠂ ᠬᠤᠷᠳᠤᠴᠠ ᠤᠳᠠᠭᠠᠨ᠂ ᠤᠢᠯᠭᠠᠬᠤ ᠦᠬᠡᠢ︵ ᠬᠤᠶᠠᠷ ᠤᠯᠠᠭᠠᠨ ᠮᠦᠷ ᠬᠤᠶᠠᠷ ᠵᠠᠭᠤ ᠭᠠᠷᠤᠢ ᠦᠰᠥᠭ ᠢ ᠠᠷᠪᠠᠨ ᠮᠢᠨᠤᠲ ᠤᠩᠰᠢᠭᠠᠳ ᠪᠦᠬᠥ ᠠᠩᠭᠢ ᠶᠢᠨ ᠰᠤᠷᠤᠭᠴᠢ ᠨᠢᠭᠡ ᠴᠤ ᠠᠰᠠᠭᠤᠯᠳᠠ ᠲᠤᠷᠠᠳᠴᠤ ᠲᠡᠢᠯᠥᠭᠰᠡᠨ ᠦᠬᠡᠢ᠂ ᠶᠠᠭᠠᠬᠢᠵᠤ ᠠᠰᠠᠭᠤᠯᠳᠠ ᠲᠤᠷᠠᠳᠬᠤ ᠪᠠᠨ ᠮᠡᠳᠡᠬᠥ ᠦᠬᠡᠢ ᠪᠠᠢᠨ᠎ᠠ᠃
4. ᠮᠠᠲᠸ᠋ᠷᠢᠶᠠᠯ ᠠᠴᠠ ᠰᠤᠷᠠᠭ ᠵᠠᠩᠭᠢ ᠡᠷᠢᠬᠥ ᠴᠢᠳᠠᠪᠤᠷᠢ ᠲᠤᠤᠷ᠎ᠠ ᠪᠠᠢᠬᠤ
ᠡᠳᠡᠭᠡᠷ ᠠᠰᠠᠭᠤᠳᠠᠯ ᠠᠴᠠ ᠪᠤᠯᠵᠤ ᠲᠠᠷᠠᠭ᠎ᠠ ᠠᠯᠬᠤᠮ ᠤᠨ ᠰᠡᠳᠬᠢᠬᠥ᠂ ᠰᠦᠪᠡᠭᠴᠢᠯᠡᠬᠥ᠂ ᠰᠢᠢᠳᠪᠤᠷᠢᠯᠡᠬᠥ᠂ ᠬᠤᠷᠢᠶᠠᠩᠭᠤᠢᠯᠠᠬᠤ ᠠᠵᠢᠯᠯᠠᠭ᠎ᠠ ᠶᠢ ᠵᠤᠬᠢᠶᠠᠨ ᠪᠠᠢᠭᠤᠯᠬᠤ ᠳᠤ ᠮᠠᠰᠢ ᠬᠦᠴᠢᠷᠳᠡᠵᠤ ᠪᠠᠢᠨ᠎ᠠ᠃ ᠰᠤᠷᠤᠭᠴᠢ ᠶᠢᠨ ᠪᠤᠳᠠᠳᠠᠢ ᠪᠠᠢᠳᠠᠯ ᠳᠤ ᠴᠢᠭᠯᠡᠭᠥᠯᠥᠨ ᠪᠢᠳᠡ ᠬᠢᠴᠢᠶᠡᠯᠯᠡᠭᠡ ᠶᠢᠨ ᠶᠠᠪᠤᠴᠠ ᠳᠤ ᠲᠠᠬᠢᠨ ᠲᠤᠬᠢᠷᠠᠭᠤᠯᠤᠯᠳᠠ ᠬᠢᠵᠤ᠂ ᠵᠠᠭᠪᠤᠷ ᠲᠠ ᠱᠠᠭᠠᠷᠳᠠᠵᠤ ᠪᠠᠢᠭ᠎ᠠ ᠪᠦᠬᠥᠢ ᠶᠡᠪᠤᠴᠠ ᠶᠢ ᠱᠠᠳᠤ ᠬᠤᠪᠢᠶᠠᠨ ᠶᠠᠪᠤᠭᠳᠠᠭᠤᠯᠬᠤ ᠪᠠᠷ ᠲᠤᠭᠳᠠᠭᠰᠠᠨ ᠪᠠᠢᠨ᠎ᠠ᠃
ᠨᠢᠭᠡᠳᠤᠭᠡᠷ ᠱᠠᠳᠤ᠄
1.ᠤᠩᠰᠢᠯᠭ᠎ᠠ ᠶᠢ ᠴᠢᠩᠭᠠᠳᠬᠠᠬᠤ
2.ᠤᠩᠰᠢᠭᠰᠠᠨ ᠠᠭᠤᠯᠭ᠎ᠠ ᠠᠴᠠ ᠠᠰᠢᠭᠳᠠᠢ ᠰᠤᠷᠠᠭ ᠵᠠᠩᠭᠢ ᠬᠤᠷᠠᠮᠳᠤᠭᠤᠯᠬᠤ
3.ᠬᠠᠷᠢᠯᠴᠠᠨ ᠠᠰᠠᠭᠤᠯᠳᠠ ᠲᠤᠷᠠᠳᠴᠤ ᠴᠢᠳᠠᠬᠤ
4.ᠲᠤᠭᠤᠢᠯᠠᠩ ᠤᠨ ᠶᠠᠷᠢᠯᠴᠠᠭ᠎ᠠ ᠶᠢ ᠵᠤᠬᠢᠶᠠᠨ ᠪᠠᠢᠭᠤᠯᠬᠤ
5.ᠡᠯ᠎ᠡ ᠲᠤᠭᠤᠢᠯᠠᠩ ᠠᠰᠠᠭᠤᠳᠠᠯ ᠤᠨ ᠦᠵᠡᠭᠥᠯᠥᠯᠭᠡ ᠬᠢᠬᠥ
︵ ᠭᠤᠤᠯᠳᠠᠭᠣ ᠰᠤᠷᠬᠤ ᠠᠷᠭ᠎ᠠ ᠶᠢ ᠵᠢᠯᠤᠭᠤᠳᠤᠨ ᠪᠡᠶ᠎ᠡ ᠪᠡᠨ ᠲᠠᠭᠠᠭᠠᠵᠤ ᠰᠤᠷᠤᠯᠴᠠᠬᠤ ᠳᠤ ᠬᠦᠳᠤᠯᠡᠬᠥ︶
ᠬᠤᠶᠠᠳᠤᠭᠠᠷ ᠱᠠᠳᠤ:
1.ᠪᠠᠭᠰᠢ ᠠᠴᠠ ᠠᠰᠠᠭᠤᠳᠠᠯ ᠤᠨ ᠤᠷᠴᠢᠨ ᠢ ᠪᠤᠢ ᠪᠤᠯᠭᠠᠬᠤ
2.ᠠᠰᠠᠭᠤᠳᠠᠯ ᠢ ᠦᠷᠭᠡᠳᠭᠡᠨ ᠰᠡᠳᠬᠢᠵᠤ ᠰᠦᠪᠡᠭᠴᠢᠯᠡᠬᠥ
3.ᠦᠪᠡᠰᠤᠪᠡᠨ ᠰᠤᠷᠬᠤ ᠪᠠ ᠬᠠᠮᠵᠢᠯᠴᠠᠨ ᠰᠤᠷᠤᠯᠴᠠᠬᠤ ᠪᠠᠷ ᠲᠠᠮᠵᠢᠨ ᠦᠷᠳᠡᠭ ᠲᠠᠢ ᠠᠰᠠᠭᠤᠯᠳᠠ ᠲᠤᠷᠠᠳᠬᠤ
4. ᠡᠯ᠎ᠡ ᠮᠡᠳᠡᠯᠬᠡ ᠶᠢᠨ ᠴᠡᠭ ᠢ ᠬᠠᠷᠢᠴᠠᠭᠤᠯᠬᠤ᠂ ᠠᠳᠠᠯᠢᠳᠬᠠᠬᠤ᠂ ᠬᠤᠷᠢᠶᠠᠩᠭᠤᠢᠯᠠᠬᠤ ᠬᠦᠨᠳᠡᠯᠡᠨ ᠭᠤᠤᠯᠳᠤ ᠬᠤᠯᠪᠤᠭᠠᠰᠤᠨ ᠠᠴᠠ ᠵᠢᠮ᠎ᠡ ᠶᠤᠰᠤ ᠶᠢ ᠲᠠᠨᠢᠬᠤ
5. ᠰᠡᠳᠬᠢᠬᠥᠢ ᠶᠢᠨ ᠬᠦᠳᠤᠯᠤᠮᠵᠢ ᠶᠢᠨ ᠵᠢᠷᠤᠭ ᠢ ᠠᠰᠢᠭᠯᠠᠵᠤ ᠮᠡᠳᠡᠯᠭᠡ ᠶᠢᠨ ᠲᠤᠤᠷ ᠪᠦᠷᠢᠯᠳᠤᠭᠥᠯᠬᠥ
ᠡᠨᠡ ᠤᠳᠠᠭᠠᠨ ᠤ ᠠᠵᠢᠯᠯᠠᠭ᠎ᠠ ᠪᠠᠷ ᠲᠠᠮᠵᠢᠨ ᠲᠤᠯᠢ ᠪᠠᠭᠰᠢ᠂ ᠯᠢᠩ ᠯᠢᠩ ᠪᠠᠭᠰᠢ᠂ ᠪᠤᠣ ᠪᠤᠣ ᠬᠤᠸᠠ ᠪᠠᠭᠰᠢ ᠶᠢᠨ ᠬᠢᠴᠢᠶᠡᠯᠯᠡᠭᠡ ᠲᠤᠩ ᠶᠡᠬᠡ ᠲᠡᠭᠡᠭᠰᠢᠯᠡᠯᠳᠡ ᠲᠠᠢ᠂ ᠰᠢᠩ ᠮᠸᠢ ᠪᠠᠭᠰᠢ᠂ ᠶᠢᠩ ᠵᠢᠶ᠋ᠸ ᠪᠠᠭᠰᠢ᠂ ᠪᠤᠣ ᠪᠤᠣ ᠬᠤᠸᠠ ᠵᠡᠷᠭᠡ ᠪᠠᠭᠰᠢ︽ ᠠᠰᠠᠭᠤᠳᠠᠯ ᠢᠶᠠᠷ ᠬᠦᠳᠤᠯᠡᠬᠥ᠂ ᠤᠷᠤᠯᠳᠤᠯᠭᠠᠳᠤ ᠵᠢᠭᠠᠨ ᠰᠤᠷᠭᠠᠬᠤ︾ ᠠᠷᠭ᠎ᠠ ᠶᠢᠨ ᠲᠤᠬᠠᠢ ᠤᠯᠠᠮ ᠨᠢᠭᠡ ᠠᠯᠬᠤᠮ ᠤᠨ ᠪᠠᠢᠨ᠎ᠠ᠃
ᠭᠠᠵᠠᠷ ᠵᠦᠢ ᠶᠢᠨ ᠬᠢᠴᠢᠶᠡᠯ ᠤᠷᠤᠵᠤ ᠪᠠᠢᠭ᠎ᠠ ᠬᠤᠶᠠᠷ ᠠᠬᠠᠮᠡᠳ ᠪᠠᠭᠰᠢ ᠪᠦᠷ ᠤᠨ ᠪᠦᠯᠥᠭ ᠤᠨ ᠪᠦᠬᠥ ᠠᠩᠭᠢ ᠶᠢᠨ ᠬᠢᠴᠢᠶᠡᠯ ᠢ ᠭᠠᠭᠴᠠᠭᠠᠷ ᠲᠠᠭᠠᠭᠠᠴᠢᠯᠠᠨ ᠵᠢᠭᠠᠵᠤ ᠪᠤᠢ᠃ ᠰᠤᠯᠤᠩᠭᠤᠸ᠎ᠠ ᠪᠠᠭᠰᠢ ᠠᠩᠬ᠎ᠠ ᠨᠢᠭᠡ ᠶᠢᠨ ᠵᠢᠷᠭᠤᠭᠠᠨ ᠠᠩᠭᠢ᠂ ᠭᠤᠣ ᠵᠢᠨ ᠯᠢᠶᠠᠨ ᠪᠠᠭᠰᠢ ᠠᠩᠬ᠎ᠠ ᠬᠤᠶᠠᠷ ᠤᠨ ᠲᠠᠪᠤᠨ ᠠᠩᠭᠢ ᠳᠤ ᠵᠢᠭᠠᠵᠤ ᠪᠤᠢ᠃ ᠭᠤᠤᠯᠳᠠᠯᠭ᠎ᠠ ᠲᠠᠢ ᠭᠦᠢᠴᠡᠳᠭᠡᠵᠤ ᠪᠠᠢᠭ᠎ᠠ ᠠᠵᠢᠯ ᠢ ᠬᠤᠷᠢᠶᠠᠩᠭᠤᠢᠯᠠᠪᠡᠯ᠄
1.ᠠᠩᠭᠢ ᠪᠦᠷᠢ ᠶᠢᠨ ᠰᠤᠷᠤᠭᠴᠢ ᠪᠠᠨ ᠲᠠᠪᠤᠨ ᠲᠤᠭᠤᠢᠯᠠᠩ ᠬᠤᠪᠢᠶᠠᠵᠤ᠂ ᠲᠤᠭᠤᠢᠯᠠᠩ ᠤᠨ ᠲᠠᠷᠤᠭ᠎ᠠ ᠬᠠᠷᠢᠭᠤᠴᠠᠨ ᠬᠢᠴᠢᠶᠡᠯ ᠡᠴᠡ ᠡᠮᠤᠨ᠎ᠡ ᠪᠤᠯᠪᠠᠰᠤᠷᠠᠯ ᠤᠨ ᠦᠷᠤᠭᠡ ᠶᠢᠨ ᠪᠡᠯᠡᠳᠭᠡᠯ ᠰᠤᠷᠤᠯᠴᠠᠯᠭ᠎ᠠ᠂ ᠬᠢᠴᠢᠶᠡᠯ ᠦᠨ ᠲᠠᠷᠠᠭ᠎ᠠ ᠪᠠᠭᠰᠢ ᠶᠢᠨ ᠲᠤᠰᠢᠶᠠᠭᠰᠠᠨ ᠡᠯ᠎ᠡ ᠵᠦᠢᠯ ᠦᠨ ᠪᠤᠯᠪᠠᠰᠤᠷᠠᠯ ᠢ ᠬᠠᠮᠵᠢᠯᠴᠠᠨ ᠪᠡᠶᠡᠯᠡᠭᠥᠯᠵᠤ᠂ ᠰᠤᠷᠤᠭᠴᠢ ᠪᠦᠬᠥᠨ ᠰᠤᠷᠤᠯᠴᠯᠠᠭ᠎ᠠ ᠶᠢᠨ ᠬᠦᠳᠡᠯᠭᠡᠭᠡᠨ ᠳᠦ ᠤᠷᠤᠯᠴᠠᠬᠤ ᠶᠢ ᠴᠢᠬᠤᠯᠠᠴᠢᠯᠠᠵᠤ ᠪᠠᠢᠨ᠎ᠠ᠃
2.ᠬᠢᠴᠢᠶᠡᠯᠯᠡᠭᠡ ᠶᠢᠨ ᠶᠠᠪᠤᠴᠠ ᠳᠤ ᠭᠠᠵᠠᠷ ᠵᠦᠢ ᠰᠤᠷᠤᠯᠴᠠᠬᠤ ᠬᠠᠮᠤᠭ ᠤᠨ ᠵᠠᠩᠭᠢᠯᠠᠭ᠎ᠠ ᠶᠢᠨ ᠠᠷᠭ᠎ᠠ ᠶᠢ ᠡᠵᠡᠮᠰᠢᠭᠥᠯᠭᠥ ᠪᠡᠷ 希沃白板 ᠢ ᠠᠰᠢᠭᠯᠠᠨ ᠭᠠᠵᠠᠷ ᠵᠦᠢ ᠶᠢᠨ ᠲᠠᠭᠯᠠᠬᠤ ᠵᠢᠷᠤᠭᠳᠣ ᠲᠡᠪᠳᠡᠷ ᠤᠨ ᠪᠤᠯᠪᠠᠰᠤᠷᠠᠯ ᠢ ᠰᠤᠷᠤᠭᠴᠢ ᠪᠦᠬᠥᠨ ᠭᠠᠷ ᠬᠦᠳᠡᠯᠤᠨ ᠭᠦᠢᠴᠡᠳᠭᠡᠵᠤ ᠴᠢᠳᠠᠬᠤ ᠪᠠᠷ ᠴᠢᠩᠭ᠎ᠠ ᠱᠠᠭᠠᠷᠳᠠᠨ ᠪᠤᠳᠠᠳᠠᠢ ᠳᠤ ᠨᠠᠢᠳᠠᠪᠤᠷᠢᠵᠢᠭᠤᠯᠵᠤ ᠪᠤᠢ᠃
3.ᠬᠤᠶᠠᠳᠤᠭᠠᠷ ᠤᠨ ᠤ ᠰᠤᠷᠤᠯᠭ᠎ᠠ ᠲᠡᠭᠥᠰᠬᠥ ᠰᠤᠷᠤᠭᠴᠢᠳ ᠲᠠᠭᠠᠨ ᠭᠣᠣᠯᠳᠠᠭᠣ 全品《中考复习方案》学法大视野《大中考》 ᠢ ᠬᠡᠷᠡᠭᠯᠡᠵᠥ ᠪᠤᠢ᠃
4.ᠲᠤᠮᠳᠠᠳᠤ ᠰᠢᠯᠭᠠᠯᠳᠠ ᠶᠢᠨ ᠰᠤᠩᠭᠤᠬᠤ ᠰᠡᠳᠤᠪ ᠬᠠᠷᠢᠭᠤᠯᠬᠤ ᠶᠢ ᠪᠤᠯᠪᠠᠰᠤᠷᠠᠬᠤ ᠪᠠ ᠪᠠᠭᠰᠢ ᠶᠢᠨ ᠠᠵᠢᠯ ᠤᠨ ᠦᠷ᠎ᠡ ᠠᠰᠢᠭ ᠢ ᠲᠡᠭᠡᠭᠰᠢᠯᠡᠭᠥᠯᠬᠥ ᠶᠢᠨ ᠲᠦᠯᠥᠭᠡ ᠰᠢᠯᠭᠠᠯᠳᠠ ᠶᠢᠨ ᠰᠤᠩᠭᠤᠬᠤ ᠰᠡᠳᠤᠪ ᠢᠶᠠᠨ ᠢ ᠠᠰᠢᠭᠯᠠᠨ ᠰᠢᠯᠭᠠᠯᠳᠠ ᠵᠢᠨᠠᠵᠤ ᠪᠤᠢ᠃ 门口学习网 ︵ ᠰᠡᠳᠤᠪ ᠰᠢᠷᠪᠢᠵᠤ ᠬᠢᠨᠠᠵᠤ ᠪᠤᠢ︶
5.ᠪᠦᠬᠥ ᠰᠤᠷᠤᠭᠴᠢ ᠤᠷᠤᠯᠴᠠᠭᠰᠠᠨ︽ ᠭᠡᠭᠡᠨ ᠲᠤᠯᠢ︾ ᠭᠠᠵᠠᠷ ᠵᠦᠢ ᠶᠢᠨ ᠮᠡᠳᠡᠯᠭᠡ ᠶᠢᠨ ᠤᠷᠤᠯᠳᠤᠭᠠᠨ ᠢ ᠡᠷᠬᠢᠯᠡᠨ ᠬᠢᠵᠤ ᠪᠤᠢ᠃
6.四联教育网络培训课堂ᠲᠡᠭᠡᠷ᠎ᠡ ᠡᠴᠡ ᠪᠠᠭᠰᠢ ᠶᠢᠨ ᠶᠡᠬᠡ ᠰᠤᠷᠭᠠᠭᠤᠯᠢ ᠶᠢᠨ ᠬᠠᠷᠢᠶᠠᠳᠤ ᠲᠤᠮᠳᠠᠳᠤ ᠰᠤᠷᠭᠠᠭᠤᠯᠢ ᠶᠢᠨ ᠪᠠᠢ ᠢᠥᠢ᠂ ᠰᠠᠢᠨᠳᠤᠭᠦᠷᠡᠩ ᠬᠤᠶᠠᠷ ᠮᠤᠩᠭᠤᠯ ᠪᠠᠭᠰᠢ ᠶᠢᠨ ᠬᠢᠴᠢᠶᠡᠯ ᠪᠡᠯᠡᠳᠭᠡᠬᠥ᠂ ᠬᠢᠴᠢᠶᠡᠯ ᠲᠠᠢᠯᠪᠤᠷᠢᠯᠠᠬᠤ᠂ ᠬᠢᠴᠢᠶᠡᠯ ᠢᠶᠡᠨ ᠳ᠋ᠦᠩᠨᠡᠬᠥ ᠬᠠᠷᠠᠭᠠᠨ ᠲᠠᠪᠳᠠᠮᠵᠢ ᠶᠢ ᠦᠵᠡᠵᠤ ᠰᠤᠷᠤᠯᠴᠠᠨ᠂ ᠴᠠᠭ ᠦᠶ᠎ᠡ ᠶᠢᠨ ᠬᠡᠷᠡᠭᠴᠡᠭᠡ ᠱᠠᠭᠠᠷᠳᠠᠯᠭ᠎ᠠ ᠳᠤ ᠨᠡᠢᠴᠡᠭᠰᠡᠨ ᠪᠠᠭᠰᠢ ᠪᠤᠯᠬᠣ ᠪᠠᠷ ᠴᠢᠷᠮᠠᠢᠨ ᠰᠤᠷᠤᠯᠴᠠᠵᠤ ᠪᠤᠢ᠃
ᠰᠠᠨᠠᠭᠤᠯᠭ᠎ᠠ᠄
1.ᠤᠷᠤᠨ ᠤ ᠬᠢᠴᠢᠶᠡᠯᠯᠡᠭᠡ ᠶᠢᠨ ᠡᠬᠢ ᠰᠤᠷᠪᠤᠯᠵᠢ ᠶᠢᠨ ᠬᠦᠮᠤᠷᠭᠡ ᠶᠢᠨ ᠮᠠᠲᠸ᠋ᠷᠢᠶᠠᠯ ᠢ ᠠᠮᠢᠳᠤᠯᠢᠭ ᠠᠰᠢᠭᠯᠠᠬᠤ
2.ᠤᠯᠠᠭᠠᠨᠬᠠᠳᠠ ᠶᠢᠨ ᠰᠡᠴᠡᠨᠳᠠᠯᠠᠢ ᠪᠠᠭᠰᠢ ᠶᠢᠨ ᠵᠤᠬᠢᠶᠠᠨ ᠦᠢᠯᠡᠳᠤᠭ᠍ᠰᠡᠨ ᠲᠡᠤᠬᠡ ᠶᠢᠨ ᠪᠢᠴᠢᠯ ᠬᠢᠴᠢᠶᠡᠯ ᠢ ᠬᠢᠴᠢᠶᠡᠯᠯᠡᠭᠡ ᠳ᠋ᠡᠭᠡᠨ ᠦᠢᠯᠡᠴᠢᠯᠡᠭᠥᠯᠬᠥ᠂ ᠬᠢᠴᠢᠶᠡᠯᠯᠡᠭᠡ ᠶᠢᠨ ᠦᠷ᠎ᠡ ᠪᠦᠳᠤᠮᠵᠢ ᠶᠢ ᠲᠡᠭᠡᠭᠰᠢᠯᠡᠭᠥᠯᠬᠥ
3.ᠠᠳᠠᠯᠢ ᠬᠢᠴᠢᠶᠡᠯ ᠲᠦᠷᠤᠯ ᠤᠨ ᠪᠠᠭᠰᠢ ᠨᠠᠷ ᠤᠨ ᠬᠠᠮᠵᠢᠯᠴᠠᠭ᠎ᠠ ᠪᠠᠨ ᠴᠢᠩᠭᠠᠳᠬᠠᠪᠡᠯ ᠰᠠᠶ᠋ᠢ ᠡᠨᠡᠬᠥ ᠦᠭᠡᠷᠡᠴᠢᠯᠡᠯᠳᠡ ᠶᠢ ᠰᠢᠯᠤᠭᠤᠨ ᠤᠷᠤᠭᠰᠢᠳᠠᠢ ᠶᠠᠪᠤᠭᠳᠠᠭᠤᠯᠵᠤ ᠴᠢᠳᠠᠨ᠎ᠠ᠃ ᠶᠡᠷᠤ ᠶᠢᠨ ᠦᠭᠡᠨ ᠳᠦ ᠬᠤᠷᠳᠤᠨ ᠶᠡᠪᠤᠶᠠ ᠭᠡᠪᠡᠯ ᠭᠠᠭᠴᠠᠭᠠᠷ ᠶᠠᠪᠤ᠂ ᠬᠤᠯᠠ ᠶᠠᠪᠤᠶ᠎ᠠ ᠭᠡᠪᠡᠯ ᠬᠠᠮᠳᠤᠪᠡᠷ ᠭᠡᠳᠡᠭ ᠰᠢᠤ᠃
4.ᠲᠡᠤᠬᠡ ᠶᠢᠨ ᠬᠢᠴᠢᠶᠡᠯ ᠳᠦ ᠭᠠᠵᠠᠷ ᠤᠨ ᠵᠢᠷᠤᠭ᠂ ᠲᠠᠭᠯᠠᠬᠤ ᠵᠢᠷᠤᠭ᠂ ᠢᠯᠡᠳᠬᠡᠯ ᠵᠢᠷᠤᠭ ᠵᠡᠷᠭᠡ ᠵᠢᠷᠤᠭ ᠬᠦᠰᠥᠨᠥᠭᠳᠥ ᠶᠢ ᠠᠰᠢᠭᠯᠠᠨ ᠰᠤᠷᠤᠭᠴᠢ ᠶᠢᠨ ᠠᠵᠢᠭᠯᠠᠨ ᠰᠢᠨᠵᠢᠬᠥ᠂ ᠰᠡᠳᠬᠢᠬᠥ ᠴᠢᠳᠠᠪᠤᠷᠢ ᠶᠢ ᠲᠡᠭᠡᠭᠰᠢᠯᠡᠭᠥᠯᠭᠥ ᠳᠦ ᠠᠰᠢᠭᠳᠠᠢ᠃
ᠶᠡᠷᠤᠩᠬᠡᠢ ᠲᠡᠭᠡᠷ᠎ᠡ ᠪᠡᠨ ᠪᠠᠭᠰᠢ ᠨᠠᠷ ᠤᠨ ᠬᠢᠴᠢᠶᠡᠯᠯᠡᠭᠡ ᠶᠡᠬᠡ ᠪᠠᠭᠳᠠᠭᠠᠮᠵᠢ ᠲᠠᠢ ᠪᠤᠯᠵᠣ ᠪᠤᠢ ᠃ ︵ ᠰᠤᠷᠬᠤ ᠬᠦᠳᠤᠯᠤᠮᠵᠢ᠂ᠺᠤᠨ᠋ᠨᠰᠫᠸ᠋ᠺᠲ᠂ ᠺᠤᠤᠷᠰᠸᠢᠷ᠂ ᠤᠷᠤᠯᠳᠤᠯᠭ᠎ᠠ ᠶᠢᠨ ᠬᠠᠭᠤᠳᠠᠰᠤ ᠵᠡᠷᠭᠡ ᠶᠢ ᠠᠰᠢᠭᠯᠠᠵᠤ ᠪᠠᠢᠬᠤ︶ᠲᠤᠭᠤᠢᠯᠠᠩ ᠤᠨ ᠠᠵᠢᠯᠯᠠᠭᠠᠨ ᠳᠤ ᠨᠠᠷᠢᠯᠢᠭ ᠲᠤᠬᠢᠷᠠᠭᠤᠯᠤᠯᠳᠠ᠂ ᠵᠤᠬᠢᠴᠠᠭᠤᠯᠤᠯᠳᠠ᠂ ᠠᠵᠢᠯᠯᠠᠭᠠᠨ ᠲᠠᠢ ᠪᠤᠯᠵᠤ ᠪᠠᠢᠨ᠎ᠠ᠃
ᠰᠢᠨ᠎ᠡ ᠪᠠᠷᠭᠤ ᠵᠡᠭᠥᠨ ᠬᠤᠰᠢᠭᠤᠨ ᠤ ᠲᠤᠪᠴᠢᠶᠠᠨ ᠤ ᠣᠳᠤᠷᠢᠳᠤᠯᠭ᠎ᠠ᠂ ᠰᠤᠷᠭᠠᠭᠤᠯᠢ ᠶᠢᠨ ᠵᠠᠬᠢᠷᠤᠯ ᠠᠴᠠ ᠬᠢᠴᠢᠶᠡᠯᠯᠡᠭᠡ ᠶᠢᠨ ᠦᠭᠡᠷᠡᠴᠢᠯᠡᠯᠳᠡ ᠶᠢᠨ ᠠᠵᠢᠯ ᠢ ᠴᠢᠬᠤᠯᠴᠢᠯᠠᠨ ᠦᠵᠡᠵᠤ᠂ ᠬᠦᠴᠤᠳᠡᠢ ᠠᠳᠬᠤᠭᠰᠠᠨ ᠠᠴᠠ ᠨᠡᠢᠭᠡᠮ ᠦᠨ ᠰᠢᠨᠵᠢᠯᠡᠭᠡᠨ ᠦ ᠬᠢᠴᠢᠶᠡᠯ ᠲᠦᠷᠤᠯ ᠤᠨ︽ ᠠᠰᠠᠭᠤᠳᠠᠯ ᠢᠶᠠᠷ ᠬᠦᠳᠤᠯᠡᠬᠥ ᠤᠷᠤᠯᠳᠤᠯᠭᠠᠳᠤ ᠵᠢᠭᠠᠨ ᠰᠤᠷᠭᠠᠬᠤ ᠠᠷᠭ᠎ᠠ ︾ ᠨᠢᠭᠡᠨᠳᠡ ᠡᠬᠢᠯᠡᠯᠳᠡ ᠶᠢᠨ ᠬᠦᠰᠢᠭᠡ ᠪᠡᠨ ᠢᠷᠡᠨ ᠨᠡᠭᠡᠭᠡᠭᠰᠡᠨ ᠪᠠᠢᠨ᠎ᠠ᠃ ᠲᠦᠮᠡᠨ ᠬᠡᠷᠡᠭ ᠦᠨ ᠲᠦᠷᠤᠭᠥᠤ ᠠᠯᠬᠤᠮ ᠨᠢ ᠬᠦᠴᠢᠷ ᠭᠡᠭᠴᠢ ᠪᠡᠷ ᠪᠦᠬᠥ ᠤᠷᠤᠨ ᠤ ᠬᠡᠪᠴᠢᠶᠡᠨ ᠳᠦ ᠲᠤᠰ ᠵᠢᠭᠠᠬᠤ ᠠᠷᠭ᠎ᠠ ᠶᠢᠨ ᠲᠤᠬᠠᠢ ᠰᠢᠰᠲ᠋ᠧᠮ ᠲᠠᠢ ᠤᠨᠤᠯ ᠤᠨ ᠰᠤᠷᠤᠯᠴᠠᠭ᠎ᠠ ᠪᠠ ᠪᠤᠯᠪᠠᠰᠤᠷᠠᠯ ᠬᠢᠭᠰᠡᠨ ᠦᠬᠡᠢ ᠪᠠᠢᠳᠠᠯ ᠲᠤᠤᠷ᠎ᠠ ᠪᠠᠭᠰᠢ ᠨᠠᠷ ᠦᠪᠡᠰᠤᠪᠡᠨ ᠰᠤᠷᠤᠯᠴᠠᠵᠤ ᠰᠦᠪᠡᠭᠴᠢᠯᠡᠵᠥ ᠲᠤᠷᠰᠢᠨ ᠬᠢᠵᠤ ᠡᠬᠢᠯᠡᠭᠰᠡᠨ ᠨᠢ ᠲᠤᠩ ᠪᠠᠶᠠᠷᠯᠠᠭᠤᠰᠢᠳᠠᠢ ᠶᠠᠪᠤᠳᠠᠯ ᠪᠤᠯᠠᠬᠤ ᠶᠤᠮ᠃ ᠰᠤᠷᠬᠤ ᠳᠤ ᠮᠡᠳᠡᠯᠭᠡ ᠶᠢᠨ ᠬᠢᠵᠠᠭᠠᠷ ᠦᠭᠡᠢ᠂ ᠨᠠᠰᠤᠨ ᠤ ᠬᠢᠵᠠᠭᠠᠷ ᠦᠬᠡᠢ ᠭᠡᠭᠴᠢ ᠪᠡ ᠰᠤᠷᠤᠯᠴᠠᠯᠭ᠎ᠠ ᠪᠠᠨ ᠴᠢᠩᠭᠠᠳᠬᠠᠵᠤ ᠦᠷᠬᠥᠯᠵᠢᠯᠡᠨ ᠪᠠᠷᠢᠮᠳᠠᠯᠠᠵᠤ ᠲᠠᠰᠤᠡᠷᠠᠯᠳᠠ ᠦᠭᠡᠢ ᠰᠤᠳᠤᠯᠤᠨ ᠰᠦᠪᠡᠭᠴᠢᠯᠡᠵᠥ ᠯᠠ ᠪᠠᠢᠪᠠᠯ ᠬᠢᠴᠢᠶᠡᠯᠯᠡᠭᠡ ᠶᠢᠨ ᠦᠷ᠎ᠡ ᠪᠦᠳᠤᠮᠵᠢ ᠨᠡᠩ ᠦᠨᠳᠤᠷ ᠪᠤᠯᠠᠬᠤ ᠨᠢ ᠲᠠᠮᠵᠢᠭ ᠦᠭᠡᠢ ᠶᠤᠮ᠃
ᠬᠦᠯᠤᠨ ᠪᠤᠢᠷ ᠬᠤᠳᠠ ᠶᠢᠨ ᠰᠤᠷᠭᠠᠨ ᠬᠦᠮᠤᠵᠢᠯ ᠰᠤᠳᠤᠯᠤᠨ ᠪᠤᠯᠪᠠᠰᠤᠷᠠᠭᠤᠯᠬᠤ ᠲᠡᠭᠡᠳᠤ ᠰᠤᠷᠭᠠᠭᠤᠯᠢ
ᠠᠷᠤᠤᠬᠠᠨ︵ ᠶᠦᠩ ᠮᠸᠢ︶