-
3292
ᠪᠠᠷ᠎ᠠ ᠨᠢ ᠬᠠᠷᠠᠭᠳᠠᠬᠤ ᠦᠭᠡᠢ ᠠᠭᠤᠯᠠ
2018-04-28 11:29
134
0
ᠪᠠᠷᠳᠠᠭᠠᠳᠤ ᠦᠨᠳᠡᠷ ᠬᠠᠢᠷᠠᠬᠠᠨ ᠤ
ᠪᠤᠭᠤᠮᠳᠠ ᠶᠢ ᠳᠠᠪᠠᠭᠠᠳ ᠭᠠᠷᠴᠢᠬᠠᠪᠠᠯ
ᠪᠠᠷ᠎ᠠ ᠨᠢ ᠬᠠᠷᠠᠭᠳᠠᠬᠤ ᠦᠭᠡᠢ ᠠᠭᠤᠯᠠ ᠶᠢᠨ
ᠵᠢᠷᠤᠭ ᠨᠢ ᠲᠤᠰᠤᠭᠠᠳ ᠤᠭᠲᠤᠨ᠎ᠠ
ᠰᠠᠭᠠᠳᠠᠭᠲᠤ ᠭᠦᠨ ᠰᠢᠭᠤᠢ ᠶᠢᠨ
ᠬᠦᠪᠴᠢ ᠶᠢ ᠲᠤᠭᠤᠯᠤᠭᠠᠳ ᠭᠠᠷᠭᠠᠴᠢᠬᠠᠪᠠᠯ
ᠰᠠᠨᠠᠭᠠᠳ ᠣᠯᠬᠤ ᠦᠭᠡᠢ ᠤᠷᠭᠤᠮᠠᠯ ᠤᠨ
ᠴᠡᠴᠡᠭ ᠨᠢ ᠲᠠᠯᠠᠯᠤᠨ ᠶᠤᠰᠤᠯᠠᠨ᠎ᠠ
ᠰᠤᠷᠤᠭᠠᠳ ᠪᠠᠢᠪᠠᠯ ᠠᠶᠠᠨᠳᠠᠭᠠᠨ
ᠬᠤᠯᠠ ᠶᠠᠪᠤᠵᠦ ᠴᠢᠳᠠᠨ᠎ᠠ
ᠰᠤᠭᠤᠨ ᠳᠤ ᠵᠢᠭᠦᠷ ᠤᠷᠭᠤᠭ᠎ᠠ ᠦᠭᠡᠢ ᠴᠦ
ᠨᠢᠰᠦᠭᠡᠳ ᠶᠠᠪᠤᠵᠤ ᠴᠢᠳᠠᠨ᠎ᠠ
ᠶᠠᠷᠢᠭᠠᠳ ᠰᠠᠭᠤᠭᠠᠳ ᠪᠠᠢᠪᠠᠯ
ᠣᠯᠪᠥᠭ᠋ ᠲᠡᠨᠳᠡ ᠪᠡᠨ ᠴᠤᠭᠤᠷᠤᠨᠠ
ᠶᠠᠪᠤᠭᠠᠳ ᠵᠢᠳᠭᠦᠭᠡᠳ ᠪᠠᠢᠪᠠᠯ
ᠤᠴᠢᠬᠣ ᠭᠠᠵᠠᠷ ᠢᠶᠠᠨ ᠬᠦᠷᠦᠨ᠎ᠡ
ᠴᠡᠩᠬᠡᠷ ᠴᠡᠩᠬᠡᠷ ᠬᠠᠢᠷᠠᠬᠠᠨ ᠢ
ᠵᠤᠷᠢᠭᠠᠳ ᠴᠢᠭᠯᠡᠭᠡᠳ ᠪᠠᠢᠪᠠᠯ
ᠴᠡᠴᠡᠭ ᠵᠢᠮᠢᠰ ᠲᠠᠢ ᠠᠭᠤᠯᠠᠨ ᠳᠤ
ᠬᠦᠷᠦᠭᠡᠳ ᠣᠷᠢᠬᠤ ᠪᠤᠯᠤᠨ᠎ᠠ
ᠬᠦᠰᠡᠭᠡᠳ ᠪᠠᠢᠭᠰᠠᠨ ᠶᠠᠭᠤᠮ᠎ᠠ ᠶᠢ
ᠬᠦᠯᠢᠶᠡᠵᠦ ᠰᠠᠭᠤᠭᠠᠳ ᠨᠡᠮᠡᠷᠢ ᠦᠭᠡᠢ
ᠬᠦᠷᠦᠭᠡᠳ ᠣᠴᠢᠬᠣ ᠦᠶ᠎ᠡ ᠳᠦ
ᠲᠤᠰᠤᠭᠠᠳ ᠣᠭᠳᠣᠬᠣ ᠵᠢᠷᠭᠠᠯ ᠲᠠᠢ
ᠪᠠᠷᠳᠠᠭᠠᠳᠤ ᠦᠨᠳᠡᠷ ᠬᠠᠢᠷᠠᠬᠠᠨ ᠤ
ᠪᠤᠭᠤᠮᠳᠠ ᠶᠢ ᠲᠠᠢᠪᠠᠢᠭᠠᠳ ᠭᠠᠷᠴᠢᠬᠠᠪᠠᠯ
ᠪᠠᠷ᠎ᠠ ᠨᠢ ᠬᠠᠷᠠᠳᠠᠬᠤ ᠦᠭᠡᠢ ᠠᠭᠤᠯᠠ ᠶᠢᠨ
ᠵᠢᠷᠤᠭ ᠨᠢ ᠲᠤᠰᠤᠭᠠᠳ ᠤᠭᠳᠤᠨ᠎ᠠ
ᠰᠠᠭᠳᠳᠣ ᠭᠦᠨ ᠰᠢᠭᠤᠢ ᠶᠢᠨ
ᠬᠦᠪᠴᠢ ᠶᠢ ᠲᠤᠭᠤᠯᠠᠭᠠᠳ ᠭᠠᠷᠴᠢᠬᠠᠪᠠᠯ
ᠰᠠᠨᠠᠭᠠᠳ ᠣᠯᠬᠣ ᠦᠭᠡᠢ ᠤᠷᠭᠤᠮᠠᠯ ᠤᠨ
ᠴᠡᠴᠡᠭ ᠨᠢ ᠲᠠᠯᠠᠯᠤᠨ ᠶᠤᠰᠤᠯᠠᠨ᠎ᠠ᠃