-
141465
ᠬᠡᠤᠬᠡᠳ ᠲᠤ ᠲᠤᠬᠢᠶᠠᠯᠳᠤᠬᠤ 3 ᠲᠡᠷᠰᠯᠡᠬᠦ ᠬᠤᠭᠤᠴᠠᠭ᠎ᠠ
2018-06-21 10:24
281
0
ᠡᠭᠡ ᠡᠴᠢᠭᠡ ᠪᠤᠯᠤᠭᠰᠠᠳ ᠬᠡᠤᠬᠡᠳ ᠨᠢ ᠦᠭᠡ ᠶᠢ ᠨᠢ ᠰᠤᠨᠤᠰᠴᠦ ᠤᠬᠠᠭᠠᠨ ᠲᠤᠮᠤᠭᠠᠲᠠᠢ ᠪᠠᠶᠢᠬᠤ ᠶᠢ ᠬᠦᠰᠡᠳᠡᠭ᠃ ᠬᠡᠬᠦ ᠳᠤ ᠤᠯᠠᠩᠭᠢ ᠬᠡᠤᠬᠡᠳ ᠠᠩᠬ᠎ᠠ ᠲᠤᠮᠳᠠᠳᠦ ᠳᠤ ᠤᠷᠤᠭᠰᠠᠨ ᠤ ᠲᠠᠷᠠᠭ᠎ᠠ ᠦᠰᠦᠳ ᠦᠭᠡᠷ᠎ᠡ ᠬᠦᠮᠦᠨ ᠪᠤᠯᠵᠦ ᠬᠤᠪᠢᠷᠠᠭᠰᠠᠨ ᠰᠢᠭ᠋ ᠪᠤᠯᠵᠦ᠂ ᠡᠵᠢ ᠠᠪᠤ ᠲᠠᠢ ᠪᠠᠨ ᠠᠮᠠ ᠵᠦᠷᠢᠯᠳᠦᠨ ᠬᠡᠷᠡᠯᠳᠦᠵᠦ ᠡᠭᠢᠯᠡᠳᠡᠭ᠃ ᠡᠨᠡ ᠪᠤᠯ ᠲᠡᠷᠰᠯᠡᠬᠦ ᠬᠤᠭᠤᠴᠠᠭᠠᠨ ᠤ ᠨᠢᠭᠡᠨ ᠶᠡᠷᠦᠳᠡ ᠶᠢᠨ ᠢᠯᠡᠷᠡᠯ ᠪᠤᠯᠤᠨ᠎ᠠ᠃ ᠵᠠᠷᠢᠮ ᠭᠡᠷ ᠤᠨ ᠠᠬᠠᠮᠠᠳ᠄ ︽ᠡᠨᠡ ᠬᠡᠤᠬᠡᠳ ᠢ ᠴᠢᠨᠢ ᠬᠠᠷᠢᠶᠠᠵᠦ ᠵᠤᠳᠤᠵᠦ ᠴᠤ ᠪᠤᠯᠬᠤ ᠦᠭᠡᠢ᠂ ᠠᠶ᠎ᠠ ᠪᠠᠷ ᠨᠢ ᠲᠠᠯᠪᠢᠵᠦ ᠴᠤ ᠪᠤᠯᠬᠤ ᠦᠭᠡᠢ᠂ ᠬᠡᠯᠡᠵᠦ ᠰᠤᠷᠭᠠᠭᠠᠳ ᠨᠡᠩ ᠴᠤ ᠰᠤᠨᠤᠰᠬᠤ ᠦᠭᠡᠢ᠂ ᠶᠠᠭᠠᠬᠢᠯᠲᠡᠢ ᠴᠤ ᠪᠢᠯᠡ ᠳ᠋ᠧ︖︾ ᠭᠡᠵᠦ ᠠᠷᠭ᠎ᠠ ᠪᠠᠨ ᠪᠠᠷᠠᠳᠠᠭ᠃ ᠦᠨᠡᠨᠳᠡᠭᠡᠨ ᠭᠡᠷ ᠤᠨ ᠠᠬᠠᠮᠠᠳ ᠪᠤᠯᠤᠭᠰᠠᠳ ᠬᠡᠤᠬᠡᠳ ᠤᠨ ︽ᠲᠡᠷᠰᠯᠡᠬᠦ︾ ᠠᠰᠠᠭᠤᠳᠠᠯ ᠳᠤ ᠬᠡᠳᠦ ᠶᠡᠭᠡ ᠰᠠᠨᠠᠭᠠᠰᠢᠷᠠᠬᠤ ᠴᠢᠬᠤᠯᠠ ᠦᠭᠡᠢ ᠶᠤᠮ᠂ ᠬᠠᠷᠢᠨ ᠬᠡᠤᠬᠡᠳ ᠤᠨ ᠢᠶᠠᠨ ᠰᠡᠳᠬᠢᠯ ᠳᠡᠭᠡᠨ ᠶᠠᠭᠤ ᠪᠤᠳᠤᠵᠦ᠂ ᠶᠠᠭᠤ ᠶᠢ ᠬᠦᠰᠡᠵᠦ ᠪᠠᠶᠢᠬᠤ ᠶᠢ ᠤᠢᠢᠯᠠᠭᠠᠬᠤ ᠨᠢ ᠶᠠᠭᠤᠨ ᠠᠴᠠ ᠴᠤ ᠴᠢᠬᠤᠯᠠ ᠶᠤᠮ᠃ ᠲᠠᠷᠤᠢ ᠡᠨᠡ ᠪᠤᠯ ᠭᠡᠷ ᠤᠨ ᠠᠬᠠᠮᠠᠳ ᠤᠨ ᠬᠡᠤᠬᠡᠳ ᠲᠠᠢ ᠪᠠᠨ ᠵᠦᠪ ᠬᠠᠷᠢᠴᠠᠬᠤ ᠠᠷᠭ᠎ᠠ ᠶᠢᠨ ᠰᠢᠯᠭᠠᠯᠲᠠ ᠮᠦᠨ᠃ ᠲᠤᠤᠷ᠎ᠠ ᠬᠡᠤᠭᠡᠳ ᠤᠨ ᠨᠢᠭᠡ ᠨᠠᠰᠦᠨ ᠳᠤ ᠡᠷᠭᠡᠪᠰᠢ ᠲᠤᠬᠢᠶᠠᠯᠳᠤᠬᠤ 3 ᠲᠡᠷᠰᠯᠡᠬᠦ ᠬᠤᠭᠤᠴᠠᠭ᠎ᠠ ᠵᠢᠴᠢ ᠬᠡᠷᠭᠢᠨ ᠰᠢᠢᠳᠪᠦᠷᠢᠯᠡᠬᠦ ᠠᠷᠭ᠎ᠠ ᠶᠢᠨ ᠲᠤᠬᠠᠢ ᠲᠦᠭᠦᠮᠭᠡᠨ ᠲᠠᠨᠢᠯᠴᠠᠭᠤᠯᠤᠶ᠎ᠠ᠃ ᠨᠢᠭᠡᠳᠦᠭᠡᠷ ᠲᠡᠷᠰᠯᠡᠬᠦ ᠬᠤᠭᠤᠴᠠᠭ᠎ᠠ ︵2-3 ᠨᠠᠰᠦ︶
ᠬᠡᠤᠬᠡᠳ ᠤᠨ ᠨᠢᠭᠡᠳᠦᠭᠡᠷ ᠲᠡᠷᠰᠯᠡᠬᠦ ᠬᠤᠭᠤᠴᠠᠭ᠎ᠠ ᠪᠤᠯ 2-3 ᠨᠠᠰᠤᠨ ᠤ ᠬᠤᠭᠤᠷᠤᠨᠳᠦ ᠪᠠᠶᠢᠳᠠᠭ᠃ ᠬᠡᠤᠬᠡᠳ 2 ᠨᠠᠰᠤᠨ ᠠᠴᠠ ᠡᠮᠦᠨ᠎ᠡ ᠶᠡᠷᠦᠳᠡᠭᠡᠨ ᠲᠤᠮᠤᠴᠤᠤᠯ ᠤᠨ ᠦᠭᠡ ᠶᠢ ᠰᠤᠨᠤᠰᠲᠠᠭ ᠬᠦᠭᠡᠷᠦᠭᠦᠨ ᠬᠡᠤᠭᠡᠳ ᠪᠠᠶᠢᠭᠰᠠᠨ ᠪᠤᠯ᠂ 2 ᠨᠠᠰᠤ ᠬᠦᠷᠦᠭᠰᠡᠨ ᠤ ᠲᠠᠷᠠᠭ᠎ᠠ ᠬᠠᠷᠢᠨ ᠭᠡᠷ ᠤᠨ ᠠᠬᠠᠮᠠᠳ ᠲᠠᠢ ᠪᠠᠨ ᠡᠰᠡᠷᠭᠦᠴᠡᠯᠳᠦᠵᠦ᠂ ᠶᠠᠭᠤ ᠶᠢ ᠬᠢᠯᠭᠡᠬᠦ ᠬᠡᠪᠡᠯ ᠶᠠᠭᠤ ᠶᠢ ᠨᠢ ᠵᠠᠪᠠᠯ ᠬᠢᠬᠦ ᠦᠭᠡᠢ ᠭᠡᠵᠦ ᠵᠦᠷᠢᠭᠦᠯᠡᠵᠦ᠂ ᠦᠪᠡᠷ ᠤᠨ ᠭᠡᠰᠡᠨ ᠤᠯᠠᠨ ᠦᠵᠡᠯᠲᠡ ᠪᠤᠳᠤᠯ ᠲᠠᠢ ᠪᠤᠯᠵᠦ᠂ ᠠᠷᠭ᠎ᠠ ᠪᠦᠬᠦᠨ ᠢ ᠰᠡᠳᠦᠵᠦ ᠦᠪᠡᠷ ᠤᠨ ᠰᠠᠨᠠᠭ᠎ᠠ ᠪᠠᠨ ᠪᠡᠶᠡᠯᠡᠭᠦᠯᠳᠡᠭ᠃ ᠲᠡᠷᠡᠴᠢᠯᠡᠨ ᠪᠠᠭ᠎ᠠ ᠤᠴᠢᠷ ᠲᠡᠭᠡᠷ᠎ᠡ ᠴᠤ ᠶᠡᠭᠡᠪᠡᠷ ᠠᠭᠤᠷᠯᠠᠵᠦ ᠤᠬᠢᠯᠠᠬᠤ ᠵᠡᠷᠭᠡ ᠢᠯᠡᠷᠡᠯ ᠭᠠᠷᠳᠠᠭ᠃ ᠨᠢᠭᠡ ᠵᠢᠯ ᠤᠨ ᠬᠤᠭᠤᠴᠠᠭ᠎ᠠ ᠶᠢ ᠦᠡᠭᠭᠡᠷᠡᠭᠦᠯᠦᠭᠡᠳ᠂ ᠲᠡᠷᠰᠯᠡᠬᠦ ᠢᠯᠡᠷᠡᠯ ᠨᠢ 3 ᠨᠠᠰᠦ ᠬᠦᠷᠬᠦ ᠳᠤ ᠤᠷᠬᠢᠯ ᠳᠠᠭᠠᠨ ᠲᠤᠯᠳᠠᠭ ᠬᠤᠶᠠᠷ ᠭᠤᠷᠪᠠᠨ ᠨᠠᠰᠤᠨ ᠤ ᠬᠡᠤᠬᠡᠳ ᠦᠭᠡ ᠰᠤᠨᠤᠰᠬᠤ ᠦᠭᠡᠢ᠂ ᠬᠠᠮᠢᠶᠠᠷᠬᠤ ᠳᠤ ᠬᠦᠴᠢᠷ ᠤᠴᠢᠷ ᠲᠤ ᠤᠯᠠᠩᠭᠢ ᠭᠡᠷ ᠤᠨ ᠠᠬᠠᠮᠠᠳ ᠶᠠᠭᠠᠬᠢᠬᠤ ᠪᠠᠨ ᠮᠡᠳᠡᠬᠦ ᠦᠭᠡᠢ ᠪᠤᠯᠵᠦ᠂ ᠬᠦᠡᠭᠭᠡᠨ ᠳᠡᠭᠡᠨ ᠵᠢᠮᠡᠯᠡᠨ ᠰᠤᠷᠭᠠᠵᠦ᠂ ᠠᠬᠠᠳᠠᠪᠠᠯ ᠵᠤᠳᠤᠳᠠᠭ᠃ ᠦᠨᠡᠨᠳᠡᠭᠡᠨ 2ᠨᠠᠰᠦ ᠪᠤᠯ ᠨᠢᠭᠡᠨ ᠡᠷᠭᠢᠯᠲᠡ ᠶᠢᠨ ᠦᠶ᠎ᠡ ᠪᠠᠶᠢᠵᠦ᠂ ᠲᠡᠷᠰᠯᠡᠵᠦ ᠪᠠᠶᠢᠭ᠎ᠠ ᠨᠢ ᠮᠦᠨᠴᠦ ᠬᠡᠤᠬᠡᠳ ᠤᠨ ᠦᠰᠦᠨ ᠪᠤᠶᠢᠵᠢᠯᠲᠠ ᠶᠢᠨ ᠤᠨᠴᠠᠭᠠᠢ ᠢᠯᠡᠷᠡᠯ ᠪᠠᠶᠢᠵᠦ᠂ ᠬᠡᠤᠬᠡᠳ ᠲᠤ ᠦᠪᠡᠷ ᠤᠨ ᠬᠡᠰᠡᠨ ᠦᠵᠡᠯᠲᠡ ᠪᠤᠳᠤᠯ ᠪᠠ ᠪᠡᠶ᠎ᠡ ᠪᠠᠨ ᠲᠠᠭᠠᠭᠠᠬᠤ ᠤᠬᠠᠮᠰᠠᠷ ᠪᠤᠢ ᠪᠤᠯᠵᠦ ᠪᠠᠶᠢᠭ᠎ᠠ ᠶᠤᠮ᠃ ᠡᠶᠢᠮᠦ ᠠᠴᠠ ᠭᠡᠷ ᠤᠨ ᠠᠬᠠᠮᠠᠳ ᠡᠷᠭᠡᠪᠰᠢ ᠲᠡᠰᠪᠦᠷᠢ ᠲᠡᠪᠴᠢᠶᠡᠷᠢ ᠲᠠᠢ ᠪᠠᠶᠢᠬᠤ ᠬᠡᠷᠡᠭᠲᠡᠢ᠃
● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖
1. ᠬᠡᠤᠬᠡᠳ ᠢ ᠬᠡᠳᠦ ᠡᠷᠭᠡᠯᠡᠭᠦᠯᠵᠦ ᠪᠤᠯᠬᠤ ᠦᠭᠡᠢ ᠬᠡᠤᠬᠡᠳ ᠦᠪᠡᠷ ᠤᠨ ᠬᠢᠨᠢ ᠶᠠᠮᠠᠷ ᠨᠢᠭᠡᠨ ᠱᠠᠭᠠᠷᠳᠠᠯᠭ᠎ᠠ ᠪᠤᠶᠤ ᠬᠦᠰᠡᠯ ᠨᠢ ᠪᠡᠶᠡᠯᠡᠭᠳᠡᠵᠦ ᠲᠡᠶᠢᠯᠦᠭᠰᠡᠨ ᠦᠭᠡᠢ ᠠᠴᠠ ᠪᠤᠯᠵᠦ ᠤᠬᠢᠯᠡᠵᠦ ᠪᠠᠷᠬᠢᠷᠠᠪᠠᠯ᠂ ᠭᠡᠷ ᠤᠨ ᠠᠬᠠᠮᠠᠳ ᠰᠡᠳᠬᠢᠯ ᠵᠦᠭᠡᠯᠡᠷᠡᠨ ᠠᠶᠠᠳᠠᠨ ᠳᠠᠭᠠᠵᠤ ᠪᠤᠯᠬᠤ ᠦᠭᠡᠢ᠂ ᠬᠠᠷᠢᠨ ᠦᠪᠡᠷ ᠤᠨ ᠵᠤᠭᠰᠤᠴᠠ ᠪᠠᠨ ᠪᠠᠲᠦ ᠪᠠᠷᠢᠮᠲᠠᠯᠠᠵᠦ᠂ ᠬᠡᠤᠬᠡᠳ ᠢᠶᠠᠨ ᠬᠡᠳᠦ ᠡᠷᠭᠡᠯᠡᠭᠦᠯᠵᠦ ᠪᠤᠯᠬᠤ ᠦᠭᠡᠢ᠃ ᠤᠴᠢᠷ ᠨᠢ ᠬᠡᠤᠬᠡᠳ ᠤᠬᠢᠯᠠᠵᠦ ᠠᠭᠠᠰᠢᠯᠠᠬᠤ ᠨᠢ ᠦᠪᠡᠷ ᠤᠨ ᠰᠠᠨᠠᠭ᠎ᠠ ᠵᠤᠷᠢᠯᠲᠠ ᠳᠤ ᠬᠦᠷᠴᠦ ᠪᠤᠯᠬᠤ ᠶᠢ ᠮᠡᠳᠡᠮᠡᠭᠴᠡ ᠡᠭᠦᠪᠡᠷ ᠡᠵᠢ ᠠᠪᠤ ᠪᠠᠨ ᠰᠦᠷᠳᠡᠭᠦᠯᠬᠦ ᠠᠷᠭ᠎ᠠ ᠠᠪᠴᠠᠯ ᠢᠶᠠᠨ ᠪᠤᠯᠭᠠᠳᠠᠭ᠃
2. ᠬᠡᠤᠬᠡᠳ ᠤᠨ ᠤᠷᠮ᠎ᠠ ᠰᠡᠳᠬᠢᠯᠭᠡ ᠪᠠᠨ ᠵᠦᠪ ᠢᠶᠠᠷ ᠢᠯᠡᠳᠭᠡᠬᠦ ᠶᠢ ᠵᠤᠷᠢᠭᠵᠢᠭᠤᠯᠤᠨ᠎ᠠ ᠬᠡᠤᠬᠡᠳ ᠤᠨ 3 ᠨᠠᠰᠦ ᠪᠤᠯ ᠶᠠᠭ ᠰᠠᠶᠢᠬᠠᠨ ᠪᠡᠶ᠎ᠡ ᠪᠠᠨ ᠲᠠᠭᠠᠭᠠᠬᠤ ᠶᠢᠨ ᠡᠭᠢᠯᠡᠯᠲᠡ ᠪᠠᠶᠢᠵᠦ᠂ ᠬᠡᠤᠬᠡᠳ ᠡᠨᠡᠬᠦ ᠠᠯᠬᠤᠮ ᠢ ᠠᠯᠬᠤᠬᠤ ᠳᠤ ᠰᠡᠳᠬᠢᠴᠡ ᠶᠢᠨ ᠲᠠᠯ᠎ᠠ ᠳᠤ ᠵᠦᠷᠢᠴᠡᠯ ᠮᠦᠷᠭᠦᠯᠳᠦᠭᠡᠨ ᠲᠠᠢ ᠪᠠᠶᠢᠵᠦ᠂ ᠠᠮᠠᠷᠬᠠᠨ ᠠᠭᠤᠷᠯᠠᠵᠦ ᠪᠠᠴᠢᠮᠳᠠᠬᠤ᠂ ᠡᠵᠢ ᠠᠪᠤ ᠳᠠᠭᠠᠨ ᠦᠭᠡ ᠶᠠᠷᠢᠶᠠᠨ ᠤ ᠲᠠᠭᠠᠷᠢᠯᠲᠠ ᠶᠠᠪᠤᠭᠤᠯᠬᠤ᠂ ᠵᠢᠱᠢᠶᠡᠯᠡᠪᠡᠯ ︽ᠡᠵᠢ ᠮᠠᠭᠤ ᠬᠦᠮᠦᠨ︾ ᠭᠡᠬᠦ᠂ ᠲᠡᠷᠡᠴᠢᠯᠡᠨ ᠲᠤᠭᠯᠠᠭᠠᠮ ᠢᠶᠠᠨ ᠰᠢᠳᠡᠬᠦ᠂ ᠬᠦᠮᠦᠨ ᠢ ᠬᠠᠵᠠᠬᠤ᠂ ᠵᠤᠳᠤᠬᠤ ᠵᠡᠷᠭᠡ ᠢᠯᠡᠷᠡᠯ ᠭᠠᠷᠳᠠᠭ᠃ ᠬᠡᠷ ᠤᠨ ᠠᠬᠠᠮᠠᠳ ᠤᠷᠢᠳᠠᠪᠠᠷ ᠦᠪᠡᠷ ᠤᠨ ᠠᠭᠤᠷ ᠢᠶᠠᠨ ᠲᠠᠷᠤᠵᠦ᠂ ᠲᠠᠷᠠᠭ᠎ᠠ ᠨᠢ ᠬᠡᠤᠬᠡᠳ ᠢᠶᠠᠨ ᠲᠠᠶᠢᠪᠤᠷᠢᠰᠢᠭᠤᠯᠵᠦ᠂ ᠬᠡᠤᠬᠡᠳ ᠤᠨ ᠤᠷᠮ᠎ᠠ ᠰᠡᠳᠬᠢᠯᠭᠡ ᠪᠠᠨ ᠵᠦᠪ ᠢᠶᠠᠷ ᠢᠯᠡᠳᠭᠡᠬᠦ ᠶᠢ ᠵᠤᠷᠢᠭᠵᠢᠭᠤᠯᠵᠦ᠂ ᠬᠡᠤᠬᠡᠳ ᠲᠤ ᠠᠭᠤᠷᠯᠠᠬᠤ᠂ ᠵᠤᠪᠠᠭ᠋ᠤ᠂ ᠪᠠᠶᠠᠷᠯᠠᠬᠤ ᠵᠡᠷᠭᠡ ᠨᠢ ᠶᠠᠮᠠᠷ ᠤᠷᠮ᠎ᠠ ᠰᠡᠳᠬᠢᠯᠭᠡ ᠪᠤᠯᠬᠤ ᠶᠢ ᠮᠡᠳᠡᠭᠦᠯᠦᠨ᠎ᠡ᠃ ᠬᠡᠤᠬᠡᠳ ᠠᠭᠤᠷᠯᠠᠬᠤ ᠦᠶᠡᠰ ︽ᠪᠢ ᠠᠭᠤᠷᠯᠠᠯ᠎ᠠ ᠰᠢᠦ︕︾ ᠭᠡᠵᠦ ᠬᠡᠯᠡᠬᠦ ᠠᠴᠠ ᠪᠢᠰᠢ᠂ ᠬᠠᠷᠢᠨ ᠬᠦᠴᠦ ᠪᠠᠷ ᠪᠤᠶᠤ ᠦᠭᠡᠷ᠎ᠡ ᠪᠤᠯᠪᠠᠰᠤᠨ ᠪᠤᠰᠤ ᠦᠭᠡ ᠶᠠᠷᠢᠶ᠎ᠠ ᠪᠠᠷ ᠢᠯᠡᠳᠭᠡᠵᠦ ᠪᠤᠯᠬᠤ ᠦᠭᠡᠢ ᠭᠡᠳᠡᠭ ᠢ ᠲᠠᠨᠢᠭᠤᠯᠬᠤ ᠬᠡᠷᠡᠭᠲᠡᠢ᠃
3. ᠬᠡᠤᠬᠡᠳ ᠤᠨ ᠪᠡᠶ᠎ᠡ ᠪᠠᠨ ᠲᠠᠭᠠᠭᠠᠬᠤ ᠶᠢ ᠵᠤᠷᠢᠭᠵᠢᠭᠤᠯᠤᠨ᠎ᠠ 2 ᠨᠠᠰᠤᠲᠠᠢ ᠬᠡᠤᠬᠡᠳ ᠨᠢᠭᠡᠨᠲᠡ ᠠᠭᠠᠵᠢᠮ ᠢᠶᠠᠷ ᠦᠪᠡᠷ ᠪᠢ ᠶᠢᠨ ᠤᠬᠠᠮᠰᠠᠷ ᠲᠠᠢ ᠪᠤᠯᠵᠦ᠂ ᠦᠪᠡᠷ ᠤᠨ ᠰᠠᠨᠠᠭ᠎ᠠ ᠪᠠᠷ ᠢᠶᠠᠨ ᠶᠠᠪᠤᠬᠤ ᠲᠤᠷᠠᠲᠠᠢ ᠪᠠᠶᠢᠳᠠᠭ᠃ ᠡᠵᠢ ᠠᠪᠤ ᠪᠤᠯᠤᠭᠰᠠᠳ ᠪᠦᠷᠢᠮᠦᠰᠦᠨ ᠦᠪᠡᠷ ᠤᠨ ᠪᠤᠳᠤᠯ ᠢᠶᠠᠷ ᠬᠡᠤᠬᠡᠳ ᠢᠶᠠᠨ ᠠᠯᠪᠠᠳᠠᠨ ᠱᠠᠭᠠᠷᠳᠠᠵᠦ ᠪᠤᠯᠬᠤ ᠦᠭᠡᠢ᠂ ᠬᠠᠷᠢᠨ ᠵᠤᠬᠢᠬᠤ ᠬᠡᠮᠵᠢᠶᠡᠨ ᠳᠤ ᠬᠡᠤᠬᠡᠳ ᠤᠨ ᠢᠶᠠᠨ ᠦᠪᠡᠰᠦᠪᠠᠨ ᠰᠢᠢᠳᠪᠦᠷᠢ ᠭᠠᠷᠭᠠᠨ᠂ ᠭᠠᠷ ᠬᠦᠳᠡᠯᠵᠦ ᠬᠢᠬᠦ ᠶᠢ ᠵᠤᠷᠢᠭᠵᠢᠭᠤᠯᠤᠨ᠎ᠠ᠃ ᠵᠢᠱᠢᠶᠡᠯᠡᠪᠡᠯ ᠬᠡᠦᠬᠡᠳ ᠡᠮᠦᠰᠬᠦ ᠳᠤᠷᠠᠲᠠᠢ ᠬᠤᠪᠴᠠᠰᠦ ᠪᠠᠨ ᠰᠤᠩᠭᠤᠵᠦ ᠡᠮᠦᠰᠬᠦ ᠵᠡᠷᠭᠡ
ᠬᠤᠶᠠᠳᠤᠭᠠᠷ ᠲᠡᠷᠰᠯᠡᠬᠦ ᠬᠤᠭᠤᠴᠠᠭ᠎ᠠ ︵7-9 ᠨᠠᠰᠦ︶
ᠮᠠᠰᠢ ᠴᠢᠩᠭ᠎ᠠ ᠲᠡᠷᠰᠯᠡᠬᠦ ᠰᠡᠳᠬᠢᠴᠡ ᠲᠠᠢ ᠪᠠᠶᠢᠬᠤ ᠪᠤᠯ ᠡᠨᠡᠬᠦ ᠱᠠᠲᠦ ᠦᠶ᠎ᠡ ᠶᠢᠨ ᠬᠡᠤᠬᠡᠳ ᠲᠤ ᠦᠷᠭᠦᠯᠵᠢ ᠲᠤᠬᠢᠶᠠᠯᠳᠤᠳᠠᠭ ᠦᠵᠡᠭᠳᠡᠯ ᠪᠠᠶᠢᠵᠦ᠂ ᠡᠷᠲᠡ ᠪᠤᠰᠬᠤ ᠲᠤᠷ᠎ᠠ ᠦᠭᠡᠢ᠂ ᠭᠡᠷ ᠢᠶᠠᠨ ᠲᠢᠭᠯᠡᠬᠦ ᠦᠭᠡᠢ᠂ ᠬᠤᠭᠤᠯᠠ ᠭᠤᠯᠤᠬᠤ᠂ ᠲᠠᠰᠬᠠᠯ ᠢᠶᠠᠨ ᠬᠢᠬᠦ ᠦᠭᠡᠢ᠂ ᠲᠧᠯᠸᠢᠰ ᠦᠵᠡᠬᠦ ᠳᠤ ᠰᠢᠨᠤᠬᠠᠢᠢᠷᠠᠬᠤ᠂ ᠰᠤᠷᠬᠤ ᠠᠴᠠ ᠬᠠᠯᠠᠰᠢᠷᠠᠬᠤ᠂ ᠡᠵᠢ ᠠᠪᠤ ᠲᠠᠢ ᠪᠠᠨ ᠵᠦᠷᠢᠭᠦᠳᠯᠡᠬᠦ ᠵᠡᠷᠭᠡ ᠦᠵᠡᠭᠳᠡᠯ ᠵᠦᠡᠭᠳᠡᠭᠡᠨ ᠲᠤᠬᠢᠶᠠᠯᠳᠤᠳᠠᠭ᠃ ᠡᠨᠡ ᠪᠤᠯ ᠲᠡᠳᠡ ᠰᠤᠷᠭᠠᠭᠤᠯᠢ ᠳᠤ ᠤᠷᠤᠵᠦ ᠤᠯᠠᠨ ᠮᠡᠳᠡᠯᠭᠡ ᠡᠵᠡᠮᠰᠢᠭᠰᠡᠨ ᠤ ᠲᠠᠷᠠᠭ᠎ᠠ ᠮᠠᠰᠢ ᠴᠢᠩᠭ᠎ᠠ ᠪᠡᠶ᠎ᠡ ᠪᠠᠨ ᠲᠠᠭᠠᠭᠠᠬᠤ ᠶᠢᠨ ᠦᠵᠡᠯ ᠤᠬᠠᠮᠰᠠᠷ ᠲᠠᠢ ᠪᠤᠯᠵᠦ᠂ ᠦᠪᠡᠷ ᠢ ᠪᠠᠨ ︽ᠪᠢ ᠲᠤᠮᠦ ᠬᠦᠮᠦᠨ ᠪᠤᠯᠴᠢᠬᠠᠵᠠᠢ᠂ ᠬᠡᠤᠬᠡᠳ ᠪᠢᠰᠢ ᠡ︕︾ ᠭᠡᠵᠦ ᠦᠵᠡᠵᠦ᠂ ᠡᠵᠢ ᠠᠪᠤ ᠶᠢᠨ ᠢᠶᠠᠨ ᠬᠠᠮᠢᠶᠠᠷᠤᠯᠲᠠ ᠠᠴᠠ ᠮᠤᠯᠲᠤᠷᠠᠬᠤ ᠶᠢ ᠶᠠᠭᠠᠷᠠᠵᠦ᠂ ᠦᠷᠭᠦᠯᠵᠢ ᠡᠵᠢ ᠠᠪᠤ ᠲᠠᠢ ᠪᠠᠨ ᠡᠰᠡᠷᠭᠦᠴᠡᠯᠳᠦᠳᠡᠭ᠃ ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖
1. ᠬᠡᠤᠬᠡᠳ ᠲᠤ ᠵᠤᠬᠢᠰᠲᠠᠢ ᠤᠷᠤᠨ ᠵᠠᠢ ᠪᠠ ᠡᠷᠭᠡ ᠴᠢᠯᠦᠭᠡ ᠤᠯᠭᠤᠨ᠎ᠠ 7-9 ᠨᠠᠰᠦ ᠪᠤᠯ ᠬᠡᠤᠬᠡᠳ ᠤᠨ ᠨᠠᠭᠠᠳᠴᠦ ᠲᠤᠭᠯᠠᠬᠤ ᠲᠤᠷᠠᠲᠠᠢ ᠦᠶ᠎ᠡ ᠪᠠᠶᠢᠵᠦ᠂ ᠭᠡᠷ ᠤᠨ ᠠᠬᠠᠮᠠᠳ ᠬᠡᠷᠪᠡ ᠬᠡᠤᠬᠡᠳ ᠤᠨ ᠨᠠᠭᠠᠳᠬᠤ ᠶᠢ ᠬᠡᠲᠦᠷᠭᠡᠢ ᠬᠢᠵᠠᠭᠠᠷᠯᠠᠪᠠᠯ᠂ ᠬᠡᠤᠬᠡᠳ ᠲᠤ ᠬᠦᠯᠢᠶᠡᠰᠦᠯᠡᠭᠳᠡᠵᠦ ᠪᠠᠶᠢᠭ᠎ᠠ ᠪᠤᠳᠤᠯ ᠲᠦᠷᠦᠭᠳᠡᠵᠦ᠂ ᠡᠩ ᠲᠡᠷᠢᠭᠦᠨ ᠳᠤ ᠡᠵᠢ ᠠᠪᠤ ᠲᠠᠢ ᠪᠠᠨ ᠡᠰᠡᠷᠭᠦᠴᠡᠯᠳᠦᠵᠦ᠂ ︽ᠲᠠ ᠬᠡᠷᠪᠡ ᠨᠠᠮ᠎ᠠ ᠶᠢ ᠬᠢᠯᠭᠡᠬᠦ ᠦᠭᠡᠢ ᠭᠡᠪᠡᠯ ᠪᠢ ᠵᠠᠪᠠᠯ ᠬᠢᠨ᠎ᠡ︾ ᠬᠡᠮᠡᠨ ᠵᠦᠷᠢᠭᠦᠳᠯᠡᠨ᠎ᠡ︔ ᠡᠰᠡᠪᠡᠯ ᠲᠤᠭᠤᠢ ᠲᠤᠮᠪᠤᠶᠢᠵᠦ᠂ ᠲᠤᠭᠤᠢ ᠪᠠᠷ ᠢᠶᠠᠨ ᠡᠵᠢ ᠠᠪᠤ ᠶᠢᠨ ᠢᠶᠠᠨ ᠡᠷᠭᠡ ᠰᠦᠷ ᠢ ᠲᠠᠷᠤᠬᠤ ᠭᠡᠵᠦ ᠤᠷᠤᠯᠳᠤᠨ᠎ᠠ᠃ ᠢᠡᠭᠭᠢᠬᠦ ᠨᠢ ᠡᠵᠢ ᠠᠪᠤ ᠪᠠ ᠬᠡᠤᠬᠡᠳ ᠤᠨ ᠬᠤᠭᠤᠷᠤᠨᠳᠤᠬᠢ ᠬᠠᠷᠢᠴᠠᠭ᠎ᠠ ᠶᠢ ᠤᠯᠠᠮ ᠮᠠᠭᠤᠳᠠᠭᠤᠯᠳᠠᠭ᠃ ᠡᠶᠢᠮᠦ ᠠᠴᠠ ᠡᠵᠢ ᠠᠪᠤ ᠪᠤᠯᠤᠭᠰᠠᠳ ᠬᠡᠤᠬᠡᠳ ᠲᠤ ᠵᠤᠬᠢᠰᠲᠠᠢ ᠤᠷᠤᠨ ᠵᠠᠢ ᠪᠠ ᠡᠷᠭᠡ ᠴᠢᠯᠦᠭᠡ ᠤᠯᠭᠤᠪᠠᠯ ᠵᠤᠬᠢᠨ᠎ᠠ᠃
2. ᠬᠡᠤᠬᠡᠳ ᠤᠨ ᠰᠤᠷᠤᠯᠴᠠᠬᠤ ᠤᠷᠮ᠎ᠠ ᠪᠠᠬ᠎ᠠ ᠶᠢ ᠬᠦᠮᠦᠵᠢᠭᠦᠯᠦᠨ᠎ᠡ ᠰᠤᠷᠤᠯᠴᠠᠬᠤ ᠤᠷᠮ᠎ᠠ ᠪᠠᠬ᠎ᠠ ᠶᠢ ᠬᠦᠭᠵᠢᠭᠡᠬᠦ ᠳᠤ ᠲᠡᠮ ᠬᠡᠷᠡᠭ ᠲᠠᠢ᠃ ᠵᠢᠱᠢᠶᠡᠯᠡᠪᠡᠯ᠂ ᠬᠡᠤᠬᠡᠳ ᠰᠤᠷᠤᠯᠴᠠᠬᠤ ᠬᠠᠯᠠᠭᠤᠨ ᠤᠷᠮᠠᠰ ᠦᠭᠡᠢ ᠦᠶᠡᠰ᠂ ᠭᠡᠷ ᠤᠨ ᠠᠬᠠᠮᠠᠳ ᠬᠡᠤᠬᠡᠳ ᠲᠠᠢ ᠪᠠᠨ ᠲᠡᠳᠡᠨ ᠤ ᠬᠤᠵᠢᠮ ᠢᠷᠡᠭᠡᠳᠦᠢ ᠶᠢᠨ ᠳᠤᠬᠠᠢ ᠶᠠᠷᠢᠯᠴᠠᠵᠦ᠂ ᠬᠦᠰᠡᠯ ᠡᠷᠡᠮᠡᠯᠵᠡᠯ ᠢᠶᠠᠷ ᠰᠤᠷᠤᠯᠴᠠᠬᠤ ᠲᠤᠷ᠎ᠠ ᠪᠠᠬ᠎ᠠ ᠶᠢ ᠨᠢ ᠬᠦᠭᠵᠢᠭᠡᠵᠦ ᠪᠤᠯᠤᠨ᠎ᠠ︔ ᠬᠡᠤᠬᠡᠳ ᠨᠤᠮ ᠤᠡᠭᠰᠢᠬᠤ ᠲᠤᠷ᠎ᠠ ᠦᠭᠡᠢ ᠪᠠᠶᠢᠪᠠᠯ᠂ ᠭᠡᠷ ᠤᠨ ᠠᠬᠠᠮᠠᠳ ᠪᠡᠶ᠎ᠡ ᠪᠠᠷ ᠢᠶᠠᠨ ᠲᠠᠭᠤᠷᠢᠶᠠᠯ ᠪᠤᠯᠬᠤ ᠠᠴᠠ ᠭᠠᠳᠠᠨ᠎ᠠ᠂ ᠬᠡᠤᠬᠡᠳ ᠢᠶᠠᠨ ᠦᠷᠭᠦᠯᠵᠢ ᠨᠤᠮ ᠤᠨ ᠲᠡᠯᠭᠡᠭᠦᠷ᠂ ᠨᠤᠮ ᠤᠨ ᠰᠠᠩ ᠵᠡᠷᠭᠡ ᠭᠠᠵᠠᠷ ᠢᠶᠠᠷ ᠠᠪᠠᠴᠢᠵᠦ ᠲᠤᠭᠤᠷᠢᠭᠤᠯᠤᠨᠠ︔ ᠬᠡᠤᠬᠡᠳ ᠰᠢᠯᠭᠠᠯᠲᠠ ᠳᠠᠭᠠᠨ ᠮᠠᠭᠤ ᠰᠢᠯᠭᠠᠴᠢᠬᠠᠪᠠᠯ᠂ ᠬᠡᠤᠬᠡᠳ ᠢᠶᠠᠨ ᠵᠢᠮᠡᠯᠡᠬᠦ ᠪᠢᠰᠢ ᠬᠠᠷᠢᠨ ᠲᠠᠶᠢᠳᠬᠤᠷᠠᠭᠤᠯᠤᠨ᠎ᠠ︔ ᠬᠡᠤᠬᠡᠳ ᠪᠠᠭ᠎ᠠ ᠴᠤ ᠬᠡᠰᠡᠨ ᠲᠠᠪᠰᠢᠯᠲᠠ ᠲᠠᠢ ᠪᠠᠶᠢᠪᠠᠯ ᠮᠠᠭᠲᠠᠨ ᠰᠠᠶᠢᠰᠢᠶᠠᠬᠤ ᠬᠡᠷᠡᠭᠲᠡᠢ᠃
3. ᠠᠷᠠᠳᠴᠢᠯᠠᠯ ᠢ ᠲᠡᠭᠡᠳᠦᠯᠡᠨᠡ 7-9 ᠨᠠᠰᠤᠨ ᠤ ᠬᠡᠤᠬᠡᠳ ᠨᠢᠭᠡᠨᠲᠡ ᠪᠡᠶ᠎ᠡ ᠪᠠᠨ ᠲᠠᠭᠠᠭᠠᠵᠦ ᠰᠡᠳᠬᠢᠨ ᠪᠤᠳᠤᠬᠤ ᠴᠢᠳᠠᠪᠤᠷᠢ ᠲᠠᠢ ᠪᠤᠯᠤᠭᠰᠠᠨ ᠠᠴᠠ᠂ ᠭᠡᠷ ᠤᠨ ᠠᠬᠠᠮᠠᠳ ᠡᠵᠡᠨ ᠮᠡᠳᠡᠬᠦ ᠡᠷᠭᠡ ᠶᠢ ᠠᠯᠭᠤᠷ ᠠᠯᠭᠤᠷ ᠢᠶᠠᠷ ᠬᠡᠤᠬᠡᠳ ᠲᠤ ᠲᠤᠰᠢᠶᠠᠵᠦ᠂ ᠬᠡᠷ ᠪᠦᠯᠢ ᠶᠢᠨ ᠤᠴᠢᠷ ᠡᠰᠡᠭᠦᠯ᠎ᠡ ᠬᠡᠤᠬᠡᠳ ᠤᠨ ᠤᠴᠢᠷ ᠲᠤ ᠢᠯᠡᠭᠦᠭᠡᠨ ᠬᠡᠦᠬᠡᠳ ᠲᠠᠢ ᠪᠠᠨ ᠰᠠᠨᠠᠯ ᠢᠶᠠᠨ ᠰᠤᠯᠢᠯᠴᠠᠵᠦ ᠵᠦᠪᠳᠡᠯᠴᠡᠨ᠎ᠡ᠃ ᠭᠤᠷᠪᠠᠳᠤᠭᠠᠷ ᠲᠡᠷᠰᠯᠡᠬᠦ ᠬᠤᠭᠤᠴᠠᠭ᠎ᠠ ︵12-15 ᠨᠠᠰᠦ︶ ᠵᠠᠯᠠᠭᠤ ᠨᠠᠰᠤᠨ ᠤ ᠦᠶ᠎ᠡ ᠡᠬᠢᠯᠡᠮᠡᠭᠴᠡ ᠬᠦᠦ ᠬᠡᠤᠬᠡᠨ ᠰᠤᠷᠤᠭᠴᠢ ᠬᠡᠰᠡᠨ ᠦᠭᠡᠢ᠂ ᠪᠤᠳᠤᠯ ᠰᠡᠳᠬᠢᠯ ᠪᠠ ᠦᠢᠯᠡ ᠠᠵᠢᠯᠯᠠᠭ᠎ᠠ ᠶᠢᠨ ᠲᠠᠯ᠎ᠠ ᠳᠤᠨᠢ ᠮᠠᠰᠢ ᠶᠡᠭᠡ ᠬᠤᠪᠢᠷᠠᠯᠲᠠ ᠭᠠᠷᠳᠠᠭ᠃ ᠡᠨᠡᠬᠦ ᠬᠤᠭᠤᠴᠠᠭᠠᠨ ᠳᠤ ᠲᠡᠳᠡ ᠡᠳᠡᠭᠡᠳ ᠵᠦᠷᠢᠭᠦᠦ ᠪᠠᠶᠢᠵᠦ᠂ ᠦᠪᠡᠷ ᠤᠨ ᠬᠢ ᠪᠠᠷ ᠲᠦᠪ ᠪᠤᠯᠭᠠᠵᠦ᠂ ᠠᠮᠠᠷᠬᠠᠨ ᠠᠭᠤᠷᠯᠠᠵᠦ᠂ ᠦᠭᠡ ᠰᠤᠨᠤᠰᠬᠤ ᠦᠭᠡᠢ ᠪᠤᠯᠳᠠᠭ᠃ ᠡᠨᠡ ᠨᠢ ᠬᠤᠷᠮᠤᠨ ᠠᠴᠠ ᠪᠤᠯᠤᠭᠰᠠᠨ ᠭᠡᠵᠦ ᠰᠢᠨᠵᠢᠯᠡᠬᠦ ᠤᠬᠠᠭᠠᠨᠳᠠᠳ ᠦᠵᠡᠵᠦ ᠪᠤᠢ᠃ ᠤᠶᠤᠨ ᠤᠬᠠᠭᠠᠨ ᠪᠠ ᠰᠢᠢᠳᠪᠦᠷᠢ ᠭᠠᠷᠭᠠᠬᠤ ᠶᠢ ᠡᠵᠡᠮᠳᠡᠵᠦ ᠪᠠᠶᠢᠭ᠎ᠠ ᠶᠡᠭᠡ ᠲᠡᠷᠢᠬᠢᠨ ᠤ ᠮᠠᠩᠨᠠᠢ ᠶᠢᠨ ᠬᠡᠯᠳᠡᠰ ᠨᠢ ᠶᠡᠷᠦᠳᠡᠭᠡᠨ 20 ᠠᠴᠠ 25 ᠨᠠᠰᠦ ᠬᠦᠷᠦᠭᠡᠳ ᠪᠤᠯᠪᠠᠰᠤᠷᠠᠳᠠᠭ᠃ ᠡᠶᠢᠮᠦ ᠠᠴᠠ ᠵᠠᠯᠠᠭᠤ ᠨᠠᠰᠤᠨ ᠤ ᠦᠶ᠎ᠡ ᠶᠢᠨ ᠬᠡᠤᠬᠡᠳ ᠤᠨ ᠤᠷᠮ᠎ᠠ ᠰᠡᠳᠬᠢᠯᠭᠡ ᠨᠢ ᠠᠮᠠᠷᠬᠠᠨ ᠬᠤᠷᠮᠤᠨ ᠤ ᠨᠦᠯᠦᠭᠡ ᠶᠢ ᠬᠦᠷᠳᠡᠵᠦ᠂ ᠴᠦᠯᠢᠰ ᠵᠠᠩ ᠲᠠᠢ ᠪᠤᠯᠳᠠᠭ᠃ ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖ ᠭᠡᠷ ᠤᠨ ᠠᠬᠠᠮᠠᠳ ᠬᠡᠷᠪᠠ ᠬᠡᠤᠬᠡᠳ ᠢᠶᠠᠨ ᠠᠯᠪᠠ ᠪᠠᠷ ᠬᠠᠮᠢᠶᠠᠷᠴᠦ ᠰᠤᠷᠭᠠᠪᠠᠯ᠂ ᠲᠦᠰᠦᠭᠡᠯᠡᠭᠰᠡᠨ ᠦᠷ᠎ᠡ ᠪᠦᠲᠦᠮᠵᠢ ᠳᠤ ᠬᠦᠷᠴᠦ ᠲᠡᠶᠢᠯᠬᠦ ᠦᠭᠡᠢ ᠮᠦᠷᠳᠡᠭᠡᠨ ᠬᠡᠤᠬᠡᠳ ᠤᠨ ᠲᠡᠷᠰᠯᠡᠬᠦ ᠰᠡᠳᠬᠢᠴᠡ ᠤᠯᠠᠮ ᠬᠡᠴᠡᠭᠦᠳᠡᠬᠦ ᠪᠤᠯᠤᠨ᠎ᠠ᠃ ᠡᠶᠢᠮᠦ ᠠᠴᠠ ᠭᠡᠷ ᠤᠨ ᠠᠬᠠᠮᠠᠳ ᠦᠪᠡᠷ ᠤᠨ ᠰᠡᠳᠬᠢᠯ ᠢᠶᠠᠨ ᠲᠠᠯᠪᠢᠭᠤᠨ ᠪᠠᠶᠢᠯᠭᠠᠵᠦ᠂ ᠲᠤᠳᠠᠭᠤ ᠰᠢᠭᠦᠮᠵᠢᠯᠡᠵᠦ᠂ ᠢᠯᠡᠭᠦᠭᠡᠨ ᠠᠭᠤᠴᠢᠯᠠᠵᠦ ᠪᠠᠭᠳᠠᠭᠠᠪᠠᠯ ᠵᠤᠬᠢᠨ᠎ᠠ᠃ ᠵᠠᠯᠠᠭᠤ ᠨᠠᠰᠤᠨ ᠤ ᠦᠶ᠎ᠡ ᠶᠢᠨ ᠬᠡᠤᠬᠡᠳ ᠲᠠᠢ ᠰᠠᠶᠢᠨ ᠰᠠᠶᠢᠬᠠᠨ ᠬᠠᠷᠢᠴᠠᠭ᠎ᠠ ᠪᠠᠶᠢᠭᠤᠯᠬᠤ ᠶᠢᠨ ᠬᠠᠮᠤᠭ ᠤᠨ ᠰᠠᠶᠢᠨ ᠠᠷᠭ᠎ᠠ ᠪᠤᠯ ᠡᠷᠭᠡ ᠲᠡᠭᠰᠢ ᠪᠠᠶᠢᠵᠦ᠂ ᠬᠡᠤᠬᠡᠳ ᠢᠶᠠᠨ ᠬᠦᠨᠳᠦᠳᠭᠡᠵᠦ᠂ ᠬᠡᠤᠬᠡᠳ ᠲᠠᠢ ᠪᠠᠨ ᠵᠦᠪ ᠢᠶᠠᠷ ᠬᠠᠷᠢᠴᠠᠬᠤ ᠶᠢ ᠪᠠᠲᠤᠯᠠᠬᠤ ᠶᠠᠪᠤᠳᠠᠯ ᠪᠤᠯᠤᠨ᠎ᠠ᠃ ᠬᠡᠤᠬᠡᠳ ᠲᠤ ᠵᠤᠬᠢᠬᠤ ᠤᠷᠤᠨ ᠵᠠᠢ ᠬᠠᠨᠭ᠍ᠭᠠᠵᠦ᠂ ᠬᠡᠲᠦᠷᠭᠡᠢ ᠶᠡᠭᠡᠪᠡᠷ ᠬᠠᠷᠰᠢᠯᠠᠵᠦ ᠪᠤᠯᠬᠤ ᠦᠭᠡᠢ᠃ ᠲᠡᠷᠰᠯᠡᠬᠦ ᠪᠤᠯ ᠬᠡᠤᠬᠡᠳ ᠤᠨ ᠪᠤᠷᠤᠭᠤ ᠪᠢᠰᠢ ᠭᠡᠳᠡᠭ ᠢ ᠬᠡᠷ ᠤᠨ ᠠᠬᠠᠮᠠᠳ ᠵᠠᠪᠠᠯ ᠮᠡᠳᠡᠬᠦ ᠴᠢᠬᠤᠯᠠᠲᠠᠢ ᠶᠤᠮ᠃ ᠬᠡᠤᠬᠡᠳ ᠤᠨ ᠲᠡᠷᠰᠯᠡᠬᠦ ᠶᠢ ᠰᠢᠢᠳᠪᠦᠷᠢᠯᠡᠬᠦ ᠶᠢᠨ ᠬᠠᠮᠤᠭ ᠤᠨ ᠵᠠᠩᠭᠢᠯᠠᠭ᠎ᠠ ᠨᠢ ᠬᠡᠷ ᠤᠨ ᠠᠬᠠᠮᠠᠳ ᠤᠨ ᠰᠤᠷᠭᠠᠬᠤ ᠠᠷᠭ᠎ᠠ ᠳᠤ ᠪᠤᠢ︔ ᠬᠡᠤᠬᠡᠳ ᠤᠷᠪᠠᠨ ᠲᠡᠷᠰᠯᠡᠪᠡᠯ᠂ ᠭᠡᠷ ᠤᠨ ᠠᠬᠠᠮᠠᠳ ᠴᠢᠳᠠᠬᠤ ᠶᠢᠨ ᠲᠤᠲᠤᠷ᠎ᠠ ᠵᠤᠳᠤᠬᠤ ᠦᠭᠡᠢ ᠬᠠᠷᠢᠶᠠᠬᠤ ᠦᠭᠡᠢ ᠪᠠᠶᠢᠬᠤ ᠶᠢ ᠬᠢᠵᠦ ᠲᠡᠶᠢᠯᠦᠭᠰᠡᠨ ᠪᠠᠶᠢᠪᠠᠯ ᠵᠤᠬᠢᠨ᠎ᠠ᠃