 

ᠭᠤᠸ᠎ᠠ     ᠬᠠᠭᠠᠰᠬᠠᠨ ᠵᠢᠯ ᠳᠤ 300 ᠲᠦᠮᠡᠨ ᠲᠦᠬᠦᠷᠢᠭ ᠤᠨ ᠴᠡᠪᠡᠷ ᠤᠷᠤᠯᠭ᠎ᠠ ᠣᠯᠪᠠ

2019-05-14 10:35
  468
  0
     ᠲᠠᠬᠢᠨ ᠲᠠᠪᠳᠠᠨ ᠲᠤᠷᠰᠢᠬᠤ ᠪᠠᠷ ᠲᠠᠮᠵᠢᠵᠦ᠂ ᠮᠤᠩᠭᠤᠯ ᠤᠯᠠᠮᠵᠢᠯᠠᠯᠳᠤ ᠡᠬᠡᠳᠡᠭᠰᠡᠡ ᠰᠦ ᠪᠠ ᠲᠦᠮᠦᠰᠦᠨ ᠭᠤᠯᠢᠷ ᠢᠶᠠᠷ ᠪᠤᠤᠪᠤ ᠬᠢᠬᠦ 2 ᠲᠤᠰᠬᠠᠢ ᠠᠰᠢᠬ ᠤᠨ ᠡᠷᠬᠡ ᠶᠢ ᠡᠬᠦᠳᠴᠤ᠂ ᠮᠤᠩᠭᠤᠯ ᠪᠦᠰᠡᠬᠦᠢ ᠠᠵᠤ ᠠᠬᠤᠢᠢᠯᠠᠯᠳᠠᠨ ᠭᠤᠸ᠎ᠠ 2018 ᠤᠨ ᠤ ᠳᠤᠤᠷ᠎ᠠ ᠬᠠᠭᠠᠰ ᠵᠢᠯ ᠳᠤ᠂ ᠨᠡᠶᠢᠳᠡ 240 ᠲᠦᠮᠡᠨ ᠵᠢᠩ ᠤᠨ ᠲᠦᠮᠤᠰᠤ ᠪᠠᠷ 1000 ᠲᠦᠮᠠ ᠭᠠᠷᠤᠢ ᠬᠡᠰᠡᠭ ᠲᠦᠮᠤᠰᠤᠨ ᠪᠤᠤᠪᠤ ᠦᠢᠯᠡᠳᠪᠤᠷᠢᠯᠡᠨ ᠪᠤᠷᠤᠯᠠᠭᠤᠯᠵᠦ᠂ 300 ᠰᠢᠬᠠᠮ ᠳᠦᠮᠡᠨ ᠲᠦᠭᠦᠷᠢᠭ ᠤᠨ ᠴᠡᠪᠡᠷ ᠤᠷᠤᠯᠭ᠎ᠠ ᠤᠯᠤᠭᠰᠠᠨ ᠪᠠᠶᠢᠨ᠎ᠠ᠃ ᠰᠤᠷᠪᠤᠯᠵᠢᠯᠠᠭᠴᠢ ᠤᠯᠠᠭᠠᠨᠴᠠᠪ ᠬᠤᠳᠠ ᠳᠤ ᠭᠤᠸ᠎ᠠ ᠶᠢ ᠰᠤᠷᠪᠤᠯᠵᠢᠯᠠᠬᠤ ᠳᠤ᠂ ᠲᠡᠷᠡ᠄ ᠮᠠᠨ ᠤ ᠬᠢᠭᠰᠡᠨ ᠲᠦᠮᠤᠰᠤᠨ ᠪᠤᠤᠪᠤ ᠨᠢ ᠮᠤᠩᠭᠤᠯ ᠦᠨᠳᠤᠰᠤᠳᠠᠨ ᠤ ᠡᠬᠡᠳᠡᠭᠰᠡᠡ ᠰᠦ ᠪᠠᠷ ᠪᠤᠤᠪᠤ ᠬᠢᠬᠦ ᠤᠯᠠᠮᠵᠢᠯᠠᠯᠳᠤ ᠮᠡᠷᠬᠡᠰᠢᠯ ᠪᠠ ᠨᠠᠶᠢᠷᠠᠯᠭ᠎ᠠ ᠶᠢ ᠤᠯᠠᠮᠵᠢᠯᠠᠨ ᠰᠢᠯᠢᠳᠡᠭᠵᠢᠬᠦᠯᠵᠤ᠂ ᠴᠤᠯ ᠲᠦᠮᠤᠰᠤᠨ ᠭᠤᠯᠢᠷ ᠨᠠᠮᠡᠨ ᠤᠷᠤᠭᠤᠯᠤᠭᠰᠠᠠ ᠪᠤᠯᠬᠤᠷ ᠠᠩᠬᠢᠯᠤᠮ᠎ᠠ ᠰᠠᠶᠢᠬᠠᠨ ᠦᠨᠤᠷ ᠠᠮᠳᠠ ᠲᠠᠢ ᠪᠦᠭᠡᠳ ᠦᠨᠳᠤᠷ ᠰᠢᠮ᠎ᠠ ᠲᠡᠵᠢᠬᠡᠯ ᠤᠨ ᠠᠭᠤᠯᠤᠭᠳᠠᠴᠠ ᠲᠠᠢ᠂ ᠬᠦᠮᠤᠨ ᠤ ᠪᠠᠶ᠎ᠠ ᠶᠢᠨ ᠡᠷᠡᠬᠦᠯ ᠮᠡᠨᠳᠤ ᠳᠤ ᠤᠨᠴᠠ ᠳᠤᠰᠠᠳᠠᠢ ᠪᠠᠶᠢᠳᠠᠭ ᠬᠡᠵᠤ ᠲᠠᠨᠢᠯᠴᠠᠭᠤᠯᠤᠯ᠎ᠠ᠃  ᠶᠡᠷᠦᠩᠬᠡᠢ ᠰᠠᠶᠢᠳ ᠡᠨᠡ ᠵᠢᠯ ᠤᠨ ᠴᠠᠭᠠᠨ ᠰᠠᠷ᠎ᠠ ᠠᠴᠠ ᠡᠮᠦᠨᠡᠬᠡᠨ ᠤᠯᠠᠭᠠᠨᠴᠠᠪ ᠲᠤ ᠢᠷᠡᠵᠤ ᠠᠳᠡᠬᠢ ᠶᠢᠨ ᠰᠢᠷᠠᠭᠰᠠᠨ ᠳᠦᠮᠤᠰᠤ ᠶᠢ ᠢᠳᠡᠬᠡᠳ ᠮᠠᠭᠳᠠᠵᠤ ᠪᠠᠶᠢᠭᠰᠠᠨ ᠨᠢ ᠮᠠᠨ ᠤ ᠬᠤᠳᠠ ᠶᠢᠨ ᠳᠦᠮᠤᠰᠤᠨ ᠤ ᠠᠵᠤ ᠦᠢᠯᠡᠰ ᠤᠨ ᠬᠦᠭᠵᠢᠯᠳᠡ ᠳᠤ ᠬᠡᠬᠡᠨ ᠰᠠᠷᠠᠭᠤᠯ ᠢᠷᠡᠬᠡᠳᠦᠢ ᠶᠢ ᠠᠪᠴᠢᠷᠠᠵᠤ ᠦᠭᠬᠦᠭᠰᠡᠨ᠂ ᠪᠢᠳᠠᠨ ᠳᠤ ᠴᠤ ᠵᠤᠷᠢᠬᠵᠢᠭᠤᠯᠤᠯ ᠪᠤᠯᠤᠭᠰᠠᠠ᠂ ᠡᠨᠡ ᠵᠢᠯ ᠤᠨ ᠮᠠᠨ ᠤ ᠺᠤᠮᠫᠠᠨᠢ ᠶᠢᠨ ᠪᠦᠳᠦᠬᠡᠭᠳᠡᠬᠦᠨ ᠤ ᠵᠠᠬᠢᠶᠠᠯᠠᠭ᠎ᠠ ᠴᠤ ᠮᠠᠰᠢ ᠰᠠᠶᠢᠨ ᠪᠠᠶᠢᠨ᠎ᠠ ᠬᠡᠵᠤ ᠭᠤᠸ᠎ᠠ ᠰᠡᠳᠬᠢᠯ ᠤᠨ ᠦᠬᠡ ᠪᠠᠨ ᠳᠡᠯᠬᠡᠨ᠎ᠠ᠃ ᠤᠳᠤ ᠲᠡᠬᠦᠨ ᠤ ᠦᠢᠯᠡᠳᠪᠦᠷᠢᠯᠡᠨ ᠪᠤᠷᠤᠯᠠᠭᠤᠯᠵᠦ ᠪᠠᠶᠢᠭ᠎ᠠ ᠡᠬᠡᠳᠡᠭᠰᠡᠨ ᠰᠦ ᠲᠠᠢ ᠳᠦᠮᠤᠰᠤᠨ ᠪᠤᠤᠪᠤ ᠨᠢ 4᠎ — 7 ᠵᠦᠢᠯ᠂ ᠴᠤᠯ ᠳᠦᠮᠤᠰᠤ ᠪᠠᠷ ᠬᠢᠭᠰᠡᠨ ᠨᠢ ᠪᠠᠰᠠ 3᠎ — 5 ᠵᠦᠢᠯ ᠪᠠᠶᠢᠬᠤ ᠠᠴᠠ ᠭᠠᠳᠠᠨ᠎ᠠ᠂ ᠰᠢᠷ᠎ᠠ ᠲᠤᠰᠤᠨ ᠪᠤᠤᠪᠤ᠂ ᠦᠷᠦᠮ᠎ᠠ ᠲᠠᠢ ᠲᠦᠮᠦᠰᠦᠨ ᠶᠧᠪᠠᠩ ᠵᠡᠷᠬᠡ ᠪᠤᠤᠪᠤ ᠨᠢ ᠪᠠᠰᠠ ᠬᠡᠷᠡᠭᠯᠡᠭᠴᠢᠳ ᠤᠨ ᠳᠠᠭᠠᠰᠢᠶᠠᠯ ᠢ ᠤᠯᠵᠦ  ᠪᠤᠢ᠃ 2016 ᠤᠨ ᠳᠤ᠂ ᠲᠡᠬᠦᠨ ᠤ ᠡᠬᠡᠳᠡᠭᠰᠡᠨ ᠰᠦ ᠲᠠᠢ ᠳᠦᠮᠤᠰᠤᠨ ᠪᠤᠤᠪᠤ ᠨᠢ ᠤᠯᠤᠰ ᠤᠨ ᠡᠬᠦᠳᠤᠯᠳᠡ ᠶᠢᠨ ᠳᠤᠰᠬᠠᠢ ᠠᠰᠢᠬ ᠤᠨ ᠡᠷᠬᠡ ᠪᠠ ᠬᠡᠷᠡᠭᠯᠡᠬᠡᠨ ᠤ ᠳᠤᠰᠬᠠᠢ ᠠᠰᠢᠬ ᠤᠨ ᠡᠷᠬᠡ ᠶᠢ ᠤᠯᠵᠠᠢ᠃
      ᠭᠤᠸ᠎ᠠ ᠶᠢᠨ ᠦᠢᠯᠡᠳᠪᠦᠷᠢᠯᠡᠭᠰᠡᠨ ᠲᠦᠮᠤᠰᠤᠨ ᠪᠤᠤᠪᠤ ᠨᠢ ᠤᠳᠤ ᠪᠡᠬᠡᠵᠢᠩ᠂ ᠱᠠᠨᠳᠦ᠋ᠩ ᠵᠡᠷᠬᠡ ᠪᠦᠬᠦ ᠤᠯᠤᠰ ᠤᠨ ᠡᠯ᠎ᠠ ᠭᠠᠵᠡᠷ ᠤᠷᠤᠨ ᠢᠶᠠᠷ ᠪᠤᠷᠤᠯᠠᠭᠤᠯᠤᠬᠳᠠᠵᠦ ᠪᠠᠶᠢᠬᠤ ᠠᠴᠠ ᠭᠠᠳᠠᠨ᠎ᠠ᠂ ᠡᠨᠡ ᠵᠢᠯ ᠠᠴᠠ ᠬᠦᠬᠡᠬᠤᠳᠡ ᠶᠢᠨ ᠬᠡᠰᠡᠭ ᠶᠡᠭᠡ ᠳᠡᠬᠡᠳᠤ ᠰᠤᠷᠭᠠᠭᠤᠯᠢ ᠪᠠ ᠮᠧᠩ ᠯᠢᠶᠠᠩ ᠬᠤᠳᠠᠯᠳᠤᠭᠠᠨ ᠤ ᠬᠤᠳᠠ ᠵᠡᠷᠬᠡ ᠤᠷᠤᠨ ᠤ ᠳᠤᠳᠤᠷᠠᠬᠢ ᠵᠠᠬ᠎ᠠ ᠲᠡᠯᠭᠡᠭᠦᠷ ᠲᠤ ᠪᠤᠷᠤᠯᠠᠭᠤᠯᠤᠭᠳᠠᠬᠤ ᠪᠣᠯᠵᠠᠢ᠃ ᠲᠠᠷᠠᠴᠢᠯᠠᠨ᠂ 2016 ᠤᠨ ᠠᠴᠠ ᠡᠬᠢᠯᠡᠨ ᠭᠤᠸ᠎ᠠ ᠵᠢᠯ ᠲᠠᠷᠠᠭᠠᠯᠠᠨ ᠤᠯᠠᠨ ᠤᠯᠤᠰ ᠤᠨ ᠲᠦᠮᠤᠰᠤᠨ ᠤ ᠭᠠᠷᠤᠯᠳᠠ ᠶᠢᠨ ᠶᠡᠭᠡ ᠬᠤᠷᠠᠯ᠂ ᠪᠦᠬᠦ ᠤᠯᠤᠰ ᠤᠨ ᠲᠦᠮᠤᠰᠤᠨ ᠤ ᠭᠠᠷᠤᠯᠳᠠ ᠶᠢᠨ ᠭᠤᠤᠯ ᠢᠳᠡᠬᠡᠨ ᠤ ᠠᠵᠤ ᠦᠢᠯᠡᠰ ᠤᠨ ᠬᠤᠯᠪᠤᠭ᠎ᠠ ᠶᠢᠨ ᠤᠨ ᠤ ᠬᠤᠷᠠᠯ ᠳᠤ ᠦᠪᠤᠷ ᠮᠤᠩᠭᠤᠯ ᠠᠴᠠ ᠲᠦᠮᠤᠰᠤᠨ ᠪᠤᠤᠪᠤ ᠪᠠᠨ ᠡᠬᠦᠷᠴᠤ ᠤᠷᠤᠯᠴᠠᠳᠠᠭ ᠪᠦᠬᠦ ᠤᠯᠤᠰ ᠲᠤ ᠴᠤᠷ ᠤᠨ ᠭᠠᠭᠴᠠ ᠲᠦᠮᠤᠰᠤᠨ ᠪᠤᠤᠪᠤ ᠦᠢᠯᠡᠳᠪᠦᠷᠢᠯᠡᠵᠦ ᠪᠤᠷᠤᠯᠠᠭᠤᠯᠬᠤ ᠮᠤᠩᠭᠤᠯ ᠠᠵᠤ ᠠᠬᠤᠢᠢᠯᠠᠯᠳᠠᠨ ᠪᠤᠯᠤᠬᠰᠠᠨ ᠠᠵᠢ᠃ ᠭᠤᠸ᠎ᠠ ᠶᠢᠨ ᠲᠦᠷᠦᠭᠰᠡᠨ ᠨᠤᠲᠤᠭ ᠤᠯᠠᠭᠠᠠᠬᠠᠳᠠ ᠬᠤᠳᠠ ᠶᠢᠨ ᠤᠩᠨᠢᠭᠤᠳ ᠬᠤᠰᠢᠭᠤ᠃ 1989 ᠤᠨ ᠳᠤ ᠴᠠᠬᠠᠷ ᠪᠠᠷᠠᠭᠤᠨ ᠭᠠᠷᠤᠨ ᠬᠤᠶᠢᠳᠤ ᠬᠤᠰᠢᠭᠤᠨ ᠤ ᠨᠢᠬᠡᠨ ᠭᠠᠳᠠᠭᠠᠳᠤ ᠠᠷᠠᠯᠵᠢᠶ᠎ᠠ ᠬᠤᠳᠠᠯᠳᠤᠭᠠᠨ ᠤ ᠺᠤᠮᠫᠠᠨᠢ ᠳᠤ ᠠᠵᠢᠯᠯᠠᠵᠤ ᠪᠠᠶᠢᠬᠰᠠᠠ ᠢᠶᠠᠨ 1997 ᠤᠨ ᠳᠤ ᠺᠤᠮᠫᠠᠨᠢ ᠨᠢ ᠲᠠᠮᠫᠤᠷᠠᠬᠰᠠᠠ ᠠᠴᠠ ᠭᠤᠸ᠎ᠠ ᠴᠤ ᠠᠵᠢᠯ ᠠᠯᠳᠠᠵᠤ᠂ ᠠᠮᠢᠳᠤᠷᠠᠯ ᠤᠨ ᠰᠢᠨ᠎ᠠ ᠵᠠᠮ ᠢᠶᠠᠨ ᠡᠷᠢᠯᠬᠢᠯᠡᠬᠦ ᠴᠢᠬᠤᠯᠠᠲᠠᠢ ᠪᠤᠯᠵᠠᠢ᠃ ᠨᠢᠭᠳᠠᠯᠠᠨ ᠪᠤᠳᠤᠭᠴᠢ᠂ ᠳᠤᠭᠤᠭᠠᠴᠢ᠂ ᠬᠤᠭᠤᠯᠠᠨ ᠬᠡᠷ ᠤᠨ ᠡᠵᠡᠨ ᠠᠴᠠ ᠠᠵᠤ ᠠᠬᠤᠶᠢᠯᠠᠯᠳᠠᠨ ᠪᠤᠯᠬᠤ ᠵᠠᠮ ᠳᠤ ᠤᠯᠠᠨ ᠤᠳᠠᠭ᠎ᠠ ᠨᠤᠭᠤᠷᠠᠯ ᠪᠦᠳᠤᠷᠢᠯ ᠳᠤ ᠤᠴᠠᠷᠠᠭᠰᠠᠠ ᠴᠤ᠂ ᠵᠤᠷᠢᠭ ᠪᠠᠶᠢᠪᠠᠯ ᠵᠤᠷᠢᠭᠰᠠᠨ ᠳᠠᠭᠠᠨ ᠬᠡᠳᠡᠭᠴᠢᠯᠡᠨ ᠭᠤᠸ᠎ᠠ ᠶᠢᠨ ᠨᠠᠶᠢᠵᠠ ᠶᠢᠨ ᠬᠢᠨᠢ ᠳᠦᠮᠤᠰᠤ ᠪᠠ ᠡᠬᠡᠳᠡᠭᠰᠡᠨ ᠰᠦ ᠪᠠᠷ ᠪᠤᠤᠪᠤ ᠬᠢᠪᠡᠯ ᠶᠡᠭᠡ ᠵᠤᠬᠢᠷᠠᠳᠠᠭ ᠰᠢᠤ ᠬᠡᠮᠡᠬᠦ ᠦᠬᠡ ᠨᠢ ᠳᠡᠬᠦᠨ ᠳᠤ ᠰᠢᠨ᠎ᠠ ᠭᠠᠷᠬᠤ ᠵᠠᠮ ᠢ ᠵᠢᠭᠠᠵᠤ ᠦᠭᠬᠦᠭᠰᠡᠨ ᠬᠡᠯᠳᠡᠢ᠃ ᠲᠦᠮᠡᠨᠳᠡ ᠪᠤᠳᠤᠬᠤ ᠨᠢ ᠨᠢᠬᠡ ᠬᠢᠬᠦ ᠶᠢ ᠬᠦᠷᠬᠦ ᠦᠬᠡᠢ᠃ 2013 ᠤᠨ ᠳᠤ ᠭᠤᠸ᠎ᠠ᠂ ᠪᠠᠩᠬᠢ᠂ ᠨᠠᠶᠢᠵᠠ ᠨᠦᠬᠦᠳ᠂ ᠳᠦᠷᠤᠯ ᠰᠠᠳᠤᠨ ᠠᠴᠠ ᠪᠠᠨ ᠵᠤᠭᠤᠰ ᠵᠢᠭᠡᠯᠡᠵᠤ ᠦᠪᠤᠷ ᠮᠤᠩᠭᠤᠯ ᠤᠨ ᠭᠤᠸ᠎ᠠ ᠡᠬᠡᠴᠢ ᠢᠳᠡᠬᠡᠨ ᠤ ᠺᠤᠮᠫᠠᠨᠢ᠎ ᠪᠠᠨ ᠳᠠᠩᠰᠠᠯᠠᠭᠤᠯᠵᠤ᠂ 2015 ᠤᠨ ᠠᠴᠠ ᠡᠬᠢᠯᠡᠵᠤ ᠤᠳᠤᠬᠢᠴᠢᠯᠠᠭᠰᠠᠨ ᠰᠢᠨ᠎ᠠ ᠮᠠᠶ᠋ᠢᠭ ᠤᠨ ᠤᠯᠠᠨ ᠳᠦᠷᠤᠯ ᠤᠨ ᠮᠠᠰᠢᠨ ᠳᠦᠬᠦᠬᠡᠷᠤᠮᠵᠢ ᠤᠷᠤᠭᠤᠯᠤᠨ ᠠᠪᠴᠢᠷᠠᠵᠤ ᠡᠬᠡᠳᠡᠭᠰᠡᠨ ᠰᠦ ᠲᠠᠢ ᠳᠦᠮᠤᠰᠤᠨ ᠪᠤᠤᠪᠤ ᠵᠡᠷᠬᠡ ᠳᠦᠮᠤᠰᠤᠨ ᠤ ᠢᠳᠡᠬᠡᠨ ᠤ ᠵᠦᠢᠯ ᠢ ᠦᠢᠯᠡᠳᠪᠤᠷᠢᠯᠡᠵᠤ ᠡᠬᠢᠯᠡᠵᠠᠢ᠃ ᠠᠩᠬ᠎ᠠ ᠡᠬᠢᠯᠠᠨ ᠪᠤᠷᠤᠯᠠᠭᠤᠯᠤᠯᠳᠠ ᠵᠦᠬᠡᠷ ᠪᠠᠶᠢᠭᠰᠠᠨ ᠶᠤᠮ᠃ ᠲᠡᠭᠡᠭᠡᠳ ᠪᠦᠳᠦᠬᠡᠭᠳᠡᠬᠦᠨ ᠤ ᠴᠢᠨᠠᠷ ᠢ ᠪᠠᠳᠤᠯᠠᠬᠤ ᠬᠤᠭᠤᠴᠠᠭ᠎ᠠ ᠶᠢ 7 ᠡᠳᠤᠷ ᠪᠠᠶᠢᠭᠰᠠᠨ ᠠᠴᠠ 45 ᠡᠳᠤᠷ ᠤᠨ ᠬᠦᠴᠤᠨ ᠲᠠᠢ ᠬᠤᠭᠤᠴᠠᠭ᠎ᠠ ᠪᠤᠯᠭᠠᠬᠤ ᠳᠤᠷᠰᠢᠯᠳᠠ ᠳᠤ ᠪᠠᠭ᠎ᠠ ᠪᠤᠰᠤ ᠴᠠᠭ ᠬᠡᠷᠡᠭᠰᠡᠵᠡᠢ᠂ ᠴᠢᠨᠠᠷ ᠢ ᠪᠠᠳᠤᠯᠠᠬᠤ ᠬᠤᠭᠤᠴᠠᠭ᠎ᠠ ᠨᠢ ᠬᠡᠳᠤ ᠤᠬᠤᠷ ᠪᠤᠯᠬᠤᠷ᠂ ᠪᠤᠷᠤᠯᠠᠭᠤᠯᠵᠤ ᠠᠮᠵᠢᠬᠰᠠᠨ ᠦᠭᠡᠢ ᠪᠤᠤᠪᠤ ᠪᠠᠨ ᠳᠡᠷᠬᠡ ᠳᠡᠷᠬᠡ ᠪᠠᠷ ᠳᠡᠬᠡᠬᠡᠨ ᠠᠪᠠᠴᠢᠵᠤ ᠮᠠᠯ ᠳᠡᠵᠢᠬᠡᠵᠤ ᠪᠠᠶᠢᠭᠰᠠᠨ᠂ ᠵᠢᠯ ᠠᠴᠠ ᠡᠮᠦᠨᠡᠬᠡᠨ ᠰᠠᠶ᠋ᠢ ᠨᠢᠬᠡ ᠪᠦᠯᠦᠭ ᠪᠤᠤᠪᠤ ᠪᠠᠷ ᠮᠠᠯ ᠳᠡᠵᠢᠬᠡᠵᠤ ᠪᠠᠷᠠᠭᠰᠠᠨ ᠬᠡᠵᠤ ᠭᠤᠸ᠎ᠠ ᠲᠠᠶᠢᠯᠪᠤᠷᠢᠯᠠᠨ᠎ᠠ᠃
      ᠳᠡᠬᠦᠨ ᠤ ᠺᠤᠮᠫᠠᠨᠢ ᠨᠢ ᠴᠢᠨᠠᠷ ᠢ ᠪᠠᠳᠤᠯᠠᠬᠤ ᠶᠢ ᠳᠡᠷᠢᠬᠦᠨ ᠳᠤ ᠳᠠᠯᠪᠢᠵᠤ᠂ ᠨᠠᠷᠢᠯᠢᠭ ᠪᠤᠯᠪᠠᠰᠤᠷᠠᠭᠤᠯᠬᠤ ᠶᠢ ᠴᠢᠬᠤᠯᠠᠴᠢᠯᠠᠨ᠂ ᠦᠢᠯᠡᠳᠬᠦᠨ ᠢᠶᠠᠨ ᠰᠦᠯᠵᠢᠶᠠᠨ ᠳᠤ ᠪᠤᠷᠤᠯᠠᠭᠤᠯᠬᠤ ᠪᠤᠯᠤᠭᠰᠠᠨ ᠠᠴᠠ ᠤᠳᠤ ᠬᠡᠷᠡᠭᠯᠡᠭᠴᠢᠳ ᠤᠨ ᠵᠠᠬᠢᠶᠠᠯᠠᠭ᠎ᠠ ᠶᠢ ᠴᠤ ᠬᠠᠩᠭᠠᠵᠤ ᠠᠮᠵᠢᠬᠤ ᠪᠠᠨ ᠪᠤᠯᠢᠬᠰᠠᠨ ᠢᠶᠠᠷ ᠠᠵᠢᠯᠳᠠᠨ ᠲᠠᠢ ᠪᠠᠨ ᠦᠷᠯᠤᠬᠡ ᠦᠳᠡᠰᠢ ᠦᠬᠡᠢ ᠮᠤᠩᠬᠢᠨᠠᠨ ᠠᠵᠢᠯᠯᠠᠨ᠎ᠠ᠃ ᠲᠠᠷᠠᠴᠢᠯᠠᠨ ᠦᠢᠯᠡᠳᠬᠦᠨ ᠤ ᠳᠦᠷᠤᠯ ᠵᠦᠢᠯ ᠨᠢ ᠤᠯᠠᠨ᠂ ᠠᠮᠳᠠ ᠨᠢ ᠦᠪᠡᠷᠮᠢᠴᠠ ᠪᠠᠶᠢᠳᠠᠭ ᠢᠶᠠᠷ ᠢᠶᠠᠨ ᠰᠦᠯᠵᠢᠶᠠᠨ ᠵᠠᠬᠢᠶᠠᠯᠠᠭᠴᠢᠳ ᠤᠨ ᠳᠠᠭᠠᠰᠢᠶᠠᠯ ᠳᠤ ᠬᠦᠷᠦᠭᠰᠡᠨ ᠢᠶᠠᠷ ᠦᠯᠤ ᠪᠠᠷᠠᠨ ᠤᠯᠠᠨ ᠨᠡᠶᠢᠳᠡ ᠶᠢᠨ ᠬᠤᠭᠤᠯᠠᠨ ᠰᠢᠷᠡᠬᠡᠨ ᠤ ᠭᠤᠤᠯ ᠠᠮᠤ ᠪᠤᠳᠠᠭᠠᠨ ᠤ ᠠᠮᠳᠠᠳᠤ ᠢᠳᠡᠬᠡᠨ ᠪᠤᠯᠵᠠᠢ᠃  ᠡᠨᠡ ᠵᠢᠯ ᠤᠨ 6 ᠰᠠᠷ᠎ᠠ ᠳᠤ 1200 ᠭᠠᠷᠤᠢ ᠲᠡᠭᠰᠢ ᠲᠦᠷᠪᠡᠯᠵᠢᠨ ᠮᠧᠲᠷ ᠪᠦᠬᠦᠢ ᠰᠢᠨ᠎ᠠ ᠪᠠᠷ ᠪᠠᠶᠢᠭᠤᠯᠤᠭᠰᠠᠠ ᠪᠤᠤᠪᠤ ᠤᠢᠢᠯᠠᠳᠪᠤᠷᠢᠯᠡᠬᠦ ᠦᠢᠯᠡᠳᠪᠦᠷᠢ ᠠᠰᠢᠬᠯᠠᠯᠳᠠ ᠳᠤ ᠤᠷᠤᠪᠠᠯ᠂ 1 ᠴᠠᠭ ᠲᠤ ᠲᠦᠮᠡᠨ ᠪᠤᠤᠪᠤ ᠤᠢᠢᠯᠠᠳᠪᠤᠷᠢᠯᠡᠬᠦ ᠴᠢᠳᠠᠪᠤᠷᠢ ᠲᠠᠢ ᠪᠤᠯᠤᠨ᠎ᠠ᠂ ᠪᠢᠳᠠ ᠨᠢᠬᠡᠨᠳᠠ ᠵᠦᠩ ᠯᠢᠶᠠᠩ ᠪᠦᠯᠦᠭᠯᠡᠯ ᠲᠠᠢ 40 ᠲᠦᠮᠡᠨ ᠪᠤᠤᠪᠤ ᠶᠢᠨ ᠵᠠᠬᠢᠶᠠᠯᠠᠭ᠎ᠠ ᠳᠤᠭᠳᠠᠴᠢᠬᠠᠭᠰᠠᠠ  ᠬᠡᠵᠤ ᠭᠤᠸ᠎ᠠ ᠢᠳᠡᠬᠡᠯ ᠲᠦᠬᠦᠷᠡᠩ ᠶᠠᠷᠢᠨ᠎ᠠ᠃  ᠠᠯᠳ᠋ᠬᠠᠠᠭᠤᠯᠠ ᠬᠤᠱᠤᠳ ·ᠨᠤᠮᠢᠨ ᠬᠠᠢ ᠵᠢᠶᠦ᠋ᠨ 



  
     
     