 

ᠬᠤᠷᠳᠤᠴᠠ ᠪᠠ ᠤᠷ᠎ᠠ ᠤᠬᠠᠭᠠᠨ ᠤ ᠮᠥᠴᠡᠭᠡᠷᠭᠡᠯ

2019-07-24 11:17
  258
  0

    — ᠠᠷᠪᠠᠨ ᠨᠢᠬᠡᠳᠥᠭᠡᠷ ᠬᠤᠭᠤᠴᠠᠭᠠᠨ ᠤ ᠪᠥᠬᠦ ᠤᠯᠤᠰ ᠤᠨ ᠴᠥᠭᠡᠨ ᠲᠤᠭᠠᠳᠤ ᠥᠨᠳᠤᠰᠤᠳᠠᠨ ᠤ ᠤᠯᠠᠮᠵᠢᠯᠠᠯᠳᠤ ᠪᠡᠶ᠎ᠠ ᠶᠢᠨ ᠲᠠᠮᠢᠷ ᠤᠨ ᠴᠤᠬᠯᠠᠭᠠᠨ ᠤ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠤᠷᠤᠯᠳᠤᠭᠠᠨ ᠤ ᠲᠠᠳᠠᠯᠠᠭ᠎ᠠ
  ᠵᠥᠬᠡᠯᠡᠨ ᠬᠤᠷ᠎ᠠ ᠰᠢᠪᠡᠷᠡᠭᠰᠡᠨ ᠵᠤᠨ ᠤ 7 ᠰᠠᠷ᠎ᠠ ᠶᠢᠨ 16 ᠤ ᠥᠳᠡ ᠶᠢᠨ ᠬᠤᠶᠢᠨ᠎ᠠ᠂ ᠠᠷᠪᠠᠨ ᠨᠢᠬᠡᠳᠤᠭᠡᠷ ᠬᠤᠭᠤᠴᠠᠭᠠᠨ ᠤ ᠪᠥᠬᠦ ᠤᠯᠤᠰ ᠤᠨ ᠴᠥᠭᠡᠨ ᠲᠤᠭᠠᠳᠤ ᠥᠨᠳᠤᠰᠤᠳᠠᠨ ᠤ ᠤᠯᠠᠮᠵᠢᠯᠠᠯᠳᠤ ᠪᠡᠶ᠎ᠠ ᠶᠢᠨ ᠲᠠᠮᠢᠷ ᠤᠨ ᠴᠤᠬᠯᠠᠭᠠᠨ ᠤ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠤᠷᠤᠯᠳᠤᠭᠠᠨ ᠥᠪᠥᠷ ᠮᠤᠩᠭᠤᠯ ᠤᠨ ᠴᠥᠭᠡᠨ ᠲᠤᠭᠠᠳᠤ ᠥᠨᠳᠤᠰᠤᠳᠠᠨ ᠤ ᠤᠯᠠᠨ ᠲᠥᠮᠡᠨᠴᠢ ᠰᠤᠶᠤᠯ ᠪᠡᠶ᠎ᠠ ᠶᠢᠨ ᠲᠠᠮᠢᠷ ᠤᠨ ᠬᠥᠳᠡᠯᠭᠡᠭᠡᠨ ᠤ ᠲᠥᠪ ᠲᠤ ᠢᠳᠡ ᠬᠥᠭ ᠲᠠᠢ ᠶᠠᠪᠤᠬᠳᠠᠵᠥ᠂ ᠬᠤᠷᠠᠨ ᠴᠤᠬᠯᠠᠷᠠᠬᠰᠠᠨ ᠮᠤᠷᠢᠨ ᠬᠤᠷᠤᠬᠠᠢᠢᠳᠠᠳ ᠤᠨ ᠨᠢᠳᠤ ᠶᠢ ᠨᠢ ᠬᠤᠵᠢᠷᠯᠠᠨ ᠬᠠᠷᠠᠭ᠎ᠠ ᠶᠢ ᠪᠠᠶᠠᠰᠬᠠᠵᠥ ᠪᠢᠯᠠ᠃
  ᠯᠢ ᠮᠸᠡᠭ ᠪᠤᠯ ᠲᠤᠰ ᠤᠳᠠᠭ᠎ᠠ ᠶᠢᠨ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠤᠷᠤᠯᠳᠤᠭᠠᠨ ᠤ ᠬᠤᠶᠠᠳᠤᠭᠠᠷ ᠲᠤᠭᠤᠢᠢᠯᠠᠩ ᠤᠨ 28 ᠳ᠋ᠤᠭᠠᠷ ᠨᠤᠮᠧᠷᠳᠤ ᠥᠪᠥᠷ ᠮᠤᠩᠭᠤᠯ ᠤᠨ ᠲᠥᠯᠥᠭᠡᠯᠡᠭᠴᠢ ᠶᠢᠨ ᠠᠩᠭᠢ ᠶᠢᠨ ᠲᠠᠮᠢᠷᠴᠢᠨ ᠪᠤᠯᠤᠨ᠎ᠠ᠃ ᠲᠡᠷᠨ ᠤᠷᠤᠯᠳᠤᠭᠠᠨ ᠤ ᠲᠠᠷᠠᠭᠠᠯᠠᠯ ᠢᠶᠠᠷ ᠥᠳᠠ ᠶᠢᠨ ᠬᠤᠶᠢᠨᠠᠬᠢ 4 ᠴᠠᠬ ᠤᠨ ᠥᠶᠡᠰ ᠢᠶᠠᠷ ᠨᠢᠬᠡᠳᠤᠭᠡᠷ ᠡᠭᠡᠯᠵᠢ ᠶᠢᠨ ᠬᠠᠳᠠᠬ ᠰᠢᠬᠦᠷᠬᠦ ᠤᠷᠤᠯᠳᠤᠭᠠᠨ ᠢᠶᠠᠨ ᠲᠠᠭᠤᠰᠬᠠᠵᠥ᠂ ᠤᠷᠤᠯᠳᠤᠭᠠᠨ ᠳᠠᠭᠠᠨ 17 ᠬᠠᠳᠠᠬ ᠰᠢᠬᠦᠷᠴᠤ᠂ ᠨᠠᠯᠢᠶᠠᠳ ᠥᠨᠳᠤᠷ ᠬᠢᠷᠢ ᠪᠥᠳᠥᠮᠵᠢ ᠤᠯᠤᠭᠰᠠᠨ ᠪᠤᠯᠪᠠᠴᠤ ᠥᠪᠡᠷ ᠤᠨ ᠤᠷ᠎ᠠ ᠴᠢᠳᠠᠪᠤᠷᠢ ᠪᠠᠨ ᠪᠥᠷᠢᠨ ᠪᠠᠳᠠᠷᠠᠭᠤᠯᠵᠤ ᠴᠢᠳᠠᠬᠰᠠᠨ ᠥᠬᠡᠢ ᠬᠠᠷᠠᠮᠰᠠᠭᠰᠠᠨ ᠪᠠᠶᠢᠳᠠᠯ ᠲᠠᠢ᠃ ᠬᠤᠶᠠᠳᠤᠭᠠᠷ ᠡᠭᠡᠯᠵᠢ ᠶᠢᠨ ᠤᠷᠤᠯᠳᠤᠭᠠᠨ ᠳᠠᠭᠠᠨ ᠨᠠᠩ ᠰᠠᠶᠢᠨ ᠬᠢᠷᠢ ᠪᠥᠳᠥᠮᠵᠢ ᠤᠯᠬᠤ ᠪᠠᠷ ᠪᠡᠯᠡᠳᠭᠡᠵᠥ ᠪᠠᠶᠢᠯ᠎ᠠ᠃ ᠲᠡᠷᠡ᠄ ︽ᠤᠷᠤᠯᠳᠤᠭᠠᠨ ᠳᠤ 17 ᠬᠠᠳᠠᠬ ᠰᠢᠬᠦᠷᠥᠭᠰᠠᠨ ᠪᠠᠶᠢᠨ᠎ᠠ᠂ ᠡᠨᠡ ᠨᠢ ᠮᠢᠨᠥ ᠪᠤᠳᠤᠵᠥ ᠪᠠᠶᠢᠬᠰᠠᠨ ᠬᠢᠷᠢ ᠪᠥᠳᠥᠮᠵᠢ ᠲᠠᠢ ᠵᠢᠭᠠᠬᠠᠨ ᠵᠥᠷᠢᠶ᠎ᠠ ᠲᠠᠢ ᠪᠠᠶᠢᠨ᠎ᠠ᠃ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠪᠤᠯ ᠨᠢᠬᠡᠨ ᠤᠷ᠎ᠠ ᠴᠢᠳᠠᠯ ᠢ ᠰᠢᠯᠭᠠᠳᠠᠬ ᠲᠠᠮᠢᠷ ᠤᠨ ᠬᠥᠳᠡᠯᠭᠡᠭᠡᠨ ᠮᠥᠷᠳᠡᠭᠡᠨ ᠬᠥᠴᠢᠷ ᠤᠨ ᠬᠡᠮᠵᠢᠶ᠎ᠠ ᠪᠠᠷ ᠨᠡᠯᠢᠶᠡᠳ ᠶᠡᠭᠡ ᠮᠤᠷᠢᠨ ᠤᠷᠤᠯᠳᠤᠭᠠᠨ ᠪᠤᠯᠬᠤ ᠶᠤᠮ᠃ ᠤᠨᠤᠭᠠᠴᠢᠨ ᠤᠷᠤᠯᠳᠤᠭᠠᠨ ᠤ ᠮᠤᠷᠢᠨ ᠤ ᠲᠠᠪᠬᠢᠭ᠎ᠠ ᠶᠠᠪᠤᠴᠠ ᠳᠤ ᠨᠢᠷᠤᠭᠤ ᠪᠥᠬᠦ᠋ᠢᠨ ᠭᠠᠵᠠᠷ ᠲᠤ ᠲᠡᠯᠪᠢᠬᠰᠠᠨ ᠬᠠᠳᠠᠬ ᠢ ᠰᠢᠬᠦᠷᠳᠡᠭ ᠪᠤᠯᠬᠤᠷ ᠤᠨᠤᠬᠰᠠᠨ ᠮᠤᠷᠢᠨ ᠤ ᠬᠤᠷᠳᠤᠴᠠ ᠪᠠ ᠤᠨᠤᠭᠠᠴᠢ ᠶᠢᠨ ᠤᠷ᠎ᠠ ᠮᠡᠷᠭᠡᠰᠢᠯ ᠢ ᠭᠡᠷᠡᠭᠰᠡᠳᠡᠭ᠃ ᠰᠢᠬᠦᠷᠴᠤ ᠠᠪᠤᠬᠰᠠᠨ ᠬᠠᠳᠠᠬ ᠤᠨ ᠤᠯᠠᠨ ᠴᠥᠭᠡᠨ ᠢᠶᠠᠷ ᠤᠷᠤᠯᠳᠤᠭᠠᠨ ᠤ ᠢᠯᠠᠵᠥ ᠢᠯᠠᠬᠳᠠᠬᠤ ᠶᠢ ᠪᠤᠳᠤᠳᠠᠬ ᠲᠤᠯᠠ ᠤᠷᠤᠯᠳᠤᠭᠠᠨ ᠤ ᠶᠠᠪᠤᠴᠠ ᠳᠤ ᠬᠤᠷᠳᠤᠴᠠ ᠪᠠ ᠬᠥᠳᠡᠯᠥᠯ ᠪᠠᠷᠢᠯ ᠤᠨ ᠤᠷᠭᠠᠨᠢᠬ ᠤᠶᠠᠯᠳᠤᠯ ᠳᠤ ᠲᠥᠰᠢᠭᠯᠡᠳᠡᠭ︾ ᠬᠡᠵᠥ ᠲᠠᠶᠢᠯᠪᠤᠷᠢᠯᠠᠪᠠ᠃ ᠵᠣᠬᠢᠶᠠᠭᠴᠢ᠄  ᠥᠷᠭᠡᠨ 
  ᠠᠬᠤᠢ ᠲᠠᠯᠠᠪᠠᠢ ᠶᠢᠨ ᠲᠠᠶᠢᠰᠠᠨ ᠳᠤ ᠰᠠᠭᠠᠳᠠᠬᠰᠨᠨ ᠥᠵᠡᠭᠴᠢᠳ ᠠᠴᠠ ᠲᠠᠮᠢᠷᠴᠢᠳ ᠤᠨ ᠭᠤᠴᠤ ᠠᠪᠢᠶᠠᠰᠯᠢᠬ ᠰᠤᠳᠤᠨ ᠭᠠᠶᠢᠬᠠᠮᠰᠢᠬᠳᠤ ᠲᠡᠮᠡᠴᠡᠭᠡᠨ ᠢ ᠬᠠᠷᠠᠭᠠᠳ ᠤᠤᠬᠠᠢᠢᠯᠠᠨ ᠬᠠᠰᠬᠢᠷᠤᠨ ᠬᠠᠯᠠᠭᠤᠨ ᠠᠯᠠᠭ᠎ᠠ ᠲᠠᠰᠢᠵᠠᠭᠠᠵᠥ᠂ ᠤᠷᠤᠯᠳᠤᠭᠠᠨ ᠤ ᠶᠠᠪᠤᠴᠠ ᠳᠤ ᠲᠠᠮᠢᠷᠴᠢᠳ ᠠᠴᠠ ᠤᠯᠤᠯᠳᠠ ᠶᠡᠭᠡᠳᠠᠢ ᠪᠠᠶᠢᠬᠰᠠᠨ ᠪᠠ ᠠᠯᠳᠠᠬᠳᠠᠯ ᠶᠡᠬᠡᠳᠠᠢ ᠪᠠᠶᠢᠬᠰᠠᠨ ᠴᠤ ᠥᠵᠡᠭᠴᠢᠳ ᠠᠴᠠ ᠬᠠᠯᠠᠭᠤᠨ ᠠᠯᠠᠭ᠎ᠠ ᠲᠠᠰᠢᠯᠳᠠ ᠬᠥᠷᠭᠡᠵᠥ ᠯᠡ ᠪᠠᠶᠢᠯ᠎ᠠ᠃ ︽ᠪᠢ ᠪᠠᠭ᠎ᠠ ᠠᠴᠠ ᠪᠠᠨ ᠮᠤᠷᠢᠨ ᠳᠤ ᠲᠤᠩ ᠬᠠᠶᠢᠷᠠᠳᠠᠢ ᠪᠠᠶᠢᠳᠠᠬ᠃ ᠮᠥᠨ ᠴᠤ ᠮᠤᠷᠢ ᠤᠨᠤᠵᠥ ᠴᠢᠳᠠᠳᠠᠬ᠂ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠨᠢ ᠬᠥᠮᠥᠨ ᠮᠤᠷᠢᠨ ᠤ ᠬᠠᠮᠳᠤᠷᠠᠯ ᠤᠨ ᠤᠷ᠎ᠠ ᠮᠠᠷᠭᠡᠰᠢᠯ ᠪᠤᠯᠬᠤ ᠶᠤᠮ᠃ ᠡᠨᠡ ᠡᠳᠤᠷ ᠤᠨ ᠤᠷᠤᠯᠳᠤᠭᠠᠨ ᠥᠨᠡᠭᠡᠷ ᠭᠤᠶᠤ ᠪᠠᠶᠢᠨ᠎ᠠ᠃ ᠲᠤᠰᠬᠠᠢᠢᠯᠠᠨ ᠮᠤᠷᠢᠨ ᠤᠷᠤᠯᠳᠤᠭᠠᠨ ᠥᠵᠡᠬᠦ ᠪᠠᠷ ᠢᠷᠡᠭᠰᠡᠨ ᠬᠥᠰᠡᠯ ᠮᠢᠨᠢ ᠲᠠᠯᠠᠭᠠᠷᠳᠠᠬᠠᠰᠠᠨ ᠥᠬᠡᠢ︾ ᠬᠡᠵᠥ ᠲᠥᠡᠭᠯᠢᠶᠤᠤ ᠬᠤᠳᠠ ᠶᠢᠨ ᠬᠤᠷᠴᠢᠨ ᠵᠠᠬᠦᠨ ᠭᠠᠷᠤᠨ ᠬᠤᠶᠢᠳᠤ ᠬᠤᠰᠢᠭᠤ ᠶᠢᠨ ᠵᠢᠷᠭᠠᠯᠠᠩ ᠪᠠᠯᠭᠠᠰᠤ ᠶᠢᠨ ᠪᠤᠤ ᠰᠢᠳᠤᠷᠭᠤ ᠪᠠᠶᠠᠷᠯᠠᠨ ᠶᠠᠷᠢᠨ᠎ᠠ᠃ ᠲᠡᠷᠡ ᠤᠷᠤᠯᠳᠤᠭᠠᠨ ᠡᠬᠢᠯᠡᠭᠰᠡᠨ ᠠᠴᠠ ᠨᠠᠭᠠᠰᠢ ᠡᠳᠤᠷ ᠪᠤᠯᠭᠠᠨ ᠤᠷᠤᠯᠳᠤᠭᠠᠨ ᠤ ᠲᠠᠯᠠᠪᠠᠢ ᠳᠤ ᠢᠷᠡᠵᠥ ᠤᠷᠤᠯᠳᠤᠭᠠᠨ ᠢ ᠰᠤᠨᠢᠷᠬᠠᠵᠥ ᠪᠤᠢ᠃
  ᠥᠢᠯᠠᠭᠠᠬᠰᠠᠨ ᠢᠶᠠᠷ᠂ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠤᠷᠤᠯᠳᠤᠭᠠᠨ ᠨᠢ ᠬᠤᠶᠠᠷ ᠡᠭᠡᠯᠵᠢ ᠶᠢᠨ ᠬᠢᠷᠢ ᠪᠥᠳᠥᠮᠵᠢ ᠪᠠᠷ ᠤᠷᠤᠯᠳᠤᠭᠠᠨ ᠤ ᠶᠡᠷᠥᠩᠭᠡᠢ ᠥᠷ᠎ᠠ ᠳ᠋ᠥᠡᠭ ᠢ ᠰᠢᠯᠭᠠᠷᠠᠭᠤᠯᠤᠨ ᠭᠠᠷᠭᠠᠳᠠᠬ᠃ ᠤᠷᠤᠯᠳᠤᠭᠠᠨ ᠤ ᠭᠤᠤᠯ ᠬᠥᠶᠤᠯᠳᠠ ᠶᠢᠨ ᠵᠠᠮ ᠤᠨ ᠤᠷᠳᠤ ᠨᠢ ᠨᠡᠶᠢᠳᠠ 110 ᠮᠧᠲᠷ ᠪᠠᠶᠢᠵᠥ᠂ ᠮᠤᠷᠢᠨ ᠤ ᠬᠥᠶᠥᠯᠳᠠ ᠶᠢᠨ ᠵᠠᠮ ᠤᠨ ᠵᠡᠬᠦᠨ ᠪᠠᠷᠠᠭᠤᠨ ᠬᠤᠶᠠᠷ ᠲᠠᠯ᠎ᠠ ᠳᠤ ᠬᠠᠳᠠᠬ ᠲᠠᠯᠪᠢᠬᠤ ᠲᠤᠭᠤᠷᠢᠬ ᠲᠤᠬᠢᠷᠠᠭᠤᠯᠵᠥ᠂ ᠲᠤᠭᠤᠷᠢᠬ ᠪᠤᠯᠭᠠᠨ ᠳᠤ 10 ᠬᠠᠳᠠᠬ ᠢ ᠲᠡᠭᠰᠢᠭᠡᠨ ᠵᠠᠢ ᠳᠤ ᠬᠥᠶᠥᠯᠳᠠ ᠶᠢᠨ ᠵᠠᠮ ᠢ ᠬᠠᠪᠢᠳᠠᠭᠤᠯᠤᠨ ᠵᠡᠷᠭᠡᠴᠡᠬᠦᠯᠥᠨ ᠲᠠᠯᠪᠢᠵᠥ᠂ ᠬᠤᠷᠳᠤᠨ ᠬᠥᠯᠥᠭ ᠤᠨᠤᠬᠰᠠᠨ ᠲᠠᠮᠢᠷᠴᠢᠨ ᠠᠴᠠ ᠨᠢᠬᠡ ᠬᠠᠳᠠᠬ ᠰᠢᠬᠦᠷᠥᠭᠰᠡᠨ ᠪᠤᠯ ᠨᠢᠭᠡ ᠬᠤᠪᠢ ᠪᠠᠷ ᠨᠡᠮᠡᠨ ᠪᠤᠳᠤᠵᠥ ᠤᠷᠤᠯᠳᠤᠭᠠᠨ ᠤ ᠬᠢᠷᠢ ᠪᠥᠳᠥᠮᠵᠢ ᠳᠤ ᠪᠤᠳᠤᠵᠥ ᠤᠷᠤᠭᠤᠯᠳᠠᠬ᠃ ᠭᠡᠷᠡᠭᠯᠡᠬᠦ ᠴᠠᠬ ᠪᠠ ᠤᠯᠤᠬᠰᠠᠨ ᠬᠤᠪᠢ ᠶᠢ ᠬᠤᠭᠤᠷᠤᠨᠳᠤ ᠨᠢ ᠬᠠᠷᠢᠯᠴᠠᠨ ᠨᠡᠮᠡᠬᠦ ᠠᠷᠭ᠎ᠠ ᠪᠠᠷ ᠬᠤᠶᠠᠷ ᠡᠭᠡᠯᠵᠢ ᠳᠤ ᠤᠯᠤᠬᠰᠠᠨ ᠶᠡᠷᠥᠩᠭᠡᠢ ᠬᠤᠪᠢ ᠪᠠᠷ ᠲᠥᠷᠥᠬᠦᠨ ᠲᠡᠳ᠋ ᠢ ᠢᠯᠭᠠᠷᠠᠭᠤᠯᠵᠥ ᠭᠠᠷᠭᠠᠳᠠᠬ᠃



  
     
     