 

   

2019-05-17 10:21
  308
  0
ᠲᠠᠤᠯᠠᠢ  ᠶᠢᠨ ᠭᠡᠮ ᠭᠢᠵᠢᠭ  ᠢ ᠶᠠᠷᠦᠩᠭᠡᠶᠢᠯᠡᠨ ᠰᠡᠷᠭᠡᠶᠢᠯᠡᠭᠦ ᠲᠤᠬᠠᠢ

   ᠲᠠᠤᠯᠠᠢ  ᠶᠢᠨ ᠲᠠᠯᠠᠪᠠᠢ ᠪᠤᠶᠤ ᠲᠤᠰᠬᠠᠢ ᠡᠷᠦᠭᠡ  ᠶᠢ ᠶᠠᠷᠤ ᠳᠡᠭᠡᠨ ᠦᠪᠡᠰᠦᠪᠡᠨ ᠦᠷᠡᠵᠢᠭᠦᠯᠵᠤ ᠦᠪᠠᠷ  ᠢᠶᠠᠨ ᠲᠡᠵᠢᠭᠡᠭᠦ  ᠶᠢ
ᠪᠠᠷᠢᠮᠳᠠᠯᠠᠬᠤ ᠭᠡᠷᠡᠭᠳᠡᠢ ᠭᠡᠵᠤ ᠱᠠᠭᠠᠷᠳᠠᠳᠠᠭ᠂ ᠨᠡᠩ ᠴᠤ ᠭᠢᠵᠢᠭ  ᠤᠨ ᠤᠷᠤᠨ ᠠᠴᠠ ᠦᠷ᠎ᠠ  ᠶᠢᠨ ᠲᠠᠤᠯᠠᠢ ᠬᠤᠳᠠᠯᠳᠤᠨ ᠠᠪᠴᠢᠷᠠᠵᠤ ᠪᠤᠯᠬᠤ ᠦᠭᠡᠢ
᠃ ᠰᠢᠨ᠎ᠠ ᠡᠭᠦᠯᠳᠡᠷ  ᠤᠨ ᠲᠠᠤᠯᠠᠢ  ᠶᠢ ᠤᠷᠤᠭᠤᠯᠵᠤ ᠢᠷᠡᠭᠰᠡᠨ  ᠤ ᠲᠠᠷᠠᠭ᠎ᠠ ᠡᠷᠭᠡᠪᠰᠢ ᠬᠤᠷᠤᠬᠠᠢ ᠲᠠᠭᠤᠵᠤ ᠠᠷᠢᠭᠤᠳᠬᠠᠬᠤ ᠪᠤᠶᠤ ᠸᠠᠺᠼᠢᠨ  ᠤ
ᠲᠠᠷᠢᠯᠭ᠎ᠠ ᠲᠠᠷᠢᠵᠤ᠂ ᠨᠢᠭᠡ ᠰᠠᠷ᠎ᠠ ᠠᠵᠢᠠᠠᠯᠠᠭᠠᠳ ᠭᠡᠮ ᠭᠢᠵᠢᠭ ᠦᠭᠡᠢ ᠪᠤᠯ ᠰᠠᠶ᠋ᠢ ᠰᠦᠷᠦᠭ ᠲᠤ ᠨᠡᠶᠢᠯᠡᠭᠦᠯᠵᠤ ᠠᠷᠠᠴᠢᠯᠠᠨ ᠲᠡᠵᠢᠭᠡᠵᠤ ᠦᠷᠡᠵᠢᠭᠦᠯᠵᠤ
ᠪᠤᠯᠤᠨ᠎ᠠ᠃ ᠲᠠᠤᠯᠠᠢ  ᠶᠢᠨ ᠡᠭᠦᠷ᠂ ᠲᠠᠤᠯᠠᠢ  ᠶᠢᠨ ᠰᠢᠩᠭᠡᠯᠢᠭ  ᠢ ᠤᠯᠠᠷᠢᠯ ᠪᠤᠯᠭᠠᠨ ᠳᠤ ᠡᠮᠳᠤ ᠪᠤᠳᠠᠰ  ᠢᠶᠠᠷ ᠨᠢᠭᠡ ᠤᠳᠠᠭ᠎ᠠ ᠭᠦᠢᠴᠡᠳ
ᠠᠷᠢᠭᠤᠳᠬᠠᠬᠤ ᠭᠡᠷᠡᠭᠳᠡᠢ᠃ ᠲᠠᠷᠤᠢ 2%  ᠤᠨ ᠤᠰᠤᠮᠬᠠᠳᠤ ᠨᠠᠲᠷᠢ  ᠶᠢᠨ ᠠᠭᠤᠰᠤᠮᠠᠯ᠂ ᠡᠰᠡᠭᠦᠯ᠎ᠠ 20%  ᠶᠢᠨ ᠴᠠᠶᠢᠷᠠᠭᠤᠯᠬᠤ ᠨᠤᠨᠳᠠᠭ ᠪᠤᠶᠤ
20%  ᠶᠢᠨ ᠴᠤᠬᠤᠢ  ᠶᠢᠨ ᠤᠰᠤ ᠪᠠᠷ ᠠᠷᠢᠭᠤᠳᠬᠠᠨ᠎ᠠ᠃ ᠡᠶᠢᠮᠤ ᠠᠴᠠ ᠲᠤᠠᠠᠳ᠋ᠬᠠᠰᠠᠨ ᠬᠤᠭᠤᠴᠠᠭ᠎ᠠ ᠲᠠᠢ ᠪᠠᠷ ᠸᠠᠺᠼᠢᠨ  ᠤ ᠲᠠᠷᠢᠯᠭ᠎ᠠ ᠲᠠᠷᠢᠵᠤ᠂ ᠲᠠᠤᠯᠠᠢ  ᠶᠢᠨ ᠭᠢᠵᠢᠭ ᠠᠴᠠ ᠭᠡᠯᠳᠦᠷᠢᠭᠦᠯᠭᠦ ᠲᠠᠰ ᠲᠠᠷᠠᠭᠠᠯᠠᠯ  ᠢᠶᠠᠷ ᠶᠠᠪᠤᠠᠠᠳᠠᠭᠤᠯᠪᠠᠯ ᠵᠤᠭᠢᠨ᠎ᠠ᠃
   20 ~ 30 ᠡᠳᠤᠷ ᠪᠤᠯᠵᠤ ᠪᠠᠶᠢᠭ᠎ᠠ ᠨᠢᠯᠬ᠎ᠠ ᠪᠦᠵᠦᠩ ᠳᠤ ᠲᠠᠤᠯᠠᠢ  ᠶᠢᠨ ᠮᠢᠯᠵᠠᠩ  ᠤᠨ ᠭᠢᠵᠢᠭ  ᠤᠨ ᠸᠠᠺᠽᠢᠨ  ᠢ ᠲᠠᠷᠢᠨ᠎ᠠ᠂
ᠲᠠᠤᠯᠠᠢ ᠪᠦᠷᠢ  ᠶᠢᠨ ᠠᠷᠠᠰᠤᠨ ᠳᠤ ᠨᠢ 1 ᠮᠢᠯᠢᠯᠢᠲᠷ  ᠤᠨ ᠭᠡᠮᠵᠢᠶ᠎ᠠ ᠪᠠᠷ ᠲᠠᠤᠯᠠᠢ  ᠶᠢᠨ ᠮᠢᠯᠵᠠᠩ  ᠤᠨ ᠭᠢᠵᠢᠭ  ᠤᠨ ᠸᠠᠺᠼᠢᠨ  ᠢ ᠲᠠᠷᠢᠨ᠎ᠠ᠂ 7
ᠡᠳᠤᠷ ᠪᠤᠯᠪᠠᠯ ᠲᠠᠷᠢ ᠭᠢᠵᠢᠭ ᠠᠴᠠ ᠭᠡᠯᠳᠦᠷᠢᠭᠦᠯᠭᠦ ᠴᠢᠳᠠᠪᠤᠷᠢ ᠲᠠᠢ ᠪᠤᠯᠵᠤ᠂ ᠭᠢᠵᠢᠭ ᠠᠴᠠ ᠭᠡᠯᠳᠦᠷᠢᠭᠦᠯᠭᠦ ᠬᠤᠭᠤᠴᠠᠭ᠎ᠠ ᠨᠢ ᠬᠠᠭᠠᠰ ᠵᠢᠯ  ᠤᠨ
ᠭᠦᠴᠤᠨ ᠲᠠᠢ ᠪᠦᠭᠡᠳ ᠵᠢᠯ ᠪᠦᠷᠢ ᠬᠤᠶᠠᠷ ᠤᠳᠠᠭ᠎ᠠ ᠲᠠᠷᠢᠯᠭ᠎ᠠ ᠲᠠᠷᠢᠬᠤ ᠭᠡᠷᠡᠭᠳᠡᠢ᠃
   ᠪᠦᠵᠦᠩ 30 ᠡᠳᠤᠷ ᠠᠴᠠ ᠲᠡᠭᠡᠭᠰᠢ ᠪᠤᠯᠬᠤ ᠦᠶ᠎ᠠ ᠳᠤ ᠲᠠᠤᠯᠠᠢ  ᠶᠢᠨ ᠫᠠᠰᠲᠸᠤᠶᠢᠷ ᠰᠠᠪᠬᠠᠨ ᠪᠠᠺᠲ᠋ᠧᠷᠢ  ᠶᠢᠨ ᠢᠳᠡᠪᠭᠢ
ᠦᠭᠡᠶᠢᠳᠡᠭᠦᠯᠭᠦ ᠸᠠᠺᠼᠢᠨ  ᠢ ᠭᠡᠷᠡᠭᠯᠡᠵᠤ᠂ ᠲᠠᠤᠯᠠᠢ ᠪᠦᠷᠢ  ᠶᠢᠨ ᠠᠷᠠᠰᠤᠨ ᠲᠤᠤᠷ᠎ᠠ ᠪᠤᠶᠤ ᠪᠤᠯᠴᠢᠩ ᠮᠢᠬᠠᠨ ᠳᠤᠨᠢ 1 ᠮᠢᠯᠢᠯᠢᠲᠷ ᠲᠠᠷᠢᠨ᠎ᠠ᠂ 14
ᠡᠳᠤᠷ ᠠᠯᠤᠰᠯᠬᠠᠰᠠᠨ  ᠤ ᠲᠠᠷᠠᠭ᠎ᠠ ᠲᠠᠭᠢᠨ ᠨᠢᠭᠡ ᠤᠳᠠᠭ᠎ᠠ ᠭᠢᠵᠢᠭ ᠠᠴᠠ ᠭᠡᠯᠳᠦᠷᠢᠭᠦᠯᠭᠦ  ᠶᠢ ᠭᠦᠴᠦᠵᠢᠭᠦᠯᠦᠨ᠎ᠠ᠂ ᠭᠢᠵᠢᠭ ᠠᠴᠠ ᠭᠡᠯᠳᠦᠷᠢᠭᠦᠯᠭᠦ
ᠬᠤᠭᠤᠴᠠᠭ᠎ᠠ ᠨᠢ 6 ᠰᠠᠷ᠎ᠠ ᠪᠠᠶᠢᠵᠤ᠂ ᠵᠢᠯ ᠳᠤ ᠲᠠᠤᠯᠠᠢ ᠪᠦᠷᠢ ᠳᠤ 4 ᠤᠳᠠᠭ᠎ᠠ ᠲᠠᠷᠢᠯᠭ᠎ᠠ ᠲᠠᠷᠢᠨ᠎ᠠ᠃
   ᠭᠡᠭᠡᠯᠳᠡᠢ ᠡᠮ᠎ᠠ ᠲᠠᠤᠯᠠᠢ  ᠶᠢ ᠪᠦᠵᠦᠩᠯᠡᠭᠦ ᠠᠴᠠ ᠡᠮᠦᠨ᠎ᠠ 2 ~ 3 ᠭᠠᠷᠠᠭ ᠪᠤᠶᠤ ᠰᠦ ᠠᠴᠠ ᠨᠢ ᠰᠠᠯᠭᠠᠬᠤ ᠠᠴᠠ ᠡᠮᠦᠨ᠎ᠠ 1
ᠭᠠᠷᠠᠭ ᠡᠰᠡᠭᠦᠯ᠎ᠠ ᠦᠷᠡᠵᠢᠵᠤ ᠭᠦᠢᠴᠡᠭᠰᠡᠨ ᠲᠠᠤᠯᠠᠢ ᠳᠤ᠂ ᠲᠠᠤᠯᠠᠢ  ᠶᠢᠨ ᠰᠠᠯᠪᠤᠷᠢ ᠮᠦᠭᠡᠷᠰᠤᠨ ᠬᠤᠭᠤᠯᠠᠢ  ᠶᠢᠨ ᠴᠢᠰᠤ ᠦᠵᠢᠷᠡᠭᠦ ᠭᠡᠮ  ᠤᠨ
ᠫᠠᠰᠲᠸᠦ᠋ᠷ ᠰᠠᠪᠬᠠᠨ ᠪᠠᠺᠲ᠋ᠧᠷᠢ  ᠶᠢᠨ ᠢᠳᠡᠪᠭᠢ ᠦᠭᠡᠶᠢᠳᠡᠭᠦᠯᠭᠦ ᠲᠠᠩ ᠦᠷᠳᠡᠭᠳᠤ ᠪᠠᠺᠲ᠋ᠧᠷᠢ ᠪᠠᠷ ᠭᠢᠵᠢᠭ ᠠᠴᠠ ᠭᠡᠯᠳᠦᠷᠢᠭᠦᠯᠵᠤ᠂ ᠲᠠᠤᠯᠠᠢ ᠪᠦᠷᠢ
᠎ ᠶᠢᠨ ᠠᠷᠠᠰᠤᠨ ᠳᠤ ᠨᠢ 1 ᠮᠢᠯᠢᠯᠢᠲᠷ  ᠤᠨ ᠭᠡᠮᠵᠢᠶ᠎ᠠ ᠪᠠᠷ ᠲᠠᠷᠢᠨ᠎ᠠ᠃ 7 ᠡᠳᠤᠷ ᠲᠤ ᠭᠢᠵᠢᠭ ᠠᠴᠠ ᠭᠡᠯᠳᠦᠷᠢᠭᠦᠯᠭᠦ ᠴᠢᠳᠠᠪᠤᠷᠢ ᠲᠠᠢ ᠪᠤᠯᠵᠤ ᠭᠢᠵᠢᠭ
᠎ ᠠᠴᠠ ᠭᠡᠯᠳᠦᠷᠢᠭᠦᠯᠭᠦ ᠬᠤᠭᠤᠴᠠᠭ᠎ᠠ ᠨᠢ ᠬᠠᠭᠠᠰ ᠵᠢᠯ ᠪᠤᠯᠤᠨ᠎ᠠ᠃ ᠵᠢᠯ ᠪᠦᠷᠢ ᠬᠤᠶᠠᠷ ᠤᠳᠠᠭ᠎ᠠ ᠲᠠᠷᠢᠯᠭ᠎ᠠ ᠲᠠᠷᠢᠨ᠎ᠠ᠃
   30 ᠡᠳᠤᠷ ᠠᠴᠠ ᠲᠡᠭᠡᠭᠰᠢ ᠪᠤᠯᠤᠠᠠᠰᠠᠨ ᠲᠠᠤᠯᠠᠢ ᠳᠤ ᠲᠠᠤᠯᠠᠢ  ᠶᠢᠨ ᠸᠢᠳ᠋ᠮᠠᠨ  ᠤ ᠢᠭᠯᠢᠭ ᠪᠠᠺᠲ᠋ᠧᠷᠢ  ᠶᠢᠨ ᠢᠳᠡᠪᠭᠢ ᠸᠠᠺᠼᠢᠨ  ᠢ
ᠲᠠᠷᠢᠵᠤ ᠭᠢᠵᠢᠭ ᠠᠴᠠ ᠭᠡᠯᠳᠦᠷᠢᠭᠦᠯᠦᠨ᠎ᠠ᠂ ᠲᠠᠤᠯᠠᠢ ᠪᠦᠷᠢ  ᠶᠢᠨ ᠠᠷᠠᠰᠤᠨ ᠲᠤᠤᠷ᠎ᠠ ᠪᠤᠶᠤ ᠪᠤᠯᠴᠢᠩ ᠮᠢᠬᠠᠨ ᠳᠤᠨᠢ 1 ᠮᠢᠯᠢᠯᠢᠲᠷ  ᠤᠨ ᠭᠡᠮᠵᠢᠶ᠎ᠠ ᠪᠠᠷ
ᠲᠠᠷᠢᠵᠤ᠂ 14 ᠡᠳᠤᠷ ᠠᠯᠤᠰᠯᠠᠭᠠᠳ ᠲᠠᠭᠢᠨ ᠨᠢᠭᠡ ᠤᠳᠠᠭ᠎ᠠ ᠭᠢᠵᠢᠭ ᠠᠴᠠ ᠭᠡᠯᠳᠦᠷᠢᠭᠦᠯᠭᠦ ᠪᠠᠷ ᠭᠦᠴᠦᠵᠢᠭᠦᠯᠦᠨ᠎ᠠ᠃ ᠭᠢᠵᠢᠭ ᠠᠴᠠ ᠭᠡᠯᠳᠦᠷᠢᠭᠦᠯᠭᠦ
ᠬᠤᠭᠤᠴᠠᠭ᠎ᠠ ᠨᠢ ᠬᠠᠭᠠᠰ ᠵᠢᠯ ᠪᠠᠶᠢᠵᠤ᠂ ᠲᠠᠤᠯᠠᠢ ᠪᠦᠷᠢ ᠳᠤ ᠵᠢᠯ ᠳᠤ ᠨᠠᠶᠢᠳᠡ 4 ᠤᠳᠠᠭ᠎ᠠ ᠲᠠᠷᠢᠯᠭ᠎ᠠ ᠲᠠᠷᠢᠨ᠎ᠠ᠃
   ᠸᠠᠺᠼᠢᠨ ᠢᠶᠠᠷ ᠤᠷᠢᠳᠴᠢᠯᠠᠨ ᠰᠡᠷᠭᠡᠶᠢᠯᠡᠭᠦ᠄ ᠡᠮ᠎ᠠ ᠲᠠᠤᠯᠠᠢ  ᠶᠢᠨ ᠲᠡᠯᠡᠩ  ᠤᠨ ᠦᠷᠪᠢᠰᠦᠯ  ᠢ ᠤᠷᠢᠳᠴᠢᠯᠠᠨ ᠰᠡᠷᠭᠡᠶᠢᠯᠡᠭᠦ ᠳᠤ᠂
ᠡᠮ᠎ᠠ ᠲᠠᠤᠯᠠᠢ  ᠶᠢ ᠪᠦᠵᠦᠩᠯᠡᠭᠰᠡᠨ  ᠤ ᠲᠠᠷᠠᠭᠠᠭᠢ ᠡᠳᠤᠷ ᠪᠦᠷᠢ 1 ᠭᠷᠡᠮ ᠲᠠᠭᠠᠭᠠᠮᠠᠭᠠᠢ ᠭᠦᠭᠦᠷᠯᠢᠭ ᠠᠮᠢᠨ  ᠤ ᠬᠠᠪᠳᠠᠭᠠᠢ ᠦᠭᠴᠤ ᠤᠤᠭᠤᠯᠭᠠᠨ᠎ᠠ᠂
ᠭᠡᠭᠦ ᠳᠡᠭᠡᠨ ᠬᠤᠶᠠᠷ ᠤᠳᠠᠭ᠎ᠠ ᠬᠤᠪᠢᠶᠠᠨ ᠵᠠᠯᠭᠠᠭ᠎ᠠ ᠪᠠᠷ 3 ᠡᠳᠤᠷ ᠦᠭᠴᠤ ᠤᠤᠭᠤᠯᠭᠠᠨ᠎ᠠ᠃ ᠪᠦᠵᠦᠩ  ᠤᠨ ᠴᠢᠴᠠᠭ᠎ᠠ ᠠᠯᠳᠠᠬᠤ  ᠶᠢ
ᠤᠷᠢᠳᠴᠢᠯᠠᠨ ᠰᠡᠷᠭᠡᠶᠢᠯᠡᠭᠦ ᠳᠤ ᠯᠢ ᠲᠧ ᠯᠢᠩ  ᠢ 5 ~ 10 ᠮᠢᠯᠢᠯᠢᠲᠷ  ᠤᠨ ᠭᠡᠮᠵᠢᠶ᠎ᠠ ᠪᠠᠷ ᠲᠡᠵᠢᠭᠡᠯ ᠪᠤᠷᠳᠤᠭ᠎ᠠ ᠳᠤᠨᠢ ᠬᠤᠯᠢᠵᠤ ᠲᠠᠵᠢᠭᠡᠨ᠎ᠡ᠃
ᠰᠠᠯᠪᠤᠷᠢ ᠮᠦᠭᠡᠷᠰᠤᠨ ᠬᠤᠭᠤᠯᠠᠢ  ᠶᠢᠨ ᠫᠠᠰᠲᠸᠦ᠋ᠷ ᠰᠠᠪᠬᠠᠨ ᠪᠠᠺᠲ᠋ᠧᠷᠢ ᠪᠤᠯᠤᠨ ᠫᠠᠰᠲᠸᠦ᠋ᠷ ᠰᠠᠪᠬᠠᠨ ᠪᠠᠺᠲ᠋ᠧᠷᠢ ᠵᠢᠴᠢ ᠪᠦᠮᠪᠤᠭᠡᠯᠢᠭ ᠬᠤᠷᠤᠬᠠᠢ  ᠶᠢᠨ
ᠬᠠᠯᠳᠠᠪᠤᠷᠢᠯᠡᠯ  ᠢ ᠤᠷᠢᠳᠴᠢᠯᠠᠨ ᠰᠡᠷᠭᠡᠶᠢᠯᠡᠭᠦ ᠳᠤ ᠭᠦᠭᠦᠷᠯᠢᠭ ᠠᠮᠢᠨ  ᠤ ᠬᠤᠶᠠᠷᠴᠢ ᠮᠧᠲ᠋ᠢᠯᠳᠤ ᠫᠢᠷᠢᠮᠢᠳᠢᠨ  ᠢ 0.4% ~ 0.5%  ᠶᠢᠨ
ᠭᠡᠮᠵᠢᠶ᠎ᠠ ᠪᠠᠷ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠨ᠎ᠠ᠂ ᠡᠳᠤᠷ ᠲᠤ ᠬᠤᠶᠠᠷ ᠤᠳᠠᠭ᠎ᠠ᠂ ᠵᠠᠯᠭᠠᠭ᠎ᠠ ᠪᠠᠷ 3 ᠡᠳᠤᠷ ᠭᠡᠷᠡᠭᠯᠡᠨ᠎ᠡ᠃ ᠡᠮᠳᠤ
ᠪᠤᠳᠠᠰ  ᠢᠶᠠᠷ ᠤᠷᠢᠳᠴᠢᠯᠠᠨ ᠰᠡᠷᠭᠡᠶᠢᠯᠡᠭᠦ ᠳᠤ ᠡᠮ  ᠤᠨ ᠡᠰᠡᠷᠭᠦ ᠴᠢᠨᠠᠷ ᠡᠭᠦᠰᠭᠦ  ᠶᠢ ᠠᠩᠬᠠᠷᠴᠤ᠂ ᠶᠠᠮᠠᠷ ᠨᠢᠭᠡᠨ ᠵᠤᠶᠢᠯ  ᠤᠨ ᠡᠮᠳᠤ ᠪᠤᠳᠠᠰ  ᠢ
ᠤᠷᠳᠤ ᠬᠤᠭᠤᠴᠠᠭ᠎ᠠ ᠪᠠᠷ ᠭᠡᠷᠡᠭᠯᠡᠭᠦ  ᠶᠢ ᠠᠩᠬᠠᠷᠪᠠᠯ ᠵᠤᠭᠢᠨ᠎ᠠ᠃
   ᠲᠤᠠᠠᠳ᠋ᠬᠠᠰᠠᠨ ᠬᠤᠭᠤᠴᠠᠭ᠎ᠠ ᠲᠠᠢ ᠪᠠᠷ ᠬᠤᠷᠤᠬᠠᠢ ᠲᠠᠭᠤᠬᠤ ᠳᠤ᠂ ᠫᠷᠦᠫᠢᠯ ᠭᠦᠭᠦᠷ  ᠤᠨ ᠢᠮᠢᠳᠠᠽᠤᠯ  ᠢ ᠺᠢᠯᠦᠭᠷᠡᠮ ᠪᠦᠷᠢ ᠪᠡᠶ᠎ᠠ
᠎ ᠶᠢᠨ ᠭᠦᠨᠳᠤ ᠳᠤ 40 ᠮᠢᠯᠢᠭᠷᠡᠮ  ᠤᠨ ᠭᠡᠮᠵᠢᠶ᠎ᠠ ᠪᠠᠷ ᠪᠦᠭᠦ ᠰᠦᠷᠦᠭ ᠲᠤ ᠬᠤᠷᠤᠬᠠᠢ ᠲᠠᠭᠤᠬᠤ ᠭᠡᠷᠡᠭᠳᠡᠢ᠂ ᠡᠭᠦᠨ ᠢ ᠵᠢᠯ ᠪᠦᠷᠢ  ᠶᠢᠨ ᠬᠠᠪᠤᠷ
ᠨᠠᠮᠤᠷ ᠬᠤᠶᠠᠷ ᠤᠳᠠᠭ᠎ᠠ ᠶᠠᠪᠤᠠᠠᠳᠠᠭᠤᠯᠤᠨ᠎ᠠ᠃ ᠪᠦᠵᠦᠩ  ᠢ ᠰᠦ ᠠᠴᠠ ᠨᠢ ᠰᠠᠯᠭᠠᠠᠠᠰᠠᠨ  ᠤ ᠲᠠᠷᠠᠭᠠᠭᠢ ᠡᠳᠤᠷ ᠪᠦᠷᠢ ᠳᠤ ᠾᠯᠦᠷᠳᠤ ᠪᠧᠨ᠋ᠽᠧᠨ᠋ᠳᠤ
ᠭᠤᠸᠠᠨᠢᠳᠢᠨ  ᠢ ᠨᠢᠭᠡ ᠬᠠᠪᠳᠠᠭᠠᠢ ᠦᠭᠴᠤ ᠤᠤᠭᠤᠯᠭᠠᠵᠤ᠂ ᠦᠷᠭᠦᠯᠵᠢᠯᠡᠨ ᠭᠤᠷᠪᠡᠨ ᠰᠠᠷ᠎ᠠ ᠤᠤᠭᠤᠯᠭᠠᠪᠠᠯ ᠲᠠᠤᠯᠠᠢ  ᠶᠢᠨ ᠪᠦᠮᠪᠤᠭᠡᠯᠢᠭ ᠬᠤᠷᠤᠬᠠᠢ
᠎ ᠶᠢᠨ ᠭᠡᠮ  ᠢ ᠰᠡᠷᠭᠡᠶᠢᠯᠡᠨ᠎ᠡ᠂ ᠠ ᠸᠧᠢ ᠪᠠᠺᠲ᠋ᠧᠷᠢ ᠡᠳ᠋  ᠤᠨ ᠲᠠᠷᠢᠯᠭ᠎ᠠ  ᠶᠢᠨ ᠰᠢᠩᠭᠡᠨ  ᠢ ᠪᠤᠯᠴᠢᠩ ᠮᠢᠬᠠᠨ ᠳᠤᠨᠢ ᠲᠠᠷᠢᠪᠠᠯ ᠲᠠᠤᠯᠠᠢ  ᠶᠢᠨ ᠬᠠᠴᠢᠭ ᠭᠡᠮ  ᠢ ᠰᠡᠷᠭᠡᠶᠢᠯᠡᠵᠤ ᠲᠡᠶᠢᠯᠦᠨ᠎ᠠ᠃
 



  
     
     