-
758
ᠨᠢᠭᠡ ᠂ ᠵᠦᠢᠷ ᠰᠡᠴᠡᠨ ᠦᠭᠡ
2025-06-09 15:50
0
0
ᠨᠢᠭᠡᠳᠦᠭᠡᠷ ᠤᠨ ᠤ ᠲᠤᠤᠷᠠᠳᠤ ᠬᠤᠭᠤᠴᠠᠭᠠᠨ ᠤ
ᠴᠡᠭᠡᠵᠢᠯᠡᠯ ᠬᠤᠷᠠᠮᠳᠤᠭᠤᠯᠤᠯ
ᠨᠢᠭᠡ ᠂ ᠵᠦᠢᠷ ᠰᠡᠴᠡᠨ ᠦᠭᠡ
1.ᠠᠮᠠᠨ ᠤ ᠪᠡᠯᠭᠡ ᠬᠠᠮᠢᠭᠠᠰᠢ ᠪᠠᠨ ᠪᠤᠯ
ᠠᠰᠢᠳᠠ ᠶᠢᠨ ᠪᠡᠯᠭᠡ ᠲᠡᠶᠢᠰᠢ ᠪᠡᠨ
2.ᠦᠭᠡᠨ ᠦ ᠲᠦᠷᠦᠭᠦᠦ ᠮᠡᠨᠳᠦ
ᠡᠪᠡᠰᠦᠨ ᠦ ᠲᠦᠷᠦᠭᠦᠦ ᠠᠭᠢ
3.ᠴᠠᠭ ᠤᠨ ᠰᠠᠶᠢᠬᠠᠨ ᠬᠠᠪᠤᠷ
ᠨᠠᠰᠤᠨ ᠤ ᠰᠠᠶᠢᠬᠠᠨ ᠵᠠᠯᠠᠭᠤ
4.ᠴᠠᠭ ᠢᠶᠠᠷ ᠠᠯᠳᠠ ᠶᠢ ᠤᠯᠤᠨ᠎ᠠ
ᠠᠯᠳᠠ ᠪᠠᠷ ᠴᠠᠭ ᠢ ᠤᠯᠬᠤ ᠦᠭᠡᠢ
5.ᠠᠭᠤᠯᠠᠨ ᠤ ᠴᠢᠮᠡᠭ ᠮᠤᠳᠤ
ᠤᠬᠠᠭᠠᠨ ᠤ ᠴᠢᠮᠡᠭ ᠡᠷᠳᠡᠮ
6.ᠡᠳ᠋ ᠦᠨ ᠪᠠᠶᠠᠨ ᠨᠢᠭᠡᠨ ᠦᠶ᠎ᠡ
ᠡᠷᠳᠡᠮ ᠦᠨ ᠪᠠᠶᠠᠨ ᠲᠦᠮᠡᠨ ᠦᠶ᠎ᠡ
7.ᠨᠢᠭᠡ ᠲᠦᠷᠦᠯ ᠦᠨ ᠡᠴᠢᠭᠡ ᠡᠬᠡ
ᠠᠷᠪᠠᠨ ᠲᠦᠷᠦᠯ ᠦᠨ ᠪᠠᠭᠰᠢ
8.ᠪᠠᠭᠰᠢ ᠪᠠᠨ ᠭᠤᠯᠤᠪᠠᠯ ᠡᠷᠳᠡᠮ ᠬᠤᠯᠠᠳᠠᠨ᠎ᠠ
ᠪᠤᠳᠠᠭ᠎ᠠ ᠪᠠᠨ ᠭᠤᠯᠤᠪᠠᠯ ᠭᠡᠳᠡᠰᠦ ᠦᠯᠦᠰᠦᠨᠡ
9.ᠵᠠᠩ ᠰᠠᠶᠢᠲᠠᠢ ᠬᠦᠮᠦᠨ ᠳᠦ ᠨᠦᠬᠦᠷ ᠤᠯᠠᠨ
ᠵᠠᠮᠠᠭ ᠰᠠᠶᠢᠲᠠᠢ ᠤᠰᠤᠨ ᠳᠤ ᠵᠢᠭᠠᠰᠤ ᠤᠯᠠᠨ
10.ᠠᠭᠲᠠ ᠶᠢᠨ ᠰᠠᠶᠢᠨ ᠢ ᠤᠨᠤᠨ ᠪᠠᠶᠢᠵᠤ ᠮᠡᠳᠡᠨ᠎ᠡ
ᠠᠨᠳᠠ ᠶᠢᠨ ᠰᠠᠶᠢᠨ ᠢ ᠶᠠᠪᠤᠨ ᠪᠠᠶᠢᠵᠤ ᠮᠡᠳᠡᠨ᠎ᠡ
11.ᠠᠵᠢᠯ ᠬᠢᠪᠡᠯ ᠲᠠᠭᠤᠰᠳᠠᠯ᠎ᠠ
ᠲᠠᠪᠤᠰᠤ ᠬᠢᠪᠡᠯ ᠠᠭᠤᠰᠳᠠᠯ᠎ᠠ
12.ᠠᠵᠢᠯᠰᠠᠭ ᠬᠦᠮᠦᠨ ᠦ ᠬᠦᠯᠦᠰᠦ ᠨᠢ ᠠᠷᠪᠢᠨ
ᠠᠯᠵᠠᠭᠤ ᠬᠦᠮᠦᠨ ᠦ ᠰᠢᠯᠦᠰᠦ ᠨᠢ ᠠᠷᠪᠢᠨ