 

ᠨᠢᠬᠡᠨ ᠲᠤᠬ ᠢ ᠬᠠᠮᠳᠦ ᠪᠠᠷ ᠮᠠᠨᠳᠤᠭᠤᠯᠵᠦ ᠡᠭᠡ ᠤᠯᠤᠰ ᠤᠨ ᠢᠶᠠᠨ ᠰᠠᠶᠢᠨ ᠰᠠᠶᠢᠬᠠᠨ ᠢ ᠬᠦᠰᠡᠨ ᠵᠦᠩᠨᠡᠨᠡᠮ

2019-10-04 12:25
  258
  0

  10 ᠰᠠᠷ᠎ᠠ ᠶᠢᠨ 1 ᠤ ᠦᠳᠡ ᠶᠢᠨ ᠡᠮᠦᠨ᠎ᠠ᠂ ᠦᠪᠦᠷ ᠮᠤᠩᠭᠤᠯ ᠤᠨ ᠨᠠᠮ ᠵᠠᠰᠠᠬ ᠤᠨ ᠶᠡᠷᠦᠩᠭᠡᠶᠢᠯᠡᠭᠰᠡᠨ ᠠᠯᠪᠠᠨ ᠠᠰᠠᠷ ᠤᠨ ᠡᠮᠦᠨᠡᠬᠢ ᠠᠭᠤᠳᠠᠮ ᠲᠠᠯᠠᠪᠠᠢ ᠳᠤ ᠦᠪᠡᠷᠳᠡᠬᠡᠨ ᠵᠠᠰᠠᠬᠤ ᠤᠷᠤᠨ ᠤ ᠡᠯ᠎ᠠ ᠦᠨᠳᠦᠰᠦᠳᠡᠨ ᠤ ᠡᠯ᠎ᠠ ᠡᠳᠡᠭᠡᠳ ᠤᠨ ᠲᠦᠯᠦᠭᠡᠯᠡᠭᠴᠢᠳ ᠤᠨ ᠪᠦᠬᠦᠳᠡ ᠨᠠᠶᠢᠷᠠᠮᠳᠠᠬᠤ ᠲᠤᠮᠳᠠᠳᠦ ᠠᠷᠠᠳ ᠤᠯᠤᠰ ᠪᠠᠶᠢᠭᠤᠯᠤᠭᠳᠠᠬᠰᠠᠨ 70 ᠵᠢᠯ ᠤᠨ ᠤᠢ ᠶᠢ ᠪᠡᠯᠬᠡᠯᠡᠬᠦ ᠤᠯᠤᠰ ᠤᠨ ᠲᠤᠭ ᠮᠠᠨᠳᠤᠭᠤᠯᠬᠤ ᠶᠤᠰᠤᠯᠠᠯ ᠦᠪᠡᠳᠡᠭᠰᠢ ᠶᠡᠭᠡ ᠪᠠᠷ ᠶᠠᠪᠤᠭᠳᠠᠵᠠᠢ᠃ ᠡᠯ᠎ᠠ ᠦᠨᠳᠦᠰᠦᠳᠡᠨ ᠡᠯ ᠎ᠠ ᠡᠳᠡᠭᠡᠳ ᠤᠨ 2800 ᠭᠠᠷᠤᠢ ᠲᠦᠯᠦᠭᠡᠯᠡᠭᠴᠢᠳ ᠤᠯᠤᠰ ᠤᠨ ᠲᠤᠭ ᠮᠠᠨᠳᠤᠭᠤᠯᠬᠤ ᠰᠦᠷ ᠵᠢᠪᠬᠤᠭᠠᠳᠦ ᠴᠠᠬ ᠮᠦᠴᠡ ᠶᠢ ᠬᠠᠮᠳᠤ ᠪᠠᠷ ᠦᠩᠭᠡᠷᠡᠬᠦᠯᠵᠦ᠂ ᠡᠭᠡ ᠤᠯᠤᠰ ᠤᠨ 70 ᠵᠢᠯ ᠤᠨ ᠤᠢ ᠶᠢ ᠬᠠᠮᠳᠤ ᠪᠠᠷ ᠪᠡᠯᠬᠡᠯᠡᠪᠡ᠃
  ᠠᠭᠤᠳᠠᠮ ᠲᠡᠯᠡᠪᠡᠢ ᠶᠢᠨ ᠠᠭᠤᠷ ᠠᠮᠢᠰᠬᠤᠯ ᠲᠦᠪ ᠶᠡᠬᠡᠮᠰᠦᠭ ᠪᠠᠶᠠᠷ ᠬᠦᠷ ᠲᠠᠢ᠃ ᠶᠡᠷᠦᠩᠭᠡᠶᠢᠯᠡᠭᠰᠡᠨ ᠠᠯᠪᠠᠨ ᠠᠰᠠᠷ ᠲᠤ ᠡᠯᠬᠦᠭᠰᠡᠨ ︽ᠪᠦᠬᠦᠳᠡ ᠨᠠᠶᠢᠷᠠᠮᠳᠠᠬᠤ ᠲᠤᠮᠳᠠᠳᠦ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠪᠡᠶᠡᠷᠯᠠᠨ ᠪᠡᠯᠬᠡᠯᠡᠶ᠎ᠠ︾᠂ ︽ᠦᠵᠡᠰᠬᠦᠯᠡᠩᠳᠦ ᠰᠠᠶᠢᠬᠠᠨ ᠦᠪᠦᠷ ᠮᠤᠩᠭᠤᠯ ᠢᠶᠠᠨ ᠪᠦᠳᠦᠬᠡᠨ ᠪᠠᠶᠢᠭᠤᠯᠵᠦ ᠠᠭᠤᠤ ᠶᠡᠭᠡ ᠲᠤᠮᠳᠠᠳᠦ ᠶᠢᠨ ᠵᠡᠬᠦᠳᠦ ᠪᠠᠨ ᠬᠠᠮᠳᠤ ᠪᠠᠷ ᠲᠡᠷᠬᠡᠯᠰᠢᠬᠦᠯᠦᠶ᠎ᠠ︾ ᠬᠡᠬᠦ ᠤᠯᠠᠭᠠᠨ ᠦᠡᠭᠭᠡ ᠲᠠᠢ ᠪᠢᠴᠢᠬᠡᠰᠦ ᠤᠨᠴᠠ ᠶᠢᠨ ᠢᠯᠡ ᠬᠠᠷᠠᠭᠳᠠᠨ᠎ᠠ᠃ ︽ᠡᠬᠡ ᠤᠯᠤᠰ ᠡ᠂ ᠡᠨᠡ ᠡᠳᠦᠷ ᠪᠤᠯ ᠲᠠᠨ ᠤ ᠲᠦᠷᠦᠭᠰᠡᠨ ᠡᠳᠦᠷ ᠮᠦᠨ︾᠂ ︽ᠪᠢ ᠡᠬᠡ ᠤᠯᠤᠰ ᠲᠠᠢ ᠪᠠᠨ︾ ᠭᠡᠬᠦ ᠤᠶᠠᠩᠭ᠎ᠠ ᠰᠠᠶᠢᠬᠠᠨ ᠠᠶ᠎ᠠ ᠲᠠᠭᠤᠤ ᠠᠭᠤᠳᠠᠮ ᠲᠠᠯᠠᠪᠠᠢ ᠳᠤ ᠴᠤᠤᠷᠢᠶᠠᠳᠦᠨ᠂ ᠠᠵᠢᠯᠯᠠᠭᠠᠨ ᠤ ᠬᠦᠰᠢᠬᠡ ᠶᠢ ᠰᠡᠬᠦᠪᠡ᠃
  ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠱᠦᠵᠢ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠡᠭᠭᠤ ᠶᠢᠨ ᠬᠤᠷᠢᠶᠠᠨ ᠤ ᠡᠷᠬᠢᠯᠡᠭᠴᠢ ᠯᠢ ᠵᠢᠢ ᠾᠸᠡᠭ ᠤᠯᠤᠰ ᠤᠨ ᠲᠤᠭ ᠮᠠᠨᠳᠤᠭᠤᠯᠬᠤ ᠶᠤᠰᠤᠯᠠᠯ ᠡᠬᠢᠯᠡᠭᠰᠡᠨ ᠢ ᠵᠡᠷᠯᠡᠪᠡ᠃ ᠤᠯᠠᠨ ᠢᠶᠠᠷ ᠢᠶᠠᠨ ᠠᠮᠢᠰᠬᠤᠭ᠎ᠠ ᠪᠠᠨ ᠲᠠᠷᠤᠵᠤ᠂ ᠬᠦᠯᠢᠶᠠᠨ᠎ᠠ᠂ ᠬᠦᠰᠡᠨ᠎ᠠ᠃ ᠭᠡᠨᠡᠳᠳᠡ ᠲᠤᠭ ᠬᠠᠮᠠᠭᠠᠯᠠᠬᠤ ᠶᠤᠰᠤᠯᠠᠯ ᠤᠨ ᠴᠡᠷᠢᠭ ᠤᠨ ᠵᠢᠭᠰᠠᠭᠠᠯ ᠲᠤᠷᠪᠢᠳᠠᠢ ᠵᠢᠭᠳᠡ ᠤᠷᠤᠭᠰᠢᠯᠠᠨ ᠠᠶᠢᠰᠤᠢ᠃
  ︽ᠤᠯᠤᠰ ᠤᠨ ᠲᠤᠭ ᠲᠤ ᠶᠤᠰᠤᠯᠠᠵᠠᠭᠠᠶ᠎ᠠ︕︾ ᠬᠡᠬᠦ ᠲᠤᠬᠢᠶ᠎ᠠ ᠰᠤᠨᠤᠰᠤᠭᠳᠠᠬᠤ ᠲᠠᠢ ᠵᠡᠷᠬᠡ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠰᠤᠷᠤᠭᠴᠢᠳ ᠢᠶᠠᠷ ᠪᠦᠷᠢᠯᠳᠦᠭᠰᠡᠨ ᠴᠡᠷᠢᠭ ᠤᠨ ᠭᠦᠭᠵᠢᠮ ᠤᠨ ᠪᠦᠯᠬᠦᠮ ᠤᠨ ᠬᠢᠨ ︽ᠵᠢᠷᠦᠮ ᠤᠨ ᠴᠡᠷᠢᠭ ᠤᠨ ᠤᠷᠤᠭᠰᠢᠯᠠᠯᠳᠠ ᠶᠢᠨ ᠭᠦᠭᠵᠢᠮ︾ ᠢ ᠭᠦᠭᠵᠢᠮᠳᠡᠵᠦ ᠡᠬᠢᠯᠡᠪᠡ᠃ ᠲᠤᠭ ᠮᠠᠨᠳᠤᠭᠤᠯᠤᠬᠴᠢ ᠪᠠᠷᠠᠭᠤᠨ ᠭᠠᠷ ᠢᠶᠠᠷ ᠢᠶᠠᠨ ᠲᠠᠪᠤᠨ ᠤᠳᠤᠳᠦ ᠤᠯᠠᠭᠠᠨ ᠲᠤᠭ ᠢ ᠬᠦᠭᠡ ᠤᠭᠳᠠᠷᠭᠤᠢ ᠲᠡᠶᠢᠰᠢ ᠬᠦᠴᠦᠳᠡᠢ ᠰᠠᠴᠤᠯ᠎ᠠ᠃ ᠡᠯ᠎ᠠ ᠡᠳᠡᠭᠡᠳ ᠤᠨ ᠬᠦᠮᠦᠰ ᠤᠯᠤᠰ ᠤᠨ ᠲᠤᠭ ᠲᠤ ᠴᠡᠷᠢᠭ ᠤᠨ ᠶᠤᠰᠦ᠂ ᠪᠦᠯᠬᠦᠮ ᠤᠨ ᠶᠤᠰᠦ᠂ ᠰᠢᠷᠳᠡᠨ ᠬᠠᠷᠠᠬᠤ ᠶᠤᠰᠤᠯᠠᠯ ᠬᠦᠢᠴᠡᠳᠬᠡᠪᠡ᠃
  ︽ᠪᠤᠰᠴᠠᠭ᠎ᠠ᠂ ᠪᠤᠭᠤᠯ ᠪᠤᠯᠬᠤ ᠲᠤᠷ᠎ᠠ ᠦᠬᠡᠢ ᠬᠦᠮᠦᠰ ᠡ ᠁︾ ᠪᠦᠬᠦ ᠲᠡᠯᠡᠪᠡᠢ ᠶᠢᠨ ᠬᠦᠮᠦᠰ ᠤᠯᠤᠰ ᠤᠨ ᠲᠠᠭᠤᠤ ᠶᠢ ᠬᠦᠩᠬᠢᠨᠡᠳᠡᠯ᠎ᠡ ᠲᠠᠭᠤᠯᠠᠵᠠᠭᠠᠨ᠎ᠠ᠂ ᠲᠠᠪᠤᠨ ᠤᠳᠤᠳᠦ ᠤᠯᠠᠭᠠᠨ ᠲᠤᠭ ᠠᠯᠭᠤᠷ ᠢᠶᠠᠷ ᠦᠨᠳᠦᠷ ᠲᠤ ᠮᠠᠨᠳᠤᠨ᠎ᠠ᠃
  ᠨᠢᠬᠡᠨ ᠲᠤᠬ ᠢ ᠬᠠᠮᠳᠦ ᠪᠠᠷ ᠮᠠᠨᠳᠤᠭᠤᠯᠵᠦ ᠡᠭᠡ ᠤᠯᠤᠰ ᠤᠨ ᠢᠶᠠᠨ ᠰᠠᠶᠢᠨ ᠰᠠᠶᠢᠬᠠᠨ ᠢ ᠬᠦᠰᠡᠨ ᠵᠦᠡᠭᠨᠠᠨ᠎ᠠ᠃ ᠡᠯ᠎ᠠ ᠦᠨᠳᠦᠰᠦᠳᠡᠨ ᠡᠯ᠎ᠠ ᠡᠳᠡᠭᠡᠳ ᠤᠨ ᠲᠦᠯᠦᠭᠡᠯᠡᠭᠴᠢᠳ ᠤᠨ ᠰᠡᠳᠬᠢᠯ ᠵᠢᠷᠦᠬᠡᠨ ᠤ ᠬᠦᠰᠡᠯ ᠵᠦᠡᠭᠨᠡᠯ ᠲᠠᠪᠤᠨ ᠤᠳᠤᠳᠦ ᠤᠯᠠᠭᠠᠨ ᠲᠤᠭ ᠲᠠᠢ ᠬᠠᠮᠳᠤ ᠪᠠᠷ ᠦᠨᠳᠦᠷ ᠲᠤ ᠮᠠᠨᠳᠤᠯ᠎ᠠ᠃
  ︽᠁ ᠡᠯᠢᠬᠡᠨ ᠬᠠᠶᠢᠷᠠᠳᠦ ᠡᠭᠡ ᠤᠯᠤᠰ ᠢᠶᠠᠨ ᠮᠠᠭᠳᠠᠨ ᠲᠠᠭᠤᠯᠠᠶ᠎ᠠ᠂ ᠦᠨᠤᠳᠦᠷ ᠠᠴᠠ ᠡᠬᠢᠯᠡᠨ ᠨᠡᠩ ᠪᠠᠳᠠᠷᠠᠨ    ᠬᠦᠴᠦᠷᠭᠡᠭᠵᠢᠳᠦᠭᠡᠢ︕︾ ᠴᠡᠷᠢᠭ ᠤᠨ ᠭᠦᠭᠵᠢᠮ ᠤᠨ ᠪᠦᠯᠬᠦᠮ ᠤᠨ ︽ᠡᠬᠡ ᠤᠯᠤᠰ ᠢᠶᠠᠨ ᠮᠠᠭᠳᠠᠨ ᠲᠠᠭᠤᠯᠠᠶ᠎ᠠ︾ ᠬᠡᠬᠦ ᠠᠶ᠎ᠠ ᠡᠬᠢᠯᠡᠬᠦ ᠲᠠᠢ ᠵᠡᠷᠬᠡ ᠺᠠᠳ᠋ᠷ ᠤᠯᠠᠨ ᠲᠦᠮᠡᠨ ᠦᠪᠡᠷ ᠤᠨ ᠡᠷᠭᠡ ᠦᠭᠡᠢ ᠲᠠᠭᠠᠨ ᠲᠠᠭᠤᠯᠠᠵᠠᠭᠠᠯ᠎ᠠ᠃ ︽ᠡᠬᠡ ᠤᠯᠤᠰ ᠡ᠂ ᠲᠠ ᠪᠤᠯ ᠮᠢᠨᠦ ᠤᠮᠤᠭᠰᠢᠯ︾᠂ ︽ᠡᠬᠡ ᠤᠯᠤᠰ ᠮᠢᠨᠢ ᠬᠦᠭᠵᠢᠨ ᠪᠠᠳᠠᠷᠠᠳᠤᠭᠠᠢ︾᠂ ︽ᠡᠬᠡ ᠤᠯᠤᠰ ᠡ ᠡᠵᠢ ᠮᠢᠨᠢ᠂ ᠲᠦᠷᠦᠭᠰᠡᠨ ᠡᠳᠦᠷ ᠤᠨ ᠪᠠᠶᠡᠷ ᠢ ᠴᠢᠨᠢ ᠪᠡᠯᠬᠡᠯᠡᠶ᠎ᠠ︾᠂ ︽ᠡᠬᠡ ᠤᠯᠤᠰ ᠡ᠂ ᠪᠢ ᠲᠠᠨ ᠳᠠᠭᠠᠨ ᠬᠠᠶᠢᠷᠠᠳᠠᠢ︾ ᠁ ᠠᠭᠤᠳᠠᠮ ᠲᠠᠯᠠᠪᠠᠢ ᠳᠤ᠂ ᠤᠯᠤᠰ ᠤᠨ ᠲᠤᠭ ᠤᠨ ᠲᠤᠤᠷ᠎ᠠ᠂ ᠬᠦᠮᠦᠰ ᠤᠨ ᠦᠷᠦ ᠵᠢᠷᠦᠬᠡᠨ ᠠᠴᠠ ᠤᠨᠳᠤᠷᠤᠬᠰᠠᠨ ᠤᠷᠢᠶ ᠎ᠠ ᠬᠠᠰᠬᠢᠷᠦᠯ ᠨᠡᠶᠢᠳᠡᠮ ᠴᠤᠤᠷᠢᠶᠠᠳᠤᠨ᠎ᠠ᠃
  ᠤᠯᠤᠰ ᠤᠨ ᠲᠤᠭ ᠪᠤᠯ ᠤᠯᠤᠰ ᠤᠨ ᠰᠢᠨᠵᠢ ᠲᠡᠮᠳᠡᠭ ᠪᠠ ᠪᠡᠯᠬᠡ ᠲᠡᠮᠳᠡᠭ ᠮᠦᠨ᠂ ᠲᠤᠰ ᠤᠳᠠᠭᠠᠨ ᠤ ᠤᠯᠤᠰ ᠤᠨ ᠲᠤᠭ ᠮᠠᠨᠳᠤᠭᠤᠯᠬᠤ ᠶᠤᠰᠤᠯᠠᠯ ᠤᠨ ᠵᠢᠯᠤᠭᠤᠳᠤᠭᠴᠢ ᠪᠤᠯᠤᠬᠰᠠᠨ ᠦᠪᠦᠷ ᠮᠤᠩᠭᠤᠯ ᠤᠨ ᠵᠠᠪᠰᠡᠭᠳᠤ ᠴᠠᠬᠳᠠᠭᠠᠨ ᠤ ᠶᠡᠷᠦᠩᠬᠡᠢ ᠠᠩᠬᠢ ᠶᠢᠨ ᠲᠠᠷᠤᠭ᠎ᠠ ᠪᠠᠶᠢᠯᠳᠤᠬᠴᠢ ᠡᠾᠧᠦ ᠶᠠᠨ ᠺᠠᠢ ᠳᠤ ᠠᠪᠴᠤ ᠬᠡᠯᠡᠪᠡᠯ ᠲᠦᠢᠯ ᠤᠨ ᠦᠩᠬᠡ ᠬᠡᠷᠡᠯᠳᠠᠢ ᠪᠠᠶᠢᠯ᠎ᠠ᠃ ︽ᠬᠡᠳᠦᠬᠡᠨ ᠰᠧᠺᠦ᠋ᠨ᠋ᠳ᠋ ᠤᠨ ᠵᠢᠯᠤᠭᠤᠳᠬᠤ ᠬᠦᠳᠡᠯᠬᠡᠬᠡᠨ ᠢ ᠲᠡᠬᠦᠯᠳᠡᠷ ᠰᠠᠶᠢᠬᠠᠨ ᠢᠯᠡᠷᠡᠬᠦᠯᠬᠦ ᠶᠢᠨ ᠲᠦᠯᠦᠬᠡ ᠪᠢ ᠪᠠᠷᠤᠭ 3 ᠰᠠᠷ᠎ᠠ ᠰᠢᠬᠠᠮ ᠪᠤᠯᠪᠠᠰᠤᠷᠠᠵᠤ᠂ ᠬᠦᠳᠡᠯᠬᠡᠬᠡᠨ ᠨᠢᠬᠡ ᠪᠦᠷᠢ ᠶᠢ ᠤᠨᠤᠪᠴᠢᠳᠠᠢ ᠰᠠᠶᠢᠬᠠᠨ ᠬᠢᠵᠦ᠂ ᠡᠬᠡ ᠤᠯᠤᠰ ᠲᠠᠭᠠᠨ ᠪᠡᠯᠡᠭ ᠪᠤᠯᠭᠠᠨ ᠪᠠᠷᠢᠬᠤ ᠪᠠᠷ ᠴᠢᠷᠮᠠᠶᠢᠬᠰᠠᠨ ᠶᠤᠮ︾ ᠬᠡᠵᠤ ᠲᠡᠷᠡ ᠬᠡᠯᠡᠵᠤ ᠪᠠᠶᠢᠯ᠎ᠠ᠃
  ᠰᠢᠨ᠎ᠠ ᠭᠠᠷᠤᠭ᠎ᠠ ᠲᠡᠭᠡᠷ᠎ᠡ ᠠᠴᠠ ᠲᠠᠬᠢᠨ ᠡᠷᠡᠮᠡᠬᠡᠶᠢᠯᠡᠨ ᠤᠷᠤᠬᠰᠢᠯᠠᠨᠠᠮ᠃ ᠤᠯᠤᠰ ᠤᠨ ᠲᠤᠭ ᠮᠠᠨᠳᠤᠭᠤᠯᠬᠤ ᠶᠤᠰᠤᠯᠠᠯ ᠳᠤ ᠤᠷᠤᠯᠴᠠᠬᠰᠠᠨ ᠺᠠᠳ᠋ᠷ ᠤᠯᠠᠨ ᠲᠦᠮᠡᠨ᠂ ᠰᠢ ᠶᠢᠨ ᠫᠢᠩ ᠨᠦᠬᠦᠷ ᠢᠶᠠᠷ ᠭᠤᠤᠯ ᠪᠤᠯᠭᠠᠬᠰᠠᠨ ᠨᠠᠮ ᠤᠨ ᠲᠦᠪ ᠬᠤᠷᠢᠶᠠᠨ ᠤ ᠲᠤᠭᠤᠷᠢᠨ ᠳᠤ ᠨᠡᠩ ᠨᠢᠬᠳᠠᠷᠠᠨ ᠪᠦᠯᠬᠦᠮᠳᠡᠵᠤ᠂ ᠶᠡᠷᠦᠩᠬᠡᠢ ᠱᠦᠵᠢ ᠰᠢ ᠶᠢᠨ ᠫᠢᠩ ᠤᠨ ᠦᠪᠦᠷ ᠮᠤᠩᠭᠤᠯ ᠤᠨ ᠲᠤᠬᠠᠢ ᠴᠢᠬᠤᠯᠠ ᠶᠠᠷᠢᠶ᠎ᠠ ᠴᠢᠬᠤᠯᠠ ᠵᠢᠭᠠᠪᠤᠷᠢ ᠴᠤᠬᠤᠯᠠᠪᠤᠷᠢ ᠶᠢᠨ ᠵᠤᠷᠢᠭ ᠰᠠᠨᠠᠭ᠎ᠠ ᠶᠢ ᠬᠦᠨᠵᠡᠬᠡᠢ ᠲᠤᠭᠤᠰᠢᠯᠠᠭᠤᠯᠵᠤ᠂ ᠤᠭ ᠰᠠᠨᠠᠭ᠎ᠠ ᠪᠠᠨ ᠦᠯᠦ ᠮᠠᠷᠳᠠᠨ᠂ ᠡᠬᠦᠷᠬᠡ ᠬᠠᠷᠢᠭᠤᠴᠠᠯᠭ᠎ᠠ ᠪᠠᠨ ᠪᠠᠳᠤ ᠴᠡᠬᠡᠵᠢᠯᠠᠵᠤ᠂ ᠬᠡᠬᠦᠳᠡᠭ ᠲᠦᠬᠦᠷᠡᠩ ᠤᠯᠤᠰ ᠢᠶᠠᠨ ᠬᠠᠶᠢᠷᠠᠯᠠᠬᠤ ᠬᠠᠯᠠᠭᠤᠨ ᠰᠡᠳᠬᠢᠯᠬᠡ ᠪᠠᠨ ᠪᠤᠳᠠᠳᠤ ᠠᠵᠢᠯᠯᠠᠭ᠎ᠠ ᠪᠤᠯᠭᠠᠨ ᠬᠤᠪᠢᠷᠠᠭᠤᠯᠵᠤ᠂ ︽ᠦᠵᠡᠰᠬᠦᠯᠡᠩᠳᠤ ᠰᠠᠶᠢᠬᠠᠨ ᠦᠪᠦᠷ ᠮᠤᠩᠭᠤᠯ ᠢᠶᠠᠨ ᠪᠦᠳᠦᠬᠡᠨ ᠪᠠᠶᠢᠭᠤᠯᠵᠤ᠂ ᠠᠭᠤᠤ ᠶᠡᠭᠡ ᠲᠤᠮᠳᠠᠳᠤ ᠶᠢᠨ ᠵᠡᠬᠦᠳᠤ ᠪᠠᠨ ᠬᠠᠮᠳᠤ ᠪᠠᠷ ᠲᠡᠷᠬᠡᠯᠰᠢᠬᠦᠯᠬᠦ︾ ᠶᠢᠨ ᠲᠦᠯᠦᠬᠡ ᠴᠤᠴᠠᠯᠳᠠ ᠦᠬᠡᠢ ᠲᠡᠮᠡᠴᠡᠨ᠎ᠡ ᠬᠡᠵᠤ ᠢᠯᠡᠷᠬᠡᠶᠢᠯᠡᠵᠡᠬᠡᠪᠡ᠃ 6ᠵᠣᠬᠢᠶᠠᠭᠴᠢ᠄  ᠬᠦᠸᠧ ᠵᠢᠶᠦ᠋ᠨ ᠯᠸᠦ ᠮᠠ ᠵᠢᠶᠠᠨ ᠴᠢᠤᠸᠠᠨ ᠸᠠᠩ ᠫᠸᠡᠭ



  
     
     