-
313566
ᠴᠡᠩᠭᠡᠷ ᠠᠢᠯ
2023-10-19 15:27
10
0
ᠴᠡᠩᠭᠡᠷ ᠠᠢᠯ
ᠠᠭᠠᠷ ᠲᠡᠭᠷᠢ ᠮᠢᠨᠢ ᠴᠡᠩᠭᠡᠷ ᠢᠶᠡᠷ ᠢᠶᠡᠨ ᠪᠠᠢᠭᠠᠰᠠᠢ
ᠠᠭᠤᠳᠠᠮ ᠲᠠᠯ᠎ᠠ ᠮᠢᠨᠢ ᠨᠣᠭᠤᠭᠠᠨ ᠢᠶᠡᠷ ᠢᠶᠡᠨ ᠪᠠᠢᠭᠠᠰᠠᠢ
ᠠᠭᠤᠯᠠ ᠨᠢᠷᠤᠭᠤᠳ ᠮᠢᠨᠢ ᠬᠥᠬᠡ ᠪᠠᠷ ᠢᠶᠠᠨ ᠪᠠᠢᠭᠠᠰᠠᠢ
ᠤᠰᠤ ᠮᠥᠷᠡᠨ ᠮᠢᠨᠢ ᠣᠷᠣᠰᠬᠠᠯ ᠲᠠᠢ ᠪᠠᠢᠭᠠᠰᠠᠢ᠂᠂᠂
ᠵᠢᠯᠤᠭᠤᠴᠢ ᠵᠣᠯᠪᠤᠭ᠎ᠠ ᠶᠢᠨ ᠮᠠᠰᠢᠨ ᠤ ᠠᠶ᠎ᠠ ᠲᠠᠭᠣᠣ ᠬᠠᠩᠭᠢᠨᠠᠨ ᠳᠡᠯᠭᠡᠴᠡ ᠢ᠋ᠢᠨ ᠠᠷᠤ ᠦᠵᠡᠭᠳᠡᠯ ᠨᠢ ᠬᠡᠳᠦᠢ ᠭᠣᠶᠤ ᠤᠶᠠᠯᠳᠤᠨ ᠪᠠᠢᠯ᠎ᠠ ᠴᠦ ᠴᠣᠩᠬᠤᠨ ᠭᠠᠳᠠᠨᠠᠬᠢ ᠠᠮᠢᠳᠤ ᠪᠣᠳᠠᠳᠠᠢ ᠰᠠᠢᠬᠠᠨ ᠦᠵᠡᠭᠳᠡᠯ ᠳ᠋ᠤ ᠰᠣᠭᠳᠣᠭᠣᠷᠠᠭᠰᠠᠨ ᠮᠠᠨᠤᠰ ᠲᠤ ᠲᠡᠳᠡᠭᠡᠷ ᠨᠢ ᠪᠦᠷ ᠢᠯᠡᠭᠦᠴᠡ ᠪᠠᠢᠯ᠎ᠠ᠃
ᠠᠹᠠᠲ᠋ᠧ ᠮᠠᠰᠢᠨ ᠡᠳᠦᠷᠵᠢᠨ ᠠᠶᠠᠯᠠᠭᠰᠠᠭᠠᠷ ᠠᠷᠤ ᠬᠠᠩᠭᠠᠢ ᠶᠢᠨ ᠴᠡᠩᠭᠡᠷ ᠰᠤᠮᠤ ᠶᠢᠨ ᠬᠢᠯᠢ ᠳᠠᠪᠠᠭᠠᠳ ᠴᠦ ᠨᠡᠯᠢᠶᠡᠳ ᠤᠳᠠᠴᠢᠬᠠᠵᠠᠢ᠂ ᠨᠢᠭᠡ ᠮᠡᠳᠡᠬᠦ ᠳ᠋ᠤ ᠨᠠᠷᠠ ᠨᠢᠭᠡᠨᠲᠡ ᠰᠢᠩᠭᠡᠵᠦ ᠡᠭᠦᠯᠡᠨ ᠳᠡᠭᠡᠭᠦᠷ ᠤᠯᠠᠭᠠᠨ ᠲᠤᠶᠠᠭ᠎ᠠ ᠨᠢ ᠦᠯᠡᠳᠡᠭᠡᠳ᠂ ᠵᠣᠭᠠᠴᠢᠭᠰᠠᠳ ᠪᠢᠳᠡᠨ ᠢ ᠡᠳᠡ ᠬᠠᠮᠢᠭ᠎ᠠ ᠬᠦᠷᠬᠦ ᠬᠥᠮᠦᠰ ᠪᠣᠢ ᠭᠡᠵᠦ ᠭᠠᠢᠬᠠᠰᠢᠷᠠᠵᠦ ᠪᠣᠢ ᠰᠢᠭ ᠥᠩᠭᠡᠢᠨ ᠱᠠᠭᠠᠢᠨ᠎ᠠ᠃
ᠬᠥᠭᠡᠷᠦᠭᠡ ᠶᠡᠬᠡᠳᠡᠢ ᠵᠢᠯᠤᠭᠤᠴᠢ ᠵᠠᠯᠠᠭᠤ ᠮᠠᠰᠢᠨ ᠤ ᠲᠠᠭᠣᠣ ᠪᠠᠨ ᠳᠠᠭᠠᠨ ᠭᠢᠩᠰᠢᠨ ᠪᠠᠢᠭᠠᠰᠠᠭᠠᠷ ᠲᠡᠷᠭᠡ ᠪᠠᠷᠢᠭᠰᠠᠭᠠᠷ ᠶᠠᠳᠠᠷᠠᠭᠰᠠᠨ ᠪᠣᠯᠣᠯᠳᠠᠢ ᠡᠪᠰᠢᠶᠡᠯᠭᠡᠨ ᠡᠬᠢᠯᠡᠵᠦ᠄︽ ᠵᠣᠷᠢᠭᠰᠠᠨ ᠭᠠᠵᠠᠷ ᠪᠠᠰᠠ ᠨᠡᠯᠢᠶᠡᠳ ᠬᠣᠯᠠ ᠪᠠᠢᠨ᠎ᠠ ᠳ᠋ᠠ᠂ ᠡᠰᠡᠬᠦᠯ᠎ᠡ ᠪᠢᠳᠡ ᠵᠠᠮ ᠳ᠋ᠤ ᠪᠠᠨ ᠬᠣᠨᠤᠭᠯᠠᠨᠠ ᠤᠤ︖︾ ᠭᠡᠵᠦ ᠰᠠᠨᠠᠭᠠᠴᠢᠯᠠᠨ᠎ᠠ᠄︽ ᠬᠦᠢ᠂ ᠮᠠᠨᠤᠰ ᠢ ᠲᠠ ᠴᠢᠨᠢ ᠲᠡᠭᠡᠭᠡᠳ ᠬᠡᠭᠡᠷ᠎ᠡ ᠬᠣᠨᠤᠭᠤᠯᠵᠤ ᠬᠡᠳᠡ ᠳᠡᠷᠡᠯᠡᠭᠦᠯᠬᠦ ᠨᠢ ᠤᠤ︾ ᠭᠡᠵᠦ ᠬᠠᠵᠠᠭᠤ ᠳ᠋ᠤ ᠰᠠᠭᠤᠭᠰᠠᠨ ᠬᠠᠮᠳᠤ ᠵᠢᠭᠤᠴᠢᠯᠠᠭᠴᠢ ᠪᠠᠳᠣᠪᠡᠬᠢ ᠲᠣᠰᠪᠠᠯ᠄︽ ᠬᠥᠬᠡ ᠲᠡᠭᠷᠢ ᠪᠡᠷ ᠬᠥᠨᠵᠢᠯᠡ ᠬᠢᠵᠦ ᠬᠥᠷᠦᠰᠦᠲᠦ ᠭᠠᠵᠠᠷ ᠢ᠋ᠢᠠᠷ ᠲᠡᠪᠢᠰᠬᠡᠷ ᠪᠣᠯᠭᠠᠨ ᠬᠡᠭᠡᠷ᠎ᠡ ᠬᠣᠨᠤᠬᠤ ᠴᠢᠨᠢ ᠪᠠᠰᠠ ᠭᠣᠶᠤ ᠰᠢᠤ︾ ᠭᠡᠵᠦ ᠵᠤᠯᠪᠣᠭᠣ ᠮᠢᠰᠢᠪᠡᠯᠵᠡᠪᠡ᠂ ᠪᠠᠬᠠᠨ ᠶᠠᠪᠤᠭᠠᠳ ᠲᠡᠷᠡ᠄︽ ᠡᠰᠡᠬᠦᠯ᠎ᠡ ᠣᠷᠴᠢᠮ ᠤᠨ ᠠᠢᠯ ᠵᠤᠰᠠᠯᠠᠩ ᠢ᠋ᠢᠠᠷ ᠣᠷᠤᠬᠤ ᠤᠤ︖︾ ᠭᠡᠵᠦ ᠴᠢᠷᠠᠢᠴᠢᠯᠠᠪᠠ᠃ ᠡᠨᠡ ᠬᠥᠮᠦᠨ ᠴᠢᠨᠢ ᠬᠡᠯᠡᠭᠰᠡᠨ ᠳ᠋ᠤ ᠪᠠᠨ ᠬᠦᠷᠬᠦ ᠦᠭᠡᠢ ᠶᠠᠮᠠᠷ ᠬᠥᠮᠦᠨ ᠪᠣᠢ᠂ ᠠᠷᠭᠠᠯᠠᠵᠤ ᠢᠯᠡᠭᠦᠦ ᠮᠥᠩᠭᠦ ᠬᠣᠨᠵᠢᠬᠤ ᠭᠡᠵᠦ ᠪᠠᠢᠨᠠᠤ ᠭᠡᠵᠦ ᠪᠢ ᠪᠣᠳᠤᠵᠤ ᠠᠮᠵᠢᠪᠠ᠃
ᠪᠢᠳᠡ ᠴᠢᠨᠢ ᠥᠪᠦᠷ ᠣᠷᠤᠨ ᠳ᠋ᠤ ᠪᠠᠨ ᠪᠢᠰᠢ ᠠᠷᠤ ᠭᠠᠵᠠᠷ ᠪᠠᠢᠨ᠎ᠠ ᠰᠢᠤ ᠭᠡᠵᠦ ᠤᠤᠯ ᠤᠨ ᠭᠡᠷᠰᠡᠤ ᠵᠠᠩ ᠪᠠᠷ ᠢᠶᠠᠨ ᠣᠯᠠᠨ ᠵᠦᠢᠯ ᠪᠣᠳᠤᠵᠤ ᠵᠠᠪᠳᠤᠭᠰᠠᠨ ᠪᠢ ᠪᠡᠶ᠎ᠡ ᠪᠠᠨ ᠵᠢᠮᠡᠯᠡᠵᠦ ᠠᠪᠤᠭᠰᠠᠨ ᠢ᠋ᠢᠡᠨ ᠡᠭᠦᠨ ᠢᠶᠡᠨ ᠮᠡᠳᠡᠭᠳᠡᠬᠦ ᠦᠭᠡᠢ ᠵᠢ ᠬᠢᠴᠢᠶᠡᠵᠦ ᠶᠠᠳᠠᠷᠠᠭᠰᠠᠨ ᠪᠡᠶ᠎ᠡ ᠪᠠᠨ ᠨᠢᠭᠡ ᠰᠢᠯᠡᠭᠡᠵᠦ ᠠᠪᠤᠭᠠᠳ ᠬᠡᠳᠦᠨ ᠡᠳᠦᠷ ᠬᠠᠮᠲᠤ ᠪᠠᠢᠯᠴᠠᠭᠰᠠᠨ ᠲᠠᠨᠢᠯ ᠪᠣᠯᠤᠭᠰᠠᠨ ᠵᠢᠯᠤᠭᠤᠴᠢ ᠪᠠᠨ ᠯᠠᠪᠳᠠᠭᠤᠯᠵᠤ ᠠᠵᠢᠭᠯᠠᠪᠠᠯ᠂ ᠡᠳᠦᠷᠵᠢᠨ ᠲᠡᠷᠭᠡ ᠪᠠᠷᠢᠭᠰᠠᠨ ᠳᠡᠭᠡᠷ᠎ᠡ ᠪᠠᠨ ᠥᠩᠭᠡᠷᠡᠨ ᠭᠠᠷᠬᠤ ᠦᠵᠡᠮᠵᠢ ᠪᠣᠯᠭᠠᠨ ᠢ ᠮᠠᠨ ᠤ ᠪᠦᠭᠦᠳᠡ ᠳ᠋ᠤ ᠣᠢᠯᠭᠠᠭᠣᠯᠬᠣ ᠭᠡᠵᠦ ᠴᠢᠷᠮᠠᠢᠳᠠᠭ ᠬᠥᠮᠦᠨ ᠶᠠᠳᠠᠷᠠᠬᠤ ᠨᠢ ᠠᠷᠭ᠎ᠠ ᠦᠭᠡᠢ᠂ ᠲᠠᠬᠢᠪᠠᠯ ᠵᠠᠮ ᠳᠤᠮᠳᠠ ᠪᠢᠳᠡ ᠪᠠᠰᠠ ᠣᠯᠠᠨ ᠴᠦ ᠤᠳᠠᠭ᠎ᠠ ᠳᠡᠷᠭᠡ ᠵᠣᠭᠰᠤᠭᠠᠨ ᠦᠵᠡᠮᠵᠢ ᠰᠣᠨᠢᠷᠬᠠᠨ ᠲᠠᠮᠠᠬᠢ ᠳ᠋ᠠᠢ ᠣᠭᠣᠣᠯᠴᠠᠨ ᠴᠠᠭ ᠢ ᠠᠷᠪᠢᠨ ᠰᠠᠭᠠᠲᠠᠭᠠᠭᠰᠠᠨ ᠰᠢᠦ ᠳ᠋ᠠ᠂ ᠄︽ᠲᠠᠨᠢᠬᠤ ᠠᠢᠯ ᠪᠠᠢᠪᠠᠯ ᠬᠠᠷᠢᠯᠴᠠᠵᠤ ᠦᠵᠡᠬᠦ ᠤ᠋ᠤ ᠳ᠋ᠠ︾ ᠭᠡᠵᠦ ᠪᠢ ᠵᠥᠪᠰᠢᠶᠡᠷᠡᠭᠦ ᠡᠰᠡᠬᠦ ᠶᠢᠨ ᠬᠣᠭᠤᠷᠤᠨᠳᠤ ᠦᠭᠡ ᠫᠤᠤᠳᠠᠪᠠ᠃ ᠲᠡᠭᠡᠬᠦ ᠳ᠋ᠤ᠄︽ ᠡᠨᠳᠡ ᠲᠣᠯᠬᠢᠶᠠᠨ ᠪᠠᠢᠬᠤ ᠦᠭᠡᠢ᠂ ᠬᠠᠷᠢᠯᠴᠠᠵᠤ ᠲᠡᠢᠯᠬᠦ ᠦᠭᠡᠢ︾ ᠭᠡᠵᠦ ᠵᠣᠯᠪᠣᠭᠣ ᠮᠥᠷᠦ ᠪᠠᠨ ᠬᠠᠪᠴᠢᠰᠬᠢᠨ ᠠᠯᠠᠭ᠎ᠠ ᠪᠠᠨ ᠲᠡᠯᠭᠡᠪᠡ᠂ ᠠ ᠭᠡᠵᠦ ᠠᠮᠠ ᠠᠯᠳᠠᠬᠤ ᠡᠴᠡ ᠡᠮᠦᠨ᠎ᠡ ᠮᠠᠨ ᠤ ᠰᠠᠨᠠᠭᠠᠰᠢᠷᠠᠭᠰᠠᠨ ᠢ ᠮᠡᠳᠡᠭᠰᠡᠨ ᠰᠢᠭ᠄ ︽ᠲᠡᠷᠡ ᠴᠦ ᠭᠠᠢᠭᠤᠢ᠂ ᠮᠠᠨ ᠤ᠋ ᠮᠣᠩᠭᠤᠯᠴᠤᠳ ᠶᠡᠷᠣᠨᠢ ᠵᠣᠴᠢᠨᠰᠢᠭ ᠰᠢᠦ ᠳ᠋ᠠ︾ ᠭᠡᠵᠦ ᠵᠢᠯᠤᠭᠤᠴᠢ ᠢᠨᠢᠶᠡᠪᠡ᠃ ᠪᠢ ᠵᠤᠯᠪᠤᠭᠤ ᠶᠢᠨ ᠦᠭᠡᠨ ᠳ᠋ᠤ ᠳᠠᠭᠠᠷᠢᠭᠳᠠᠭᠰᠠᠨ ᠪᠣᠯᠵᠤ ᠳᠠᠭᠤ ᠦᠭᠡᠢ ᠪᠣᠯᠪᠠ᠃ ᠶᠡᠷᠦᠨᠢ ᠡᠨᠳᠡ ᠴᠢᠨᠢ ᠵᠢᠩᠬᠢᠨᠢ ᠮᠣᠩᠭᠤᠯ ᠭᠠᠵᠠᠷ ᠰᠢᠦ ᠳ᠋ᠠ᠃
ᠦᠵᠡᠳᠡᠯ᠎ᠡ ᠭᠠᠳᠠᠨ᠎ᠠ ᠨᠡᠯᠢᠶᠡᠳ ᠬᠠᠷᠠᠩᠭᠤᠢᠯᠠᠵᠤ ᠵᠠᠮ ᠴᠦ ᠪᠠᠷᠳᠠᠭ᠎ᠠ ᠤᠯᠠᠮ ᠨᠡᠮᠡᠭᠳᠡᠭᠰᠡᠨ ᠲᠤᠯᠠ ᠦᠨᠡᠨᠳᠡᠭᠡᠨ ᠬᠤᠷᠳᠤᠨ ᠨᠢᠭᠡ ᠭᠠᠵᠠᠷ ᠣᠯᠵᠤ ᠠᠮᠠᠷᠠᠬᠤ ᠨᠢ ᠲᠡᠭᠡᠳᠦ ᠪᠠᠢᠯ᠎ᠠ᠃ ︽ᠵᠠ᠂ ᠲᠡᠭᠡᠪᠡᠯ ᠲᠠᠨ ᠤ ᠪᠡᠷ ᠪᠣᠯᠤᠶ᠎ᠠ︾ ᠭᠡᠪᠡᠯ ︽ᠡᠨᠡᠭᠦᠬᠡᠨ ᠪᠠᠰᠠ ᠬᠡᠳᠦᠨ ᠠᠢᠯ ᠪᠠᠢᠳᠠᠭ︾ ᠭᠡᠳ ᠵᠢᠯᠤᠭᠤᠴᠢ ᠵᠢᠯᠤᠭᠤ ᠪᠠᠨ ᠡᠪᠳᠡᠢᠬᠡᠨ ᠵᠠᠯᠠᠪᠠᠯ ᠲᠡᠷᠭᠡ ᠨᠢ ᠴᠦ ᠲᠥᠬᠦᠭᠡᠷᠡᠭᠰᠡᠨ ᠪᠣᠯᠵᠤ ᠡᠮᠦᠨᠡᠬᠢ ᠰᠠᠯᠠᠭ᠎ᠠ ᠵᠠᠮ ᠢ ᠰᠢᠯᠣᠭᠣᠣᠬᠠᠨ ᠡᠯᠭᠦᠪᠡ᠂ ᠶᠠᠮᠠᠷ ᠠᠢᠯ ᠲᠠᠭᠠᠷᠠᠵᠤ ᠶᠠᠭᠠᠬᠢᠵᠦ ᠡᠪᠯᠡᠭᠡᠵᠦ ᠬᠣᠨᠤᠳᠠᠭ ᠪᠣᠯ᠂ ᠪᠢᠳᠡ ᠴᠢᠨᠢ ᠣᠷᠤᠢ ᠶᠢᠨ ᠬᠣᠭᠤᠯᠠ ᠴᠦ ᠢᠳᠡᠭᠡᠳᠦᠢ ᠤᠯᠤᠰ ᠰᠢᠦ ᠭᠡᠵᠦ ᠭᠡᠳᠡᠰᠦ ᠴᠢᠮᠡᠭᠡ ᠢᠷᠡᠵᠦ ᠪᠠᠢᠪᠠ᠃ ᠲᠡᠭᠡᠳᠡᠯ᠎ᠡ ᠲᠡᠷᠭᠡ ᠭᠣᠣᠯ ᠨᠢᠭᠡ ᠭᠡᠳᠦᠯᠵᠦ ᠭᠣᠷᠤᠬ᠎ᠠ ᠬᠣᠶᠠᠷ ᠲᠠᠮᠵᠢᠭᠠᠳ ᠨᠢᠭᠡ ᠭᠡᠷ ᠤᠨ ᠵᠠᠬ᠎ᠠ ᠳ᠋ᠤ ᠠᠯᠭᠤᠷᠬᠠᠨ ᠢᠷᠡᠵᠦ ᠵᠣᠭᠰᠤᠪᠠ᠃ ᠵᠠ᠂ ᠬᠦᠷᠦᠭᠰᠡᠨ ᠭᠡᠵᠦ ᠵᠢᠯᠤᠭᠤᠴᠢ ᠰᠠᠨᠠᠭ᠎ᠠ ᠠᠮᠠᠷᠠᠭᠰᠠᠨ ᠪᠣᠯᠵᠤ ᠲᠡᠷᠭᠡ ᠡᠴᠡ ᠪᠠᠨ ᠪᠠᠭᠤᠪᠠ᠂ ᠡᠪᠳᠡᠢ ᠰᠠᠭᠤᠳᠠᠯ ᠢ ᠨᠢ ᠡᠳ᠋ᠯᠡᠵᠦ ᠡᠭᠦᠳᠡᠨ ᠵᠠᠬ᠎ᠠ ᠳ᠋ᠤ ᠰᠠᠭᠤᠭᠰᠠᠨ ᠮᠢᠨᠦ ᠨᠢᠭᠡ ᠤᠷᠰᠢᠭ ᠭᠡᠪᠡᠯ ᠲᠡᠷᠭᠡᠨ ᠳ᠋ᠤ ᠭᠠᠷᠪᠠᠯ ᠰᠡᠭᠦᠯᠡᠷ ᠨᠢ᠂ ᠲᠡᠷᠭᠡᠨ ᠡᠴᠡ ᠪᠠᠭᠤᠪᠠᠯ ᠤᠷᠢᠳᠠᠪᠠᠷ ᠪᠠᠭᠤᠬᠤ ᠤᠴᠢᠷ ᠲᠠᠢ ᠲᠤᠯᠠ ᠰᠤᠷᠤᠭᠰᠠᠨ ᠢᠶᠡᠷ ᠢᠶᠡᠨ ᠰᠢᠭᠣᠣᠳ ᠯᠠ ᠡᠭᠦᠳᠡ ᠨᠡᠭᠡᠭᠡᠨ ᠪᠠᠭᠤᠪᠠ᠃ ᠵᠢᠭᠳᠡᠷᠡᠨ ᠰᠠᠭᠤᠷᠢᠯᠠᠭᠰᠠᠨ ᠭᠤᠷᠪᠠᠨ ᠮᠣᠩᠭᠤᠯ ᠭᠡᠷ ᠬᠣᠭᠤᠷᠤᠨᠳᠤ ᠪᠠᠨ ᠨᠡᠯᠢᠶᠡᠳ ᠵᠠᠢᠳᠠᠢ᠂ ᠮᠠᠨᠠᠢᠬᠢᠨ ᠬᠠᠮᠤᠭ ᠵᠡᠭᠦᠨ ᠵᠠᠬ᠎ᠠ ᠶᠢᠨ ᠭᠡᠷ ᠤᠨ ᠬᠠᠵᠠᠭᠤ ᠳ᠋ᠤ ᠵᠣᠭᠰᠤᠵᠤ᠂ ᠵᠣᠯᠪᠣᠭᠣ ᠶᠢᠨ ᠡᠮᠦᠨ᠎ᠡ ᠨᠢᠭᠡ ᠬᠠᠯᠳᠠᠷ ᠨᠣᠬᠠᠢ ᠡᠷᠭᠢᠴᠡᠵᠦ ᠪᠠᠢᠭᠰᠠᠨ ᠢ ᠬᠠᠷᠠᠭᠰᠠᠨ ᠪᠢ ᠥᠭᠡᠷ᠎ᠡ ᠨᠣᠬᠠᠢ ᠪᠠᠢᠭᠰᠠᠨ ᠢ ᠶᠡᠷᠦ ᠰᠠᠨᠠᠭᠠᠨ ᠳ᠋ᠤ ᠣᠷᠤᠭᠰᠠᠨ ᠦᠭᠡᠢ᠂ ᠭᠡᠨᠡᠳᠳᠡ ᠬᠠᠯᠲᠠᠷ ᠠ᠋ᠴᠠ ᠬᠣᠯᠠ ᠲᠣᠮᠤ ᠦᠰᠦ ᠨᠢ ᠰᠡᠭᠰᠡᠢᠭᠰᠡᠨ ᠬᠠᠷ᠎ᠠ ᠨᠣᠬᠠᠢ ᠥᠮᠦᠳᠦ ᠵᠢ ᠱᠦᠷᠭᠦᠭᠡᠨ ᠬᠠᠵᠠᠭᠤ ᠳ᠋ᠤ ᠵᠣᠭᠰᠤᠵᠤ ᠪᠠᠢᠭᠰᠠᠨ ᠳ᠋ᠤ ᠪᠦᠬᠦ ᠪᠡᠶ᠎ᠡ ᠬᠦᠢᠳᠡᠨ ᠬᠥᠯᠦᠰᠦ ᠴᠢᠭᠢᠭᠯᠡᠨ ᠠᠷᠠᠢ ᠯᠠ ᠬᠠᠷ᠎ᠠ ᠳᠠᠭᠤ ᠭᠠᠷᠤᠨ ᠵᠠᠪᠳᠤᠪᠠ᠃ ᠲᠡᠷᠭᠡᠨ ᠳ᠋ᠤ ᠲᠠᠬᠢᠭᠠᠳ ᠭᠠᠷᠴᠦ ᠴᠦ ᠯᠠᠪ ᠵᠠᠪᠳᠤᠬᠤ ᠦᠭᠡᠢ᠂ ᠬᠠᠭᠠᠯᠭ᠎ᠠ ᠨᠢ ᠣᠩᠭᠤᠢᠯᠲᠠᠲᠠᠢ ᠭᠡᠷ ᠲᠤ ᠣᠷᠤᠭᠠᠳ ᠴᠦ ᠨᠡᠩ ᠪᠣᠯᠬᠤ ᠦᠭᠡᠢ᠂ ᠲᠠᠨᠢᠬᠤ ᠦᠭᠡᠢ ᠬᠥᠮᠦᠨ ᠭᠡᠷ ᠥᠭᠡᠳᠡ ᠨᠢ ᠲᠡᠮᠡᠤᠯᠡᠨᠡ ᠭᠡᠳᠡᠭ ᠴᠢᠨᠢ ᠪᠦᠳᠦᠭᠦᠨ ᠬᠠᠷ᠎ᠠ ᠲᠠᠢ ᠲᠠᠢᠨ ᠵᠠᠷᠯᠠᠭᠰᠠᠨ ᠶᠠᠪᠤᠳᠠᠯ ᠭᠡᠵᠦ ᠮᠡᠳᠡ᠃ ᠵᠣᠯ ᠢ᠋ᠢᠠᠷ︽ᠮᠣᠩᠭᠤᠯ ᠨᠣᠬᠠᠢ ᠮᠣᠩᠭᠤᠯ ᠬᠥᠮᠦᠨ ᠳ᠋ᠤ ᠣᠷᠤᠳᠠᠭ ᠦᠭᠡᠢ ᠰᠢᠦ ︾ᠬᠡᠵᠦ ᠵᠣᠯᠪᠤᠭ᠎ᠠ ᠨᠠᠳᠠᠳᠤ ᠰᠣᠨᠤᠰᠭᠠᠭᠰᠠᠨ ᠢᠶᠡᠨ ᠬᠣᠯᠢᠮᠠᠭ ᠬᠡᠯᠡᠳᠡᠨ ᠳ᠋ᠤ ᠪᠣᠯ ᠬᠡᠯᠡᠬᠦ ᠶᠢᠨ ᠠᠷᠭ᠎ᠠ ᠦᠭᠡᠢ ᠬᠡᠵᠦ ᠢᠨᠢᠶᠡᠮᠰᠦᠭᠯᠡᠪᠡ᠃ ᠮᠣᠩᠭᠤᠯ ᠨᠢ ᠴᠦ ᠯᠠᠪ ᠮᠣᠩᠭᠤᠯ᠂ ᠮᠤᠰᠢᠭᠠᠢ ᠦᠭᠡ ᠪᠠᠨ ᠵᠠᠷᠤᠬᠤ ᠦᠭᠡᠢ ᠪᠣᠯ ᠭᠠᠢᠭᠤᠢ ᠪᠠᠢᠬᠤ ᠭᠡᠵᠦ ᠵᠣᠷᠢᠭᠯᠠᠭᠰᠠᠨ ᠪᠢ᠄︽ ᠵᠠ᠂ ᠰᠠᠢᠨ ᠪᠠᠢᠨᠠᠤ︖︾ ᠭᠡᠵᠦ ᠬᠥᠮᠦᠨ ᠪᠠᠢᠬᠤ ᠡᠰᠡᠬᠦ ᠵᠢ ᠦᠯᠦ ᠮᠡᠳᠡᠬᠦ ᠭᠡᠷ ᠥᠭᠡᠳᠡ ᠬᠠᠷᠠᠨ ᠮᠡᠨᠳᠦᠴᠢᠯᠡᠭᠰᠡᠨ ᠮᠢᠨᠢ ᠰᠣᠯᠤᠭᠠᠢ ᠬᠣᠭᠤᠯᠠᠢ ᠪᠣᠯᠵᠤ ᠲᠤᠭᠤᠯᠤᠭᠰᠠᠨ ᠴᠦ ᠲᠤᠰᠠ ᠳ᠋ᠤ ᠬᠦᠷᠴᠦ ᠮᠣᠩᠭᠤᠯ ᠬᠡᠰᠡᠨ ᠢ ᠮᠠᠭᠠᠳᠯᠠᠭᠰᠠᠨ ᠪᠣᠯᠤᠯᠲᠠᠢ ᠪᠦᠳᠦᠭᠦᠨ ᠬᠠᠷ᠎ᠠ ᠵᠠᠯᠬᠠᠭᠣᠢᠳᠠᠢᠬᠠᠨ ᠵᠠᠢᠯᠠᠵᠤ ᠬᠡᠷ ᠤᠨ ᠬᠠᠶᠠᠭ᠎ᠠ ᠪᠠᠨ ᠳᠡᠷᠡᠯᠡᠵᠦ ᠬᠡᠪᠳᠡᠪᠡ᠃
ᠬᠡᠳᠦᠭᠦᠯᠡ ᠪᠠᠨ ᠭᠡᠷ ᠲᠤ ᠣᠷᠤᠪᠠᠯ ᠬᠥᠮᠦᠨ ᠤ ᠪᠠᠷ᠎ᠠ ᠠᠯᠠᠭ᠎ᠠ᠂ ᠢᠯᠡᠢ᠂ ᠶᠠᠮᠠᠷ ᠬᠠᠰᠢ ᠪᠠᠨ ᠤᠯᠤᠰ ᠪᠣᠢ᠂ ᠡᠭᠦᠳᠡ ᠪᠠᠨ ᠴᠦ ᠴᠣᠣᠵᠢᠯᠠᠬᠤ ᠦᠭᠡᠢ ᠭᠡᠷ ᠢᠶᠡᠨ ᠣᠷᠬᠢᠭᠠᠳ ᠬᠠᠮᠢᠭ᠎ᠠ ᠶᠠᠪᠤᠳᠠᠭ ᠪᠣᠢ ᠭᠡᠵᠦ ᠪᠢᠳᠡ ᠭᠠᠰᠠᠯᠵᠤ ᠭᠠᠷᠪᠠ᠂ ᠡᠳᠡ ᠣᠨᠢᠰᠤ ᠵᠠᠷᠤᠬᠤ ᠦᠭᠡᠢ ᠯᠠ ᠳ᠋ᠠ ᠭᠡᠵᠦ ᠵᠣᠯᠪᠤᠭ᠎ᠠ ᠮᠠᠨᠤᠰ ᠢ ᠲᠣᠭᠣᠬᠢᠯᠠᠨ᠂ ᠬᠠᠨ᠎ᠠ ᠶᠢᠨ ᠵᠠᠪᠰᠠᠷ ᠡᠴᠡ ᠣᠳᠠᠰᠣ ᠣᠯᠵᠤ ᠲᠠᠳᠠᠪᠠᠯ ᠠᠰᠠᠭᠰᠠᠨ ᠴᠠᠬᠢᠯᠭᠠᠨ ᠳ᠋ᠧᠩ ᠪᠦᠬᠦ ᠭᠡᠷ ᠢ ᠲᠦᠩᠭᠡᠵᠦ ᠭᠡᠷᠡᠯᠳᠦᠬᠦᠯᠪᠡ᠂ ᠰᠠᠯᠬᠢᠨ ᠴᠠᠬᠢᠯᠭᠠᠨ ᠡᠭᠦᠰᠭᠡᠭᠴᠢ ᠶᠢᠨ ᠴᠠᠬᠢᠯᠭᠠᠨ ᠭᠡᠨ᠎ᠡ᠂ ᠭᠡᠪᠡᠴᠦ ᠭᠠᠷ ᠣᠳᠠᠰᠣ ᠴᠡᠨᠡᠭᠯᠡᠬᠦ ᠭᠠᠵᠠᠷ ᠡᠷᠢᠭᠡᠳ ᠣᠯᠣᠭᠰᠠᠨ ᠦᠭᠡᠢ᠂ ᠡᠳᠦᠷᠵᠢᠨ ᠵᠠᠮ ᠵᠠᠭᠤᠷ᠎ᠠ ᠢ᠋ᠢᠨ ᠦᠵᠡᠮᠵᠢ ᠵᠢ ᠰᠡᠭᠦᠳᠡᠷᠯᠡᠭᠰᠡᠭᠡᠷ ᠪᠠᠢᠭᠠᠳ ᠲᠡᠷᠭᠡᠨ ᠳᠡᠭᠡᠷ᠎ᠡ ᠴᠦ ᠴᠡᠨᠡᠭᠯᠡᠬᠦ ᠪᠠᠨ ᠮᠠᠷᠳᠠᠵᠣ ᠣᠳᠣ ᠪᠣᠯᠬᠤ ᠳ᠋ᠤ ᠴᠠᠬᠢᠯᠭᠠᠨ ᠦᠭᠡᠢ ᠭᠠᠷ ᠣᠳᠠᠰᠣ ᠪᠠᠰᠠ ᠬᠡᠷᠡᠭ ᠦᠭᠡᠢ ᠶᠠᠭᠤᠮ᠎ᠠ ᠪᠣᠯᠵᠤ ᠬᠣᠴᠤᠷᠪᠠ᠃
ᠤᠳᠠᠯ ᠦᠭᠡᠢ ᠠᠷᠪᠠᠭᠠᠳ ᠨᠠᠰᠤᠨ ᠤ ᠬᠣᠶᠠᠷ ᠬᠦᠦ ᠵᠢᠪᠠᠷ ᠲᠠᠳᠠᠨ ᠣᠷᠤᠵᠤ ᠢᠷᠡᠪᠡ᠂ ᠶᠡᠬᠡ ᠨᠢ ᠬᠦᠳᠡᠷ᠂ ᠠᠷᠪᠠᠨ ᠭᠣᠷᠪᠠᠳᠠᠢ᠂ ᠪᠠᠭ᠎ᠠ ᠨᠢ ᠴᠢᠭᠢᠷᠠᠭ᠂ ᠠᠷᠪᠠᠨ ᠨᠢᠭᠡᠳᠡᠢ᠂ ᠳᠡᠭᠦᠦ ᠨᠢ ᠪᠠᠷᠠᠭᠤᠨ ᠭᠠᠷ ᠢᠶᠡᠨ ᠬᠦᠵᠦᠭᠦᠨ ᠡᠴᠡ ᠪᠠᠨ ᠣᠭᠤᠰᠤᠷᠯᠠᠵᠤ ᠠᠰᠠᠭᠤᠪᠠᠯ ᠮᠣᠷᠢᠨ ᠡᠴᠡ ᠪᠠᠨ ᠣᠢᠴᠢᠵᠦ ᠪᠡᠷᠳᠡᠯᠡ ᠭᠡᠵᠦ ᠪᠠᠢᠨ᠎ᠠ᠂ ᠠᠯᠢᠶ᠎ᠠ ᠯᠠ ᠬᠡᠣᠬᠡᠳ ᠪᠠᠢᠵᠤ ᠲᠠᠭᠠᠷᠠᠨ᠎ᠠ ᠭᠡᠵᠦ ᠪᠢ ᠨᠣᠳᠠᠯᠠᠵᠣ ᠵᠠᠪᠳᠤᠪᠠ᠃ ᠠᠪᠤ ᠡᠵᠢ ᠨᠢ ᠬᠣᠶᠠᠷ ᠬᠡᠣᠬᠡᠨ ᠲᠡᠬᠦᠦ ᠵᠢ ᠨᠢ ᠲᠠᠭᠠᠭᠣᠯᠣᠨ ᠠᠮᠢᠳᠤᠷᠠᠯ ᠤᠨ ᠠᠷ ᠰᠠᠷ ᠬᠡᠷᠡᠭᠰᠡᠯ ᠠᠪᠬᠤ ᠪᠡᠷ ᠬᠤᠳᠠ ᠣᠷᠤᠭᠠᠳ ᠬᠣᠶᠠᠷ ᠬᠣᠨᠤᠵᠤ ᠪᠠᠢᠨ᠎ᠠ ᠭᠡᠨ᠎ᠡ᠂ ᠬᠠᠷᠢᠵᠦ ᠢᠷᠡᠳᠡᠯ᠎ᠡ ᠪᠠᠰᠠ ᠬᠡᠳᠦ ᠬᠣᠨᠤᠬᠤ ᠪᠠᠢᠬᠤ ᠬᠡᠵᠦ ᠬᠦᠳᠡᠷ ᠬᠦᠦ ᠠᠵᠢᠭ ᠦᠭᠡᠢ ᠶᠠᠷᠢᠵᠤ ᠭᠠᠷᠤᠨ᠎ᠠ᠃ ᠵᠠ ᠵᠠ᠂ ᠶᠠᠪᠤᠵᠤ ᠶᠠᠪᠤᠵᠤ ᠶᠠᠭ ᠲᠠᠭᠠᠷᠠᠵᠤ ᠡᠳᠦᠨᠦᠰ ᠤᠨ ᠳ᠋ᠤ ᠢᠷᠡᠬᠦ ᠬᠡᠵᠦ ᠡ᠂ ᠦᠭᠡᠢ᠂ ᠡᠢᠮᠦ ᠵᠢᠭᠠᠬᠠᠨ ᠬᠣᠶᠠᠷ ᠬᠦᠦ ᠪᠠᠨ ᠬᠠᠶᠠᠭᠠᠳ ᠬᠡᠳᠦ ᠬᠣᠨᠤᠬᠤ ᠭᠡᠵᠦ ᠦᠨᠡᠬᠡᠷ ᠠᠮᠣᠷᠠᠭᠣᠯᠣᠭᠰᠠᠨ ᠯᠠ ᠤᠯᠤᠰ ᠭᠡᠵᠦ ᠳ᠋ᠠ᠂ ᠪᠢ ᠣᠷᠤ ᠶᠢᠨ ᠥᠨᠴᠦᠭ ᠣᠯᠵᠤ ᠭᠡᠳᠡᠰᠦ ᠪᠠᠨ ᠲᠡᠪᠡᠷᠢᠨ ᠠᠳᠣᠷᠢᠨ ᠰᠠᠭᠤᠬᠤ ᠳ᠋ᠤ ᠣᠷᠢᠳᠠᠪᠡᠷ ᠠᠢᠷᠠᠭ ᠤᠤᠭᠤᠵᠤ ᠶᠠᠳᠠᠷᠠᠭ᠎ᠠ ᠪᠠᠨ ᠲᠠᠢᠯᠵᠤ ᠪᠠᠢᠭᠠᠷᠠᠢ ᠭᠡᠵᠦ ᠬᠦᠳᠡᠷ ᠬᠦᠦ ᠮᠡᠯᠮᠡᠯᠵᠡᠭᠰᠡᠨ ᠠᠶᠠᠭ᠎ᠠ ᠲᠠᠢ ᠠᠢᠷᠠᠭ ᠪᠠᠷᠢᠪᠠ᠃ ᠪᠢᠳᠡ ᠢᠷᠡᠭᠰᠡᠨ ᠰᠠᠨᠠᠭ᠎ᠠ ᠪᠠᠨ ᠴᠣᠬᠣᠢᠯᠭᠠᠪᠠᠯ ᠬᠣᠭᠤᠯᠠ ᠤᠳᠠᠬᠤ ᠦᠭᠡᠢ ᠪᠣᠯᠴᠢᠬᠠᠨ᠎ᠠ᠂ ᠪᠠᠭᠠᠬᠠᠨ ᠬᠦᠯᠢᠬᠡᠯᠵᠡᠷᠡᠢ ᠭᠡᠨ᠎ᠡ᠂ ᠮᠠᠯ ᠬᠣᠨᠢ ᠪᠠᠨ ᠣᠢᠷᠠᠳᠣᠭᠣᠯᠣᠭᠠᠳ ᠣᠷᠤᠢ ᠶᠢᠨ ᠭᠠᠯ ᠪᠠᠭ᠎ᠠ ᠣᠷᠣᠢᠳᠠᠴᠢᠬᠠᠯᠠ ᠭᠡᠵᠦ ᠲᠣᠮᠤ ᠬᠥᠮᠦᠨ ᠰᠢᠭ ᠮᠠᠨᠤᠰ ᠲᠠᠢ ᠰᠤᠯᠠ ᠵᠣᠭᠤᠭᠳᠠᠬᠤ ᠶᠢᠨ ᠲᠠᠭᠠᠣ ᠲᠦᠯᠡᠭᠡ ᠲᠦᠯᠡᠰᠢ ᠠᠪᠴᠢᠷᠠᠨ ᠭᠠᠯ ᠨᠣᠴᠤᠭᠠᠨ ᠯᠦᠰᠡ ᠪᠠᠨ ᠮᠠᠰᠢ ᠪᠣᠯᠪᠠᠰᠤᠷᠠᠩᠭᠤᠢ ᠬᠦᠭᠵᠢᠶᠡᠵᠦ ᠲᠠᠯᠪᠢᠪᠠ᠂ ᠬᠥᠮᠦᠨ ᠲᠦᠷᠥᠯᠬᠢᠳᠡᠨ ᠤ ᠬᠦᠭᠵᠢᠯᠳᠡ ᠳ᠋ᠤ ᠭᠠᠯ ᠶᠡᠬᠡ ᠲᠤᠰᠠ ᠪᠣᠯᠤᠯ᠎ᠠ ᠬᠡᠰᠡᠨ ᠰᠢᠭ ᠬᠥᠭᠵᠢᠭᠰᠡᠨ ᠭᠠᠯ ᠢ ᠦᠵᠡᠭᠰᠡᠨ ᠤ ᠤᠤ ᠬᠥᠮᠦᠨ ᠤ ᠠᠢᠷᠠᠭ ᠢ ᠬᠥᠨᠲᠦᠷᠦᠭᠰᠡᠨ ᠤ ᠤᠤ ᠪᠦᠦ ᠮᠡᠳᠡ ᠪᠢ ᠵᠣᠷᠢᠭ ᠣᠷᠤᠵᠤ ᠬᠣᠶᠠᠷ ᠬᠡᠣᠬᠡᠳ ᠢ ᠲᠠᠭᠠᠵᠤ ᠤᠰᠤᠨ ᠳ᠋ᠤ ᠶᠠᠪᠤᠪᠠ᠂ ᠡᠭᠦᠳᠡ ᠭᠠᠷᠪᠠᠯ ᠬᠤᠳᠳᠤᠭ ᠪᠠᠢᠨ᠎ᠠ ᠬᠡᠵᠦ ᠪᠣᠳᠤᠭᠰᠠᠨ ᠮᠢᠨᠢ ᠪᠤᠷᠤᠭᠤᠳᠠᠵᠤ ᠠᠰ ᠵᠡᠭᠦᠨᠰᠢ ᠡᠪᠡᠰᠦᠨ ᠲᠣᠮᠳᠠᠭᠣᠷ ᠶᠠᠪᠤᠵᠤ ᠣᠷᠬᠢᠪᠠ᠂ ᠭᠠᠳᠠᠨ᠎ᠠ ᠬᠡᠳᠦᠢ ᠨᠡᠯᠢᠶᠡᠳ ᠬᠠᠷᠠᠩᠭᠤᠢ ᠴᠦ ᠭᠠᠵᠠᠷ ᠶᠡᠬᠡ ᠲᠡᠭᠰᠢᠬᠡᠨ᠂ ᠠᠷᠤ ᠠ᠋ᠴᠠ ᠨᠢ ᠲᠠᠭᠠᠵᠤ ᠪᠠᠷᠤᠭ ᠲᠠᠪᠢᠭᠠᠳ ᠮᠸᠲ᠋ᠷ ᠶᠠᠪᠤᠪᠠᠯ ᠨᠠᠮᠤᠭᠤᠬᠠᠨ ᠭᠣᠷᠴᠢᠭᠠᠨᠠᠬᠣ ᠨᠢᠭᠡᠨ ᠭᠣᠷᠤᠬ᠎ᠠ ᠲᠠᠭᠠᠷᠣᠯᠳᠣᠪᠠ᠂ ᠵᠢᠵᠢᠭ᠌ ᠡᠷᠭᠢ ᠶᠢᠨ ᠳᠣᠣᠷ᠎ᠠ ᠡᠴᠡ ᠪᠤᠯᠠᠭ ᠣᠷᠭᠢᠯᠠᠨ ᠨᠠᠷᠢᠬᠠᠨ ᠭᠣᠷᠤᠬ᠎ᠠ ᠪᠣᠯᠵᠤ ᠬᠣᠢᠲᠤ ᠵᠦᠭ ᠮᠤᠰᠭᠢᠷᠠᠯᠳᠤᠨ ᠤᠷᠤᠰᠤᠨ᠎ᠠ᠂ ᠭᠡᠷ ᠢᠶᠡᠨ ᠭᠠᠷᠪᠠᠯ ᠪᠤᠯᠠᠭ ᠲᠠᠢ ᠶᠠᠮᠠᠷ ᠰᠠᠢᠬᠠᠨ ᠭᠠᠵᠠᠷ ᠪᠣᠢ ᠬᠡᠵᠦ ᠦᠭᠡ ᠡᠭᠦᠰᠭᠡᠪᠡᠯ︽ ᠪᠤᠯᠠᠭ ᠤᠨ ᠲᠣᠯᠤᠭᠠᠢ ᠳ᠋ᠤ ᠭᠠᠷᠴᠦ ᠪᠣᠯᠬᠤ ᠦᠭᠡᠢ ᠰᠢᠦ︾ ᠬᠡᠵᠦ ᠬᠦᠳᠡᠷ ᠬᠦᠦ ᠨᠠᠳᠠ ᠳ᠋ᠤ ᠰᠠᠨᠠᠭᠤᠯᠪᠠ᠃ ᠪᠢ ᠬᠢᠴᠢᠶᠡᠭᠡᠳ ᠵᠣᠭᠰᠤᠭᠰᠠᠨ ᠣᠷᠤᠨ ᠠ᠋ᠴᠠ ᠪᠠᠨ ᠬᠥᠳᠡᠯᠦᠭᠰᠡᠨ ᠦᠭᠡᠢ᠂ ᠬᠣᠶᠠᠷ ᠬᠦᠦ ᠪᠤᠯᠠᠭ ᠤᠨ ᠵᠠᠬ᠎ᠠ ᠳ᠋ᠤ ᠨᠠᠮᠵᠢᠭᠤᠬᠠᠨ ᠣᠴᠤᠢᠨ ᠰᠠᠭᠤᠭᠰᠠᠨ ᠢ᠋ᠢᠡᠨ ᠬᠦᠳᠡᠷ ᠬᠦᠦ᠄︽ ᠮᠠᠨ ᠤ ᠳ᠋ᠤ ᠭᠡᠢᠴᠢᠨ ᠢᠷᠡᠭᠰᠡᠨ ᠡᠴᠡ ᠲᠠᠨ ᠠ᠋ᠴᠠ ᠴᠠᠢ ᠶᠢᠨ ᠤᠰᠤ ᠭᠤᠶᠤᠬᠤ ᠭᠡᠰᠡᠨ ᠶᠤᠮ ᠡ᠂ ᠰᠣᠶᠤᠷᠬᠠᠬᠤ ᠪᠣᠯᠪᠠᠤ︖︾ ᠬᠡᠵᠦ ᠠᠶᠠᠷᠬᠠᠨ ᠬᠡᠯᠡᠭᠰᠡᠨ ᠢᠶᠡᠨ ᠬᠤᠯᠤ ᠪᠡᠷ ᠤᠰᠤ ᠨᠠᠮᠤᠭᠤᠬᠠᠨ ᠬᠣᠣᠬᠣᠵᠣ ᠰᠠᠭᠤᠯᠭ᠎ᠠ ᠳ᠋ᠤ ᠪᠠᠨ ᠬᠢᠪᠡ᠃ ᠭᠡᠷ ᠲᠤ ᠪᠠᠨ ᠴᠦ ᠤᠰᠤ ᠬᠠᠳᠠᠭᠠᠯᠠᠬᠤ ᠦᠭᠡᠢ ᠬᠡᠰᠡᠨ ᠮᠢᠨᠢ ᠪᠤᠷᠤᠭᠤᠳᠠᠵᠤ ᠰᠠᠢᠬᠠᠨ ᠪᠤᠯᠠᠭ ᠤᠨ ᠰᠢᠨ᠎ᠡ ᠤᠰᠤ ᠪᠡᠷ ᠢᠶᠡᠨ ᠮᠠᠨ ᠢ ᠵᠣᠴᠢᠯᠠᠬᠤ ᠬᠡᠰᠡᠨ ᠠᠵᠢ᠂ ᠪᠤᠴᠠᠬᠤ ᠵᠠᠮ ᠳ᠋ᠤ ᠬᠦᠳᠡᠷ ᠬᠦᠦ᠄︽ ᠪᠤᠯᠠᠭ ᠡᠴᠡ ᠤᠰᠤ ᠠᠪᠤᠪᠠᠯ ᠤᠴᠢᠷ ᠢᠶᠡᠨ ᠬᠡᠯᠡᠵᠦ ᠭᠤᠶᠤᠵᠤ ᠠᠪᠤᠳᠠᠭ ᠰᠢᠦ︾ ᠬᠡᠵᠦ ᠮᠢᠨᠦ ᠰᠠᠶᠢᠬᠢ ᠢ᠋ᠢᠨ ᠭᠠᠢᠬᠠᠰᠢᠷᠠᠭᠰᠠᠨ ᠳ᠋ᠤ ᠲᠠᠢᠯᠪᠦᠷᠢᠯᠠᠵᠣ ᠪᠠᠢᠪᠠ᠂ ︽ᠮᠠᠨ ᠤ᠋ ᠪᠤᠯᠠᠭ ᠬᠠᠲᠠᠭᠤ ᠰᠢᠦ᠂ ᠴᠢᠭᠢᠷᠠᠭ ᠲᠡᠭᠦᠦᠳᠡᠢ ᠪᠤᠯᠠᠭ ᠤᠨ ᠴᠢᠯᠠᠭᠤ ᠵᠢ ᠬᠥᠨᠳᠡᠭᠰᠡᠨ ᠡᠴᠡ ᠪᠤᠯᠠᠭ ᠠᠭᠤᠷᠯᠠᠵᠤ ᠮᠣᠷᠢ ᠵᠢ ᠨᠢ ᠪᠣᠯᠬᠢᠭᠣᠯᠪᠠ ᠰᠢᠦ︾ ᠬᠡᠭᠦ ᠳ᠋ᠤ ᠴᠢᠭᠢᠷᠠᠭ ᠬᠦᠦ ᠴᠦ ︽ᠲᠡᠢᠮᠦ︕ ︾ ᠬᠡᠵᠦ ᠲᠣᠯᠤᠭᠠᠢ ᠲᠣᠬᠢᠨ ᠪᠠᠢᠯ᠎ᠠ᠃ ᠲᠡᠭᠡᠭᠡᠳ ᠭᠠᠷ ᠴᠢᠨᠢ ᠭᠠᠢᠭᠤᠢ ᠤᠤ ᠬᠡᠭᠦ ᠳ᠋ᠤ︽ ᠵᠦᠭᠡᠷ ᠡ᠂ ᠬᠣᠢᠳᠣ ᠠᠢᠯ ᠤᠨ ᠬᠣᠷᠯᠣᠣ ᠠᠪᠤ ᠪᠡᠷ ᠶᠠᠰᠤ ᠪᠠᠷᠢᠭᠤᠯᠤᠭᠠᠳ ᠭᠠᠷᠠᠭ ᠪᠣᠯᠵᠤ ᠪᠠᠢᠨ᠎ᠠ᠂ ᠪᠤᠯᠠᠭ ᠤᠨ ᠰᠠᠬᠢᠭᠤᠰᠤ ᠳ᠋ᠤ ᠪᠠᠨ ᠪᠠᠰᠠ ᠳᠠᠭᠠᠳᠭᠠᠴᠢᠬᠠᠭᠰᠠᠨ ᠶᠤᠮ᠂ ᠣᠳᠣ ᠬᠣᠶᠠᠷ ᠭᠠᠷᠠᠭ ᠡᠴᠡ ᠬᠣᠭ ᠦᠭᠡᠢ ᠡᠳᠡᠭᠡᠴᠢᠬᠡᠨᠡ︾ᠬᠡᠵᠦ ᠠᠵᠢᠭ ᠦᠭᠡᠢ ᠬᠡᠯᠡᠨ᠎ᠡ᠃ᠡᠬᠡ ᠪᠠᠢᠭᠠᠯᠢ ᠪᠠᠨ ᠢᠩᠬᠢᠳᠡᠯ᠎ᠡ ᠪᠠᠨ ᠰᠢᠳᠦᠨ ᠪᠢᠰᠢᠷᠡᠵᠦ ᠬᠥᠨᠳᠦᠳᠭᠡᠨ ᠶᠠᠪᠤᠳᠠᠭ ᠬᠡᠣᠬᠡᠳ ᠢ᠋ ᠡᠵᠢ ᠠᠪᠤ ᠨᠢ ᠶᠠᠭᠠᠬᠢᠵᠦ ᠰᠤᠷᠭᠠᠭᠰᠠᠨ ᠪᠣᠯ ᠭᠡᠵᠦ ᠪᠢ ᠭᠠᠢᠬᠠᠰᠢᠷᠠᠪᠠ᠃ ᠤᠳᠠᠯ ᠦᠭᠡᠢ ᠬᠦᠳᠡᠷ ᠬᠦᠦ ᠶᠢᠨ ᠴᠠᠢ ᠪᠤᠴᠠᠯᠵᠤ ᠮᠠᠨ ᠳ᠋ᠤ ᠠᠶᠠᠭᠠᠯᠠᠭᠰᠠᠨ ᠢᠶᠡᠨ ᠴᠠᠢ ᠶᠢᠨ ᠲᠠᠪᠢᠰᠢ ᠭᠡᠵᠦ ᠲᠠᠪᠠᠭ ᠳᠦᠭᠦᠷᠡᠩ ᠬᠤᠷᠤᠳ ᠪᠣᠣᠪᠤ ᠢ᠋ᠢᠨ ᠵᠦᠢᠯᠡᠰ ᠣᠢᠷᠠᠳᠣᠭᠣᠯᠪᠠ᠂ ᠬᠠᠨ᠎ᠠ ᠶᠢᠨ ᠡᠯᠭᠦᠭᠡᠰᠦ ᠶᠢᠨ ᠪᠦᠰ ᠣᠭᠤᠳᠠ ᠡᠴᠡ ᠬᠠᠳᠠᠭᠠᠭᠰᠠᠨ ᠪᠣᠷᠴᠠ ᠭᠠᠷᠭᠠᠨ ᠨᠠᠷᠠᠰᠤᠨ ᠮᠣᠳᠤᠨ ᠤ᠋ ᠪᠠᠨ ᠴᠣᠭ ᠲᠤ ᠰᠢᠷᠠᠵᠤ᠂ ᠰᠠᠷᠯᠤᠭ ᠦᠬᠡᠷ ᠤᠨ ᠮᠢᠬ᠎ᠠ ᠰᠢᠦ ᠬᠡᠵᠦ ᠪᠠᠰᠠ ᠨᠢᠭᠡ ᠪᠦᠳᠦᠭᠦᠨ ᠲᠠᠪᠠᠭ ᠲᠦᠭᠦᠷᠬᠡᠵᠦ ᠲᠠᠯᠪᠢᠪᠠ᠃ ᠲᠡᠭᠡᠭᠰᠡᠨ ᠢᠶᠡᠨ ᠯᠦᠰᠡ ᠳᠡᠭᠡᠷ᠎ᠡ ᠪᠦᠳᠦᠭᠦᠨ ᠲᠣᠭᠤᠭ᠎ᠠ ᠰᠣᠯᠢᠵᠤ ᠬᠡᠳᠦᠨ ᠬᠡᠰᠡᠭ ᠶᠠᠰᠤ ᠲᠠᠢ ᠮᠢᠬ᠎ᠠ ᠴᠢᠨᠠᠭᠰᠠᠨ ᠢᠶᠡᠨ ᠱᠥᠯᠦᠨ ᠳ᠋ᠤ ᠨᠢ ᠭᠤᠯᠢᠷ ᠬᠣᠭᠤᠯᠠ ᠬᠢᠵᠦ ᠤᠳᠠᠵᠤ ᠲᠦᠳᠡᠯ ᠦᠭᠡᠢ ᠣᠢᠷᠠᠳᠣᠭᠣᠯᠪᠠ᠂ ᠴᠢᠭᠢᠷᠠᠭ ᠬᠦᠦ ᠴᠦ ᠵᠦᠭᠡᠷ ᠰᠠᠭᠤᠯ ᠦᠭᠡᠢ ᠲᠦᠯᠡᠭᠡ ᠨᠡᠮᠡᠨ ᠤᠰᠤ ᠴᠠᠢ ᠠᠶᠠᠭᠠᠯᠠᠨ ᠠᠬ᠎ᠠ ᠳ᠋ᠤ ᠪᠠᠨ ᠬᠠᠮᠵᠢᠵᠦ ᠪᠠᠢᠭᠰᠠᠨ ᠢᠶᠡᠨ᠂ ᠬᠣᠭᠤᠷᠤᠨᠳᠤ ᠨᠢ ᠪᠠᠰᠠ ᠭᠠᠩ ᠲᠠᠢ ᠠᠢᠷᠠᠭ ᠢᠶᠡᠨ ᠨᠢᠭᠡ ᠭᠠᠷ ᠢᠶᠡᠷ ᠢᠶᠡᠨ ᠡᠪᠳᠡᠢᠬᠡᠨ ᠪᠦᠯᠢᠬᠦ ᠳ᠋ᠤ ᠪᠠᠨ ᠮᠢᠬ᠎ᠠ ᠢᠳᠡᠭᠡᠳ ᠪᠠᠷᠴᠢᠭᠢᠨᠠᠵᠤ ᠪᠠᠢᠭᠰᠠᠨ ᠮᠠᠨᠤᠰ ᠲᠤ ᠬᠠᠨᠳᠤᠭᠠᠳ ᠠᠢᠷᠠᠭ ᠤᠨ ᠵᠠᠬ᠎ᠠ ᠳ᠋ᠤ ᠡᠯᠳᠡᠪ ᠮᠠᠭᠤᠬᠠᠢ ᠦᠭᠡ ᠬᠡᠯᠡᠬᠦ ᠦᠭᠡᠢ ᠰᠢᠦ ᠭᠡᠵᠦ ᠰᠡᠷᠡᠮᠵᠢᠯᠡᠭᠦᠯᠦᠨ᠎ᠡ᠂ ᠬᠡᠭᠦ ᠳ᠋ᠤ ᠠᠢᠷᠠᠭ ᠨᠢ ᠪᠠᠰᠠ ᠦᠨᠡᠬᠡᠷ ᠲᠡᠢᠮᠦ ᠭᠡᠰᠡᠨ ᠰᠢᠭ ᠭᠠᠩ ᠳᠣᠲᠤᠷ᠎ᠠ ᠪᠠᠨ ᠱᠤᠤᠭᠢᠵᠤ ᠪᠠᠢᠯ᠎ᠠ᠃ ᠭᠡᠷ ᠤ ᠬᠡᠯᠬᠢᠶ᠎ᠡ ᠲᠣᠭᠤᠨᠤ᠂ ᠬᠡᠳᠡᠰᠦᠨ ᠤ ᠬᠡᠯᠬᠢᠶ᠎ᠡ ᠬᠣᠭᠤᠯᠠ ᠬᠡᠵᠦ ᠪᠡᠶ᠎ᠡ ᠴᠢᠩᠭᠠᠷᠠᠭᠰᠠᠨ ᠪᠢᠳᠡ ᠵᠣᠭᠤᠭ ᠬᠠᠯᠠᠰᠢᠭᠣ ᠪᠠᠢᠯ᠎ᠠ᠂ ᠬᠦᠳᠡᠷ ᠬᠦᠦ ᠨᠠᠢ᠍ᠮᠠᠳᠤᠭᠠᠷ ᠣᠨ ᠤ ᠰᠤᠷᠤᠭᠴᠢ᠂ ᠴᠢᠭᠢᠷᠠᠭ ᠬᠦᠦ ᠵᠢᠷᠭᠤᠳᠤᠭᠠᠷ ᠣᠨ ᠤ ᠰᠤᠷᠤᠭᠴᠢ ᠭᠡᠨ᠎ᠡ᠂ ᠠᠮᠠᠷᠠᠯᠳᠠ ᠪᠡᠷ ᠬᠠᠷᠢᠵᠤ ᠢᠷᠡᠭᠡᠳ ᠪᠠᠢᠬᠤ ᠳ᠋ᠤ ᠨᠢ ᠠᠮᠵᠢᠵᠤ ᠠᠪᠤ ᠡᠵᠢ ᠨᠢ ᠬᠤᠳᠠ ᠣᠷᠤᠭᠰᠠᠨ ᠭᠡᠨ᠎ᠡ᠂ ᠠᠵᠢᠯ ᠳ᠋ᠤ ᠲᠠᠳᠭᠠᠮᠠᠢ᠂ ᠠᠵᠢᠯᠴᠢ ᠪᠣᠷᠤᠭᠵᠢᠭᠤᠨ ᠪᠣᠯᠪᠠᠰᠤᠨ ᠶᠣᠰᠤᠷᠬᠠᠭ ᠶᠠᠷᠢᠶ᠎ᠠ ᠬᠦᠭᠦᠷᠡᠭᠡ ᠲᠠᠢ ᠬᠣᠶᠠᠷ ᠬᠡᠣᠬᠡᠳ ᠤᠨ ᠠᠪᠤ ᠡᠵᠢ ᠨᠢ ᠶᠠᠮᠠᠷᠰᠢᠤ ᠬᠥᠮᠦᠨ ᠪᠣᠯ︖ ᠡᠨᠡ ᠣᠷᠤᠢ ᠬᠦᠷᠦᠭᠡᠳ ᠢᠷᠡᠭᠰᠡᠨ ᠪᠣᠯ ᠠᠭᠤᠯᠵᠠᠵᠤ ᠢᠯᠭᠠᠭᠤᠷᠢ ᠵᠢ ᠨᠢ ᠣᠯᠬᠤ ᠰᠠᠨ ᠬᠡᠵᠦ ᠠᠯᠮᠠᠢᠷᠠᠵᠤ ᠪᠠᠢᠳᠠᠯ᠎ᠠ ᠰᠠᠢᠬᠠᠨ ᠰᠡᠳᠭᠢᠯ ᠲᠠᠢ ᠬᠥᠮᠦᠨ ᠦᠵᠡᠮᠵᠢ ᠲᠡᠭᠦᠯᠳᠡᠷ ᠬᠠᠷᠠᠭᠳᠠᠬᠤ ᠬᠡᠭᠴᠢ᠂ ᠨᠢᠭᠡᠨ ᠥᠭᠡᠳᠡ ᠴᠢᠷᠠᠢ ᠲᠠᠢ ᠡᠪᠦᠭᠡᠨᠵᠢᠷ ᠨᠠᠰᠤᠨ ᠤ ᠬᠥᠮᠦᠨ ᠣᠷᠤᠵᠤ ᠢᠷᠡᠵᠦ ᠮᠠᠨ ᠲᠠᠢ ᠮᠡᠨᠳᠦᠴᠢᠯᠡᠭᠰᠡᠨ ᠢᠶᠡᠨ ᠬᠣᠶᠠᠷ ᠬᠦᠦ ᠶᠢᠨ ᠲᠣᠯᠤᠭᠠᠢ ᠵᠢ ᠢᠯᠪᠢᠵᠦ ᠄︽ᠮᠢᠨᠦ ᠬᠣᠶᠠᠷ ᠬᠦᠦ ᠡᠨᠡ ᠣᠷᠤᠢ ᠮᠠᠯ ᠢ ᠮᠢᠨᠢ ᠮᠣᠷᠢ ᠪᠡᠷ ᠢᠶᠡᠨ ᠡᠷᠭᠢᠭᠦᠯᠵᠦ ᠥᠭᠭᠦᠭᠰᠡᠨ ᠦᠭᠡᠢ ᠪᠣᠯ ᠮᠢᠨᠦ ᠡᠨᠡ ᠮᠠᠭᠤ ᠬᠥᠯ ᠢᠶᠡᠷ ᠬᠡᠳᠦᠢ ᠳ᠋ᠤ ᠬᠤᠷᠢᠶᠠᠵᠤ ᠳᠡᠢᠯᠳᠡᠭ ᠶᠤᠮ ᠮᠡᠳᠡᠬᠦ ᠦᠭᠡᠢ︾ᠬᠡᠭᠦ ᠳ᠋ᠤ︽ᠵᠦᠭᠡᠷ ᠡ᠂ ᠵᠦᠭᠡᠷ ᠡ︾ᠭᠡᠵᠦ ᠯᠠ ᠬᠣᠶᠠᠷ ᠬᠦᠦ ᠢᠨᠢᠶᠡᠮᠰᠦᠭᠯᠡᠨ᠎ᠡ᠃ ᠂ ᠤᠤᠯ ᠨᠢ ᠡᠨᠡ ᠬᠣᠶᠠᠷ ᠬᠦᠦ ᠵᠡᠷᠭᠡᠯᠡᠳᠡᠭᠡ ᠠᠢᠯ ᠤᠨ ᠢᠶᠡᠨ ᠠᠵᠢᠯ ᠳ᠋ᠤ ᠬᠠᠪᠰᠤᠷᠤᠭᠠᠳ ᠣᠷᠣᠢᠳᠠᠭᠰᠠᠨ ᠯᠠ ᠪᠠᠢᠵᠠᠢ ᠳ᠋ᠠ ᠬᠥᠭᠡᠷᠦᠬᠦᠢ᠂ ᠬᠦᠳᠡᠷ ᠶᠢᠨ ᠳ᠋ᠤ ᠠᠷᠪᠢᠨ ᠬᠡᠢᠴᠢᠨ ᠲᠠᠢ ᠵᠢ ᠮᠡᠳᠡᠭᠡᠳ ᠡᠪᠦᠭᠡᠨ ᠭᠡᠷ ᠲᠤ ᠪᠠᠨ ᠵᠠᠯᠠᠬᠤ ᠪᠡᠷ ᠢᠷᠡᠵᠡᠢ᠂ ᠣᠯᠠᠨ ᠢᠷᠡᠪᠡᠯ ᠴᠠᠢ ᠦᠭᠡᠢ᠂ ᠣᠷᠤᠢ ᠢᠷᠡᠪᠡᠯ ᠣᠷᠤ ᠦᠭᠡᠢ ᠬᠡᠰᠡᠨ ᠦᠭᠡ ᠴᠦ ᠶᠠᠭ ᠪᠤᠷᠤᠭᠤ ᠪᠠᠢᠵᠠᠢ᠂ ᠪᠢᠳᠡ ᠡᠪᠦᠭᠡᠨ ᠤ ᠳ᠋ᠤ ᠪᠠᠰᠠ ᠨᠢᠭᠡ ᠮᠥᠷ ᠳᠠᠢᠯᠠᠭᠳᠠᠭᠠᠳ ᠰᠠᠶᠢ᠋ ᠣᠷᠤ ᠣᠯᠵᠤ ᠣᠷᠤᠵᠤ ᠬᠡᠪᠳᠡᠵᠡᠭᠡᠪᠡ᠃
ᠬᠠᠯᠠᠭᠤᠨ ᠴᠠᠢ ᠬᠠᠳᠠᠭᠠᠭᠰᠠᠨ ᠪᠣᠷᠴᠠ ᠱᠥᠯᠦ ᠲᠠᠢ ᠭᠤᠯᠢᠷ ᠤ᠋ᠨ ᠳᠡᠭᠡᠷ᠎ᠡ ᠡᠪᠦᠭᠡᠨ ᠤ ᠥᠪᠡᠷ ᠢᠶᠡᠨ ᠨᠡᠷᠡᠭᠰᠡᠨ ᠠᠷᠢᠬᠢ ᠵᠢ ᠨᠢ ᠱᠠᠯᠠᠯᠭ᠎ᠠ ᠳᠠᠭᠠᠯ ᠦᠭᠡᠢ ᠤᠤᠭᠤᠭᠰᠠᠨ ᠴᠦ ᠡᠳᠦᠷ ᠤ᠋ᠨ ᠢ᠋ᠢᠡᠨ ᠦᠵᠡᠭᠰᠡᠨ ᠰᠣᠨᠤᠰᠤᠭᠰᠠᠨ ᠢ᠋ᠢᠡᠨ ᠡᠷᠭᠢᠴᠡᠭᠦᠯᠦᠭᠡᠳ ᠨᠣᠢᠷ ᠬᠤᠯᠵᠢᠴᠢᠬᠠᠯᠠ᠂ ᠮᠢᠨᠦ ᠪᠠᠭ᠎ᠠ ᠳ᠋ᠤ ᠮᠠᠨ ᠤ ᠲᠡᠨᠳᠡ ᠪᠡᠯᠴᠢᠭᠡᠷ ᠤᠰᠤ ᠪᠠᠰᠠ ᠶᠡᠬᠡ ᠰᠠᠢᠨ ᠪᠠᠢᠭᠰᠠᠨ ᠯᠠ ᠳ᠋ᠠ᠂ ᠬᠡᠳᠦᠬᠡᠨ ᠠᠷᠪᠠᠨ ᠵᠢᠯ ᠤᠨ ᠬᠣᠭᠤᠷᠤᠨᠳᠤ ᠡᠢᠮᠦ ᠶᠡᠬᠡ ᠵᠥᠷᠢᠶᠡᠨ ᠭᠠᠷᠴᠢᠬᠠᠬᠤ ᠭᠡᠵᠦ ᠪᠢᠳᠡᠨ ᠤ ᠦᠶ᠎ᠡ ᠶᠢᠨ ᠤᠯᠤᠰ ᠲᠥᠯᠥᠭᠡᠳ ᠲᠡᠢᠯᠬᠦ ᠦᠭᠡᠢ ᠶᠠᠯ᠎ᠠ ᠶᠡᠬᠡ ᠬᠢᠵᠦ ᠪᠠᠢᠨ᠎ᠠ ᠰᠢᠦ᠂ ᠪᠢ ᠴᠦ ᠪᠠᠰᠠ ᠪᠠᠭ᠎ᠠ ᠳ᠋ᠤ ᠪᠠᠨ ᠠᠬ᠎ᠠ ᠪᠠᠨ ᠳᠠᠭᠠᠭᠠᠳ ᠠᠵᠢᠯ ᠳ᠋ᠤ ᠶᠡᠬᠡ ᠬᠠᠮᠵᠢᠳᠠᠭ ᠬᠡᠣᠬᠡᠳ ᠪᠠᠢᠭᠰᠠᠨ ᠶᠤᠮ᠂ ᠭᠡᠪᠡᠴᠦ ᠬᠦᠳᠡᠷ ᠴᠢᠭᠢᠷᠠᠭ ᠤᠨ ᠬᠤᠪᠢ ᠳ᠋ᠤ ᠪᠣᠯ ᠬᠠᠮᠢᠭ᠎ᠠ ᠨᠢ ᠴᠦ ᠬᠦᠷᠬᠦ ᠦᠭᠡᠢ ᠳ᠋ᠠ ᠂ ᠲᠡᠷᠡ ᠦᠶ᠎ᠡ ᠳ᠋ᠤ ᠪᠢ ᠭᠠᠳᠠᠨ᠎ᠠ ᠠᠵᠢᠯ ᠳ᠋ᠤ ᠪᠠᠨ ᠠᠷᠭᠠᠯᠠᠴᠢᠬᠠᠪᠠᠴᠤ ᠭᠠᠯ ᠲᠣᠭᠤᠭᠠᠨ ᠳ᠋ᠤ ᠪᠣᠯ ᠫᠠᠳ ᠰᠢᠦ᠂ ᠪᠠᠰᠠ ᠮᠣᠷᠢᠨ ᠳ᠋ᠤ ᠴᠦ ᠡᠳᠡᠨ ᠠᠳᠠᠯᠢ ᠳᠠᠳᠭᠠᠮᠠᠢ ᠪᠢᠰᠢ ᠯᠠ ᠳ᠋ᠠ᠂ ᠬᠡᠭᠦ ᠳ᠋ᠤ ᠪᠠᠨ ᠣᠳᠣ ᠳ᠋ᠤ ᠡᠢᠮᠦ ᠠᠵᠢᠯᠰᠠᠭ ᠬᠡᠣᠬᠡᠳ ᠮᠠᠨ ᠤ᠋ ᠲᠡᠨᠳᠡ ᠴᠥᠭᠡᠨ ᠳ᠋ᠠ᠃ ᠮᠣᠷᠢ ᠤᠨᠤᠬᠤ ᠭᠠᠵᠠᠷ ᠴᠦ ᠬᠣᠪᠤᠷᠳᠠᠵᠠᠢ᠂᠂᠂᠂᠂᠂
ᠰᠥᠨᠢ ᠭᠠᠳᠠᠨ᠎ᠠ ᠭᠠᠷᠪᠠᠯ ᠣᠯᠠᠨ ᠠᠷᠪᠢᠨ ᠣᠳᠤᠳ ᠣᠷᠤᠢ ᠳᠡᠭᠡᠷ᠎ᠡ ᠣᠢᠷᠠᠬᠠᠨ ᠨᠢ ᠠᠷᠭ᠎ᠠ ᠦᠭᠡᠢ ᠠᠨᠢᠪᠴᠢᠵᠤ ᠭᠡᠷ ᠤ ᠵᠠᠬ᠎ᠠ ᠳ᠋ᠤ ᠳᠦᠰᠢᠬᠦᠯᠦᠭᠰᠡᠨ ᠤᠷᠭ᠎ᠠ ᠪᠡᠷ ᠤᠷᠭᠠᠯᠠᠵᠤ ᠳᠡᠢᠯᠦᠮᠡᠷ ᠰᠠᠨᠠᠭᠳᠠᠭᠤᠯᠤᠨ᠎ᠠ᠃ ᠭᠠᠳᠠᠭ᠎ᠠ ᠠᠩᠬᠠᠨ ᠡᠴᠡ ᠪᠠᠨ ᠬᠣᠯᠠ ᠬᠡᠢᠭᠰᠡᠨ ᠪᠠᠢᠪᠠ᠂ ᠬᠠᠰᠢᠶ᠎ᠠ ᠦᠭᠡᠢ ᠳᠤᠷ᠎ᠠ ᠪᠡᠷ ᠲᠠᠷᠬᠠᠨ ᠬᠡᠪᠲᠡᠵᠡᠭᠡᠭᠰᠡᠨ ᠮᠠᠯ ᠤᠳ ᠭᠡᠷ ᠤᠨ ᠭᠠᠳᠠᠨ᠎ᠠ ᠡᠴᠡ ᠤᠷᠤᠭᠰᠢ ᠦᠷᠭᠦᠯᠵᠢᠯᠡᠵᠦ ᠴᠠᠭᠠᠲᠤ ᠵᠠᠬ᠎ᠠ ᠨᠢ ᠲᠣᠳᠤ ᠬᠠᠷᠠᠭᠳᠠᠠᠬᠣ ᠦᠭᠡᠢ᠂ ᠬᠣᠯᠠ ᠳ᠋ᠤ ᠴᠢᠨᠤ᠎ᠠ ᠶᠢᠨ ᠳᠠᠭᠤ ᠰᠣᠨᠤᠰᠳᠠᠪᠠᠴᠤ ᠬᠣᠶᠠᠷ ᠨᠣᠬᠠᠢ ᠬᠣᠢᠮᠤᠷ ᠢᠶᠡᠷ ᠡᠷᠭᠢᠴᠡᠵᠦ ᠪᠠᠢᠬᠤ ᠲᠤᠯᠠ ᠨᠠᠳᠠᠳᠤ ᠠᠶᠤᠬᠤ ᠪᠣᠳᠤᠯ ᠣᠷᠤᠭᠰᠠᠨ ᠦᠭᠡᠢ᠂ ᠤᠤᠯ ᠤ᠋ᠨ ᠬᠦᠳᠡᠷ ᠤᠨ ᠬᠡᠯᠡᠭᠰᠡᠨ ᠮᠠᠨ ᠤ ᠪᠦᠳᠦᠭᠦᠨ ᠬᠠᠷ᠎ᠠ᠂ ᠴᠢᠨᠤ᠎ᠠ ᠳ᠋ᠤ ᠪᠠᠨ ᠴᠦ ᠪᠣᠯ ᠵᠦᠪᠯᠡᠴᠢᠬᠡᠨᠡ ᠭᠡᠰᠡᠨ ᠦᠭᠡ ᠵᠢ ᠢᠳᠡᠭᠡᠭᠰᠡᠨ ᠳ᠋ᠤ ᠪᠠᠨ ᠪᠢ ᠥᠪᠡᠷ ᠢᠶᠡᠨ ᠴᠦ ᠴᠢᠨᠤ᠎ᠠ ᠡᠴᠡ ᠴᠢᠳᠠᠯ ᠲᠠᠢ ᠰᠢᠭ ᠵᠣᠷᠢᠭ ᠲᠠᠢ ᠪᠠᠢᠪᠠ᠃ ᠬᠣᠨᠢ ᠦᠬᠡᠷ ᠤ᠋ᠳ ᠬᠣᠯᠠ ᠢ᠋ᠢᠨ ᠲᠠᠭᠤᠨ ᠢ᠋ ᠡᠰᠡ ᠣᠢᠰᠢᠶᠠᠨ ᠠᠶᠠᠷ ᠢᠷᠠᠭᠯᠠᠨ ᠨᠣᠢᠷᠰᠤᠨᠠ᠂ ᠦᠨᠡᠬᠡᠷ ᠨᠣᠬᠠᠢ ᠰᠠᠢᠳᠣ ᠶᠢᠨ ᠬᠤᠳᠠ ᠲᠠᠢᠪᠤᠩ᠂ ᠨᠣᠶᠠᠨ ᠰᠠᠢᠳᠣ ᠶᠢᠨ ᠠᠯᠪᠠᠳᠣ ᠲᠠᠢᠪᠤᠩ ᠬᠡᠵᠦ ᠤᠨᠤᠭᠰᠠᠨ ᠦᠭᠡ ᠃
ᠪᠢ ᠥᠷᠯᠦᠭᠡ ᠰᠡᠷᠢᠮᠡᠭᠴᠡ ᠡᠭᠦᠳᠡ ᠰᠡᠬᠦᠨ ᠭᠠᠳᠠᠨ᠎ᠠ ᠭᠠᠷᠪᠠ᠂ ᠤᠯᠠᠭᠠᠨ ᠨᠠᠷᠠ ᠵᠡᠭᠦᠨ ᠠᠭᠤᠯᠠᠰ ᠤᠨ ᠣᠷᠤᠢ ᠳᠡᠭᠡᠭᠦᠷ ᠠᠯᠭᠤᠷᠬᠠᠨ ᠮᠠᠨᠳᠤᠵᠤ ᠪᠦᠬᠦ ᠵᠦᠢᠯ ᠠᠮᠢᠵᠢᠷᠠᠯ ᠤᠨ ᠠᠶᠠᠰ ᠲᠠᠲᠠᠨ ᠴᠡᠩᠭᠡᠭ ᠠᠭᠠᠷ ᠠᠮᠢᠰᠬᠣᠯᠠᠵᠣ᠂ ᠡᠷᠭᠢᠨ ᠲᠣᠭᠤᠷᠢᠨ ᠳ᠋ᠤ ᠡᠪᠡᠰᠦᠲᠦ ᠲᠠᠯ᠎ᠠ ᠪᠦᠷᠬᠦᠵᠦ᠂ ᠭᠡᠷ ᠠ᠋ᠴᠠ ᠪᠠᠷᠤᠭ ᠬᠣᠶᠠᠷ ᠭᠠᠵᠠᠷ ᠤ᠋ᠨ ᠵᠠᠢ ᠳ᠋ᠤ ᠬᠡᠰᠡᠭ ᠠᠭᠤᠯᠠ ᠡᠮᠦᠨᠡᠭᠦᠷ ᠨᠡᠲᠦᠢᠨ ᠠᠭᠤᠯᠠᠨ ᠬᠠᠵᠠᠭᠤ ᠬᠠᠪᠢᠷᠭ᠎ᠠ ᠪᠡᠷ ᠪᠦᠯᠦᠭ ᠪᠦᠯᠦᠭ ᠢ᠋ᠢᠠᠷ ᠨᠠᠷᠠᠰᠤᠨ ᠮᠣᠳᠤᠳ ᠢᠭᠰᠢᠷᠠᠨ ᠰᠡᠬᠦᠢᠯᠴᠡᠵᠡᠢ᠃ ᠠᠭᠤᠯᠠᠨ ᠤ᠋ ᠨᠠᠭᠠᠨ᠎ᠠ ᠭᠠᠵᠠᠷ ᠬᠢᠷᠢ ᠵᠠᠢᠲᠠᠢ ᠳ᠋ᠡᠬᠢ ᠬᠠᠰᠢᠶ᠎ᠠ ᠨᠢ ᠲᠤᠭᠤᠯ ᠤ᠋ᠨ ᠬᠣᠷᠢᠶ᠎ᠠ ᠪᠠᠢᠵᠦ ᠂ ᠳᠡᠭᠵᠢᠷᠡᠬᠦ ᠠᠢᠯ ᠤᠨ ᠪᠣᠰᠬᠤ ᠨᠢ ᠡᠷᠳᠡ ᠭᠡᠰᠡᠨ ᠢᠶᠡᠷ ᠬᠦᠳᠡᠷ ᠬᠦᠦ ᠬᠡᠳᠦᠢᠨ ᠬᠠᠨᠴᠤᠢ ᠱᠢᠮᠠᠯᠠᠨ ᠰᠠᠷᠯᠤᠭ ᠦᠨᠢᠶ᠎ᠡ ᠪᠠᠨ ᠰᠠᠭᠠᠵᠤ ᠬᠠᠵᠠᠭᠤ ᠳ᠋ᠤ ᠨᠢ ᠴᠢᠭᠢᠷᠠᠭ ᠳᠡᠭᠦᠦ ᠨᠢ ᠲᠤᠭᠤᠯ ᠲᠠᠲᠠᠵᠤ ᠥᠭᠴᠦ ᠪᠠᠢᠯ᠎ᠠ᠃ ᠲᠤᠭᠤᠯ ᠤ᠋ᠨ ᠬᠠᠰᠢᠶᠠᠨ ᠠ᠋ᠴᠠ ᠨᠠᠭᠠᠰᠢ ᠭᠡᠷ ᠬᠦᠷᠲᠡᠯᠡᠬᠢ ᠡᠪᠡᠰᠦᠳᠤ ᠭᠠᠵᠠᠷ ᠲᠤ ᠪᠣᠭ ᠮᠠᠯ ᠪᠣᠳᠠ ᠮᠠᠯ ᠤ᠋ᠳ ᠬᠣᠯᠢᠯᠳᠤᠨ ᠠᠷᠬᠠᠢᠯᠴᠠᠵᠣ᠂ ᠲᠤᠭᠤᠯ ᠢ᠋ᠢᠡᠨ ᠰᠠᠨᠠᠭᠰᠠᠨ ᠦᠨᠢᠶᠡᠳ ᠲᠤᠭᠤᠯ ᠤ᠋ᠨ ᠬᠠᠰᠢᠶᠠᠨ ᠳ᠋ᠤ ᠣᠢᠷᠠᠲᠤᠭᠰᠠᠨ ᠢ᠋ ᠭᠠᠷᠭᠠᠪᠠᠯ ᠪᠤᠰᠤᠳ ᠨᠢ ᠥᠪᠡᠷ ᠥᠪᠡᠷ ᠤ᠋ᠨ ᠣᠷᠤᠨ ᠪᠠᠢᠷᠢ ᠳ᠋ᠤ ᠪᠠᠨ ᠲᠠᠭᠠᠲᠠᠢ ᠬᠡᠪᠢᠨ᠂ ᠪᠣᠰᠤᠭᠠᠳ ᠭᠠᠷᠤᠭᠰᠠᠭᠠᠷ ᠴᠠᠳᠴᠢᠬᠠᠬᠤ ᠶᠤᠮ ᠬᠣᠢᠨ᠎ᠠ ᠶᠠᠭᠠᠷᠠᠭᠠᠳ ᠶᠠᠭᠠᠬᠢᠨ᠎ᠡ ᠬᠡᠰᠡᠨ ᠰᠢᠭ ᠵᠠᠯᠬᠠᠭᠤᠲᠠᠢᠬᠠᠨ ᠬᠡᠪᠲᠡᠵᠡᠭᠡᠨ᠎ᠡ᠃ ᠠᠵᠢᠯ ᠤᠨ ᠰᠠᠢᠨ ᠢᠶᠡᠷ ᠠᠮᠢᠳᠤᠷᠠᠯ ᠥᠭᠡᠳᠡᠯᠡᠵᠦ ᠪᠡᠯᠴᠢᠭᠡᠷ ᠤᠨ ᠰᠠᠢᠨ ᠢᠶᠡᠷ ᠮᠠᠯ ᠲᠠᠷᠭᠤᠯᠠᠬᠤ ᠭᠡᠭᠴᠢ ᠡᠨᠡ ᠳ᠋ᠠ᠃ ᠡᠪᠡᠰᠦᠨ ᠲᠣᠯᠤᠭᠠᠢ ᠳ᠋ᠤ ᠤᠰᠤᠨ ᠲᠣᠰᠤᠯ ᠤ᠋ᠳ ᠲᠣᠭᠲᠠ ᠶᠠᠳᠠᠨ ᠬᠢᠯᠠᠯᠵᠠᠵᠦ ᠡᠨᠡ ᠰᠥᠨᠢ ᠪᠠᠰᠠ ᠪᠠᠭ᠎ᠠ ᠪᠣᠷᠤᠭᠠᠨ ᠣᠷᠤᠭᠰᠠᠨ ᠢ᠋ ᠬᠡᠯᠡᠵᠦ ᠥᠭᠴᠦ ᠪᠠᠢᠪᠠ᠂ ᠨᠠᠭᠠᠰᠢ ᠢᠷᠡᠭᠰᠡᠨ ᠠ᠋ᠴᠠ ᠬᠣᠢᠰᠢ ᠦᠷᠬᠦᠯᠵᠢ ᠪᠣᠷᠤᠭᠠᠨ ᠬᠤᠷ᠎ᠠ ᠳ᠋ᠤ ᠳᠠᠭᠠᠷᠠᠯᠳᠣᠳᠠᠭ ᠨᠠᠳᠠ ᠳ᠋ᠤ ᠡᠨᠡ ᠨᠢ ᠨᠢᠭᠡᠨᠲᠡ ᠰᠣᠨᠢᠨ ᠪᠢᠰᠢ ᠪᠠᠢᠪᠠ᠂ ᠡᠨᠳᠡ ᠠᠭᠤᠷ ᠠᠮᠢᠰᠭᠤᠯ ᠴᠢᠭᠢᠭ᠍ᠯᠢᠭ᠌ ᠠᠳᠠᠯ᠎ᠠ ᠪᠠᠨ ᠲᠠᠭᠠᠯᠮᠵᠢᠳᠠᠢ᠂ ᠰᠡᠷᠢᠭᠦᠨ ᠲᠤᠩᠭᠠᠯᠠᠭ ᠥᠷᠯᠦᠭᠡ ᠪᠠᠢᠪᠠ᠂ ᠪᠢ ᠭᠡᠷ ᠤ᠋ᠨ ᠢ᠋ᠢᠡᠨ ᠲᠣᠭᠤᠨᠤ ᠵᠢ ᠲᠠᠲᠠᠵᠤ ᠣᠭᠤᠰᠤᠷ ᠤ᠋ᠨ ᠦᠵᠦᠭᠦᠷ ᠢ᠋ ᠭᠡᠷ ᠤ᠋ᠨ ᠠᠷᠤ ᠲᠠᠯ᠎ᠠ ᠳ᠋ᠤ ᠲᠣᠷᠭᠠᠵᠤ ᠲᠠᠯᠪᠢᠪᠠ᠃ ᠬᠣᠢᠲᠤ ᠲᠠᠯ᠎ᠠ ᠳ᠋ᠤ ᠨᠡᠩ ᠣᠯᠠᠨ ᠠᠭᠤᠯᠠ ᠤ᠋ᠳ ᠨᠡᠲᠦᠢᠨ ᠰᠦᠨᠳᠡᠷᠯᠡᠵᠦ ᠲᠡᠭᠦᠨ ᠤ᠋ ᠨᠠᠭᠠᠨ᠎ᠠ ᠨᠢ ᠴᠡᠩᠭᠡᠷ ᠭᠣᠣᠯ ᠤ᠋ᠨ ᠤᠰᠤ ᠪᠠᠷᠠᠭᠤᠨ ᠠ᠋ᠴᠠ ᠵᠡᠭᠦᠨᠰᠢ ᠱᠤᠤᠭᠢᠨ ᠤᠷᠤᠰᠴᠤ᠂ ᠥᠴᠦᠭᠡᠳᠦᠷ ᠰᠥᠨᠢ ᠢ᠋ᠢᠨ ᠪᠤᠯᠠᠭ ᠤ᠋ᠨ ᠤᠰᠤ ᠭᠣᠷᠤᠭᠠ ᠪᠣᠯᠤᠨ ᠡᠮᠦᠨ᠎ᠡ ᠠ᠋ᠴᠠ ᠠᠰ ᠬᠣᠢᠰᠢ ᠤᠷᠤᠰᠴᠤ ᠴᠡᠩᠭᠡᠷ ᠭᠣᠣᠯ ᠳ᠋ᠤ ᠭᠦᠯ ᠨᠡᠢᠯᠡᠨ ᠬᠣᠶᠠᠭᠤᠯᠠ ᠢ᠋ᠢᠨ ᠠᠭᠤᠯᠵᠠᠯᠲᠠ ᠶᠠᠭ ᠰᠠᠢᠬᠠᠨ ᠲᠡᠭᠰᠢ ᠥᠨᠴᠦᠭ ᠡᠭᠦᠰᠭᠡᠵᠦ ᠪᠠᠢᠪᠠ᠃ ᠠᠭᠤᠯᠠᠨ ᠣᠷᠤᠢ ᠪᠤᠶᠤ ᠬᠢᠷ᠎ᠠ ᠪᠡᠷ ᠨᠠᠷᠠᠰᠤᠨ ᠮᠣᠳᠤ ᠤ᠋ᠳ ᠭᠣᠣᠯᠠᠯᠵᠣ ᠪᠠᠢᠭᠰᠠᠨ ᠢ᠋ᠢᠡᠨ ᠨᠠᠰᠢ ᠭᠣᠣᠯ ᠠᠶᠠᠳᠠᠭᠠᠳ ᠪᠤᠰᠤᠳ ᠲᠥᠷᠦᠯ ᠤ᠋ᠨ ᠮᠣᠳᠤᠳ ᠪᠤᠯᠢᠶᠠᠯᠳᠤᠨ ᠰᠡᠬᠦᠢᠯᠴᠡᠵᠡᠢ᠃ ᠡᠨᠳᠡᠬᠢ ᠲᠠᠯ᠎ᠠ ᠭᠠᠵᠠᠷ ᠬᠡᠰᠡᠨ ᠦᠭᠡᠢ ᠠᠭᠤᠯᠠ ᠤ᠋ᠳ ᠬᠦᠷᠲᠡᠯ᠎ᠡ ᠡᠩ ᠳ᠋ᠤ ᠪᠠᠨ ᠨᠣᠪ ᠨᠣᠭᠤᠭᠠᠨ᠂ ᠬᠥᠬᠡ ᠲᠡᠭᠷᠢ ᠢ᠋ᠢᠨ ᠬᠠᠶᠠᠭᠠᠨ ᠳ᠋ᠤ ᠬᠡᠰᠡᠭ ᠰᠡᠢᠷᠡᠮᠡᠭ ᠡᠭᠦᠯᠡ ᠬᠥᠪᠪᠦᠵᠦ᠂ ᠨᠠᠷᠠ ᠠᠭᠤᠯᠠᠨ ᠴᠠᠭᠠᠨ᠎ᠠ ᠠ᠋ᠴᠠ ᠴᠣᠬᠤᠢᠬᠤ ᠳ᠋ᠤ ᠡᠪᠡᠰᠦᠨ ᠲᠣᠯᠤᠭᠠᠢ ᠤ᠋ᠳ ᠨᠢ ᠭᠢᠯᠳᠠᠭᠠᠨᠠᠵᠦ ᠬᠠᠷᠠᠭᠳᠠᠨ᠎ᠠ᠃ ᠭᠣᠷᠤᠭᠠ ᠢ᠋ᠢᠨ ᠤᠰᠤ ᠵᠢ ᠲᠠᠭᠠᠵᠤ ᠭᠣᠣᠯ ᠤ᠋ᠨ ᠡᠷᠭᠢ ᠳ᠋ᠤ ᠬᠦᠷᠦᠭᠰᠡᠨ ᠮᠢᠨᠦ ᠥᠮᠦᠳᠦ ᠡᠪᠦᠳᠦᠭ ᠳ᠋ᠤ ᠪᠠᠨ ᠬᠦᠷᠲᠡᠯ᠎ᠡ ᠨᠣᠷᠤᠭᠰᠠᠨ ᠢ᠋ ᠠᠵᠢᠶᠠᠷᠠᠬᠤ ᠵᠠᠪ ᠪᠠᠢᠭᠰᠠᠨ ᠦᠭᠡᠢ᠃ ᠭᠣᠣᠯ ᠤ᠋ᠨ ᠤᠰᠤ ᠮᠡᠯᠲᠡᠭᠡᠨᠡᠨ ᠵᠡᠭᠦᠨᠰᠢ ᠲᠣᠯᠬᠢᠶᠠᠯᠠᠨ ᠭᠣᠣᠯ ᠤ᠋ᠨ ᠢᠷᠣᠭᠠᠷ ᠲᠤ ᠵᠢᠵᠢᠭ᠌ ᠲᠣᠮᠤ ᠥᠨᠳᠡᠭᠡᠨ ᠴᠢᠯᠠᠭᠤᠳ ᠮᠠᠰᠢ ᠲᠣᠳᠤᠬᠠᠨ ᠬᠠᠷᠠᠭᠳᠠᠨ᠎ᠠ᠂ ᠴᠡᠩᠬᠡᠷ ᠭᠣᠣᠯ ᠤ᠋ᠨ ᠴᠡᠯᠮᠡᠭ ᠤᠰᠤᠨ ᠳ᠋ᠤ ᠨᠢ ᠬᠥᠬᠡ ᠣᠭᠲᠠᠷᠭᠤᠢ ᠳ᠋ᠤ ᠬᠠᠯᠢᠨ ᠨᠢᠰᠬᠦ ᠬᠡᠳᠦᠨ ᠪᠦᠷᠭᠦᠳ᠂ ᠲᠠᠰ ᠤ᠋ᠨ ᠰᠡᠭᠦᠳᠡᠷ ᠬᠠᠶᠠ ᠬᠠᠯᠳᠠ ᠲᠤᠰᠤᠨ ᠠᠯᠳᠠᠨ᠎ᠠ᠂ ᠭᠣᠣᠯ ᠤ᠋ᠨ ᠨᠠᠭᠠᠳᠤ ᠡᠷᠭᠢ ᠳ᠋ᠤ ᠲᠠᠭᠲᠠᠭ᠎ᠠ ᠤ᠋ᠳ ᠬᠤᠷᠠᠯᠳᠤᠨ ᠨᠠᠮᠠᠢ᠍ᠢ ᠣᠢᠷᠠᠲᠤᠨ ᠣᠴᠢᠬᠤ ᠳ᠋ᠤ ᠵᠠᠢᠯᠠᠬᠤ ᠦᠭᠡᠢ ᠪᠠᠢᠯ᠎ᠠ᠂ ᠡᠨᠳᠡᠬᠢ ᠰᠢᠪᠠᠭᠤᠳ ᠬᠥᠮᠦᠨ ᠠ᠋ᠴᠠ ᠠᠶᠤᠬᠤ ᠦᠭᠡᠢ᠃ ᠭᠣᠣᠯ ᠤ᠋ᠨ ᠴᠠᠭᠠᠲᠤ ᠡᠷᠭᠢ ᠠ᠋ᠴᠠ ᠨᠡᠯᠢᠶᠡᠳ ᠬᠣᠯᠠ ᠲᠣᠭᠤᠳᠠᠭ ᠲᠣᠭᠤᠷᠤᠤ ᠤ᠋ᠳ ᠠᠯᠢᠶᠠᠯᠠᠨ ᠲᠡᠪᠳᠡᠷᠢᠨᠡ᠃ ᠡᠨᠳᠡ ᠶᠡᠷᠦ ᠨᠢ ᠲᠣᠮᠤ ᠰᠢᠪᠠᠭᠤᠳ ᠣᠯᠠᠨ ᠬᠠᠷᠠᠭᠳᠠᠵᠤ᠂ ᠰᠢᠮᠠᠭᠤᠯ ᠰᠢᠪᠠᠤᠬᠠᠢ ᠤ᠋ᠳ ᠬᠠᠷᠢᠨ ᠴᠥᠭᠡᠬᠡᠨ ᠬᠠᠷᠠᠭᠳᠠᠳᠠᠭ ᠨᠢ ᠰᠥᠨᠢ ᠢ᠋ᠢᠨ ᠲᠣᠯᠠᠭᠠᠴᠠ ᠨᠡᠯᠢᠶᠡᠳ ᠲᠣᠣᠷ᠎ᠠ ᠲᠠᠢ ᠪᠠᠰᠠ ᠬᠣᠯᠪᠤᠭᠳᠠᠯ ᠲᠠᠢ ᠮᠠᠭᠠᠳ᠂᠂ ᠪᠢ ᠬᠣᠶᠠᠷ ᠭᠠᠷ ᠢ᠋ᠢᠡᠨ ᠪᠢᠳᠡᠬᠦᠯᠦᠨ ᠭᠣᠣᠯ ᠤ᠋ᠨ ᠤᠰᠤᠨ ᠠ᠋ᠴᠠ ᠬᠢᠨᠠᠮᠠᠭᠠᠢᠬᠠᠨ ᠤᠰᠤ ᠠᠪᠴᠦ ᠣᠭᠤᠴᠢᠭᠰᠠᠨ ᠢ᠋ᠢᠡᠨ ᠪᠢᠳᠡᠬᠦᠯᠦᠭᠰᠡᠨ ᠤᠰᠤ ᠪᠠᠨ ᠭᠣᠣᠯ ᠠ᠋ᠴᠠ ᠵᠠᠢᠳᠠᠭᠤᠬᠠᠨ ᠠᠪᠠᠴᠢᠵᠦ ᠨᠢᠭᠤᠷ ᠭᠠᠷ ᠢ᠋ᠢᠡᠨ ᠷᠠᠰᠢᠶᠠᠯᠠᠪᠠ᠂ ᠭᠣᠣᠯ ᠭᠣᠷᠤᠭᠠ ᠢ᠋ᠢᠨ ᠤᠰᠤ ᠵᠢ ᠪᠤᠵᠠᠷᠲᠤᠭᠤᠯᠵᠤ ᠪᠣᠯᠬᠤ ᠦᠭᠡᠢ ᠰᠢᠦ ᠬᠡᠰᠡᠨ ᠥᠴᠦᠭᠡᠳᠦᠷ ᠰᠥᠨᠢ ᠢ᠋ᠢᠨ ᠡᠪᠦᠭᠡᠨ ᠤ᠋ ᠶᠠᠷᠢᠭᠰᠠᠨ ᠨᠢ ᠮᠠᠨ ᠳ᠋ᠤ ᠣᠨᠴᠠ ᠵᠣᠷᠢᠭᠤᠯᠤᠭᠰᠠᠨ ᠨᠢ ᠮᠡᠳᠡᠭᠳᠡᠵᠦ ᠪᠠᠢᠯ᠎ᠠ ᠂ ᠠᠷᠴᠠ ᠽᠠᠨᠳᠠᠨ ᠤ᠋ ᠦᠨᠦᠷ ᠨᠢ ᠰᠠᠢᠬᠠᠨ᠂ ᠠᠬᠠᠮᠠᠳ ᠬᠥᠮᠦᠨ ᠤ᠋ ᠰᠤᠷᠭᠠᠯ ᠰᠠᠢᠬᠠᠨ ᠭᠡᠭᠴᠢ ᠢᠩᠭᠢᠵᠦ ᠦᠶ᠎ᠡ ᠬᠣᠢᠴᠢᠰ ᠲᠤ ᠪᠠᠨ ᠬᠡᠯᠡᠵᠦ ᠰᠤᠷᠭᠠᠵᠤ ᠤᠯᠠᠮᠵᠢᠯᠠᠳᠠᠭ ᠢ᠋ᠢᠠᠷ ᠢ᠋ᠢᠡᠨ ᠨᠠᠢ᠍ᠮᠠᠨ ᠵᠠᠭᠤᠨ ᠵᠢᠯ ᠤ᠋ᠨ ᠡᠮᠦᠨᠡᠬᠢ ᠶᠣᠰᠤ ᠤᠴᠢᠷ ᠨᠢ ᠣᠳᠣ ᠳ᠋ᠤ ᠲᠤᠯᠲᠠᠯ᠎ᠠ ᠬᠠᠳᠠᠭᠠᠯᠠᠭᠰᠠᠷ ᠪᠠᠢᠭ᠎ᠠ ᠨᠢ ᠰᠠᠶᠢᠬᠢ ᠨᠤᠲᠤᠭ ᠪᠡᠯᠴᠢᠭᠡᠷ ᠲᠤᠩᠭᠠᠯᠠᠭ ᠭᠣᠣᠯ ᠭᠣᠷᠤᠬ᠎ᠠ ᠠᠯᠢ ᠠᠯᠢ ᠨᠢ ᠭᠡᠷᠡᠴᠢᠯᠡᠵᠦ ᠬᠡᠯᠡᠭᠡᠳ ᠪᠠᠢᠬᠤ ᠠᠳᠠᠯᠢ᠃ ᠡᠨᠡ ᠨᠤᠲᠤᠭ ᠲᠤ ᠶᠡᠷᠦᠨᠢ ᠡᠢᠮᠦ ᠬᠥᠮᠦᠰ ᠯᠠ ᠰᠠᠶᠢ ᠠᠮᠢᠳᠤᠷᠠᠨ ᠪᠠᠢᠵᠤ ᠲᠠᠭᠠᠷᠠᠬᠤ ᠰᠢᠭ ᠬᠥᠮᠦᠨ ᠪᠠᠢᠭᠠᠯᠢ ᠬᠣᠶᠠᠷ ᠶᠣᠰᠣᠲᠠᠢ ᠡᠶ᠎ᠡ ᠵᠣᠬᠢᠴᠠᠯ ᠢ᠋ᠢᠡᠨ ᠣᠯᠣᠭᠰᠠᠨ ᠰᠠᠢᠬᠠᠨ ᠯᠠ ᠨᠤᠲᠤᠭ᠂ ᠨᠡᠷ᠎ᠡ ᠳ᠋ᠤ ᠪᠠᠨ ᠨᠡᠢᠴᠡᠭᠰᠡᠨ ᠴᠡᠩᠭᠡᠷ ᠨᠤᠲᠤᠭ ᠪᠠᠢᠯ᠎ᠠ᠃ ᠪᠤᠴᠠᠭᠠᠳ ᠭᠡᠷ ᠤ᠋ᠨ ᠢ᠋ᠢᠡᠨ ᠭᠠᠳᠠᠨ᠎ᠠ ᠢᠷᠡᠬᠦ ᠳ᠋ᠤ ᠴᠢᠭᠢᠷᠠᠭ ᠬᠦᠦ ᠤᠨᠤᠭᠰᠠᠨ ᠳᠠᠭ᠎ᠠ ᠪᠠᠨ ᠮᠠᠨ ᠤ᠋ ᠬᠠᠮᠲᠤ ᠵᠣᠭᠠᠯᠠᠭᠰᠠᠨ ᠪᠢᠴᠢᠬᠠᠨ ᠬᠦᠦ ᠬᠦᠰᠡᠯ ᠳ᠋ᠤ ᠤᠨᠤᠭᠤᠯᠤᠨ ᠨᠠᠭᠠᠳᠣᠵᠣ ᠪᠠᠢᠯ᠎ᠠ᠃ ᠬᠦᠳᠡᠷ ᠴᠢᠭᠢᠷᠠᠭ ᠤ᠋ᠨ ᠳ᠋ᠤ ᠰᠥᠨᠢᠵᠢᠨ ᠵᠣᠭᠤᠭᠳᠠᠵᠤ ᠬᠣᠨᠤᠭᠰᠠᠨ ᠬᠦᠰᠡᠯ ᠬᠦᠦ ᠢᠷᠡᠭᠡᠳ᠄︽ ᠡᠳᠡᠨᠦᠰ ᠤ᠋ᠨ ᠪᠠᠭᠰᠢ ᠨᠢ ᠲᠠᠰᠬᠠᠯ ᠦᠯᠡᠳᠡᠭᠡᠬᠦ ᠦᠭᠡᠢ ᠭᠡᠨ᠎ᠡ᠂ ᠶᠠᠮᠠᠷ ᠪᠤᠶᠠᠨᠲᠠᠢ ᠤᠯᠤᠰ ᠪᠠᠢᠨ᠎ᠠ︾ ᠭᠡᠵᠦ ᠶᠠᠷᠢᠵᠤ ᠭᠠᠷᠪᠠᠯ᠂ ᠵᠠᠪ ᠯᠠ ᠭᠠᠷᠪᠠᠯ ᠲᠠᠰᠬᠠᠯ ᠭᠡᠳ ᠶᠠᠭᠠᠷᠠᠳᠠᠭ ᠬᠦᠦ ᠮᠠᠨ ᠰᠢᠭ ᠲᠡᠢᠮᠦ ᠰᠠᠢᠬᠠᠨ ᠵᠤᠭᠠᠯᠠᠵᠤ ᠴᠢᠳᠠᠭ᠎ᠠ ᠦᠭᠡᠢ ᠳ᠋ᠤ ᠨᠢ ᠪᠢ ᠤᠯᠠᠮ ᠥᠷᠦ ᠡᠪᠡᠳᠴᠦ᠂ ︽ᠡᠳᠡ ᠴᠦ ᠪᠠᠰᠠ ᠲᠠᠰᠬᠠᠯ ᠲᠠᠢ ᠰᠢᠦ᠂ ᠴᠢ ᠦᠵᠡ᠂ ᠡᠳᠡᠨᠦᠰ ᠠᠪᠤ ᠡᠵᠢ ᠨᠢ ᠦᠭᠡᠢ ᠪᠡᠷ ᠶᠠᠮᠠᠷ ᠰᠠᠢᠬᠠᠨ ᠰᠠᠭᠤᠵᠤ ᠪᠠᠢᠨᠠᠤ᠂ ᠡᠳᠡ ᠠᠪᠤ ᠡᠵᠢ ᠶᠢᠨ ᠢᠶᠡᠨ ᠦᠯᠡᠳᠡᠭᠡᠭᠰᠡᠨ ᠲᠠᠰᠬᠠᠯ ᠢ ᠰᠠᠢᠬᠠᠨ ᠪᠡᠶᠡᠯᠡᠭᠦᠯᠵᠦ ᠪᠠᠢᠨ᠎ᠠ ᠰᠢᠦ᠂ ᠴᠢ ᠪᠠᠰᠠ ᠡᠨᠡ ᠥᠷᠯᠦᠭᠡ ᠮᠣᠷᠢ ᠣᠨᠤᠵᠤ ᠰᠤᠷᠤᠭᠰᠠᠨ ᠰᠠᠢᠬᠠᠨ ᠲᠠᠰᠬᠠᠯ ᠬᠢᠵᠦ ᠰᠢᠦ︾ ᠭᠡᠵᠦ ᠬᠦᠰᠡᠯ ᠬᠦᠦ ᠵᠢ ᠵᠣᠷᠢᠭᠵᠢᠭᠣᠯᠪᠠᠯ᠂︽ ᠪᠢ ᠳᠠᠷᠠᠭ᠎ᠠ ᠤᠳᠠᠭ᠎ᠠ ᠯᠠᠪ ᠬᠥᠮᠦᠨ ᠢᠶᠡᠷ ᠬᠦᠳᠦᠯᠦᠬᠦᠯᠬᠦ ᠦᠭᠡᠢ ᠪᠡᠷ ᠣᠨᠤᠵᠤ ᠴᠢᠳᠠᠨ᠎ᠠ᠂ ᠡᠨᠡ ᠲᠠᠯ᠎ᠠ ᠳᠡᠭᠡᠷ᠎ᠡ ᠲᠠᠪᠠ ᠢᠶᠡᠷ ᠢᠶᠡᠨ ᠳᠠᠪᠬᠢᠭᠣᠯᠪᠠᠯ ᠨᠡᠩ ᠭᠣᠶᠤ ᠳ᠋ᠠ︾ ᠭᠡᠨ᠎ᠡ᠃ ᠴᠢᠭᠢᠷᠠᠭ ᠤ᠋ᠨ ᠠᠪᠦ ᠡᠵᠢ ᠨᠢ ᠮᠥᠨ ᠢᠷᠡᠭᠡ ᠦᠭᠡᠢ ᠭᠡᠨ᠎ᠡ᠃
ᠡᠪᠦᠭᠡᠨ ᠠᠪᠤ ᠬᠣᠣ ᠲᠠᠢ ᠴᠠᠢ ᠬᠤᠷᠤᠳ ᠰᠢᠷ᠎ᠠ ᠲᠣᠰᠤ ᠂ ᠰᠢᠷ᠎ᠠ ᠥᠷᠦᠮ᠎ᠡ ᠵᠡᠷᠭᠡ ᠠᠮᠲᠠᠲᠤ ᠢᠳᠡᠭᠡᠨ ᠣᠯᠠᠨ ᠳᠡᠯᠭᠡᠪᠡ᠃ ︽ᠲᠠ ᠨᠠᠷ ᠰᠠᠢᠨ ᠠᠮᠠᠷᠠᠪᠠᠤ︖ ︾ᠭᠡᠵᠦ ᠮᠠᠨᠤᠰ ᠲᠠᠢ ᠮᠡᠨᠳᠦᠴᠢᠯᠡᠬᠦ ᠳ᠋ᠤ ᠴᠢ ᠪᠠᠰᠠ᠂᠂᠂ ᠭᠡᠵᠦ ᠬᠡᠯᠡᠬᠦ ᠠᠯᠳᠠᠭᠠᠳ ᠶᠡᠷᠦ ᠳ᠋ᠡᠭᠡᠨ ᠴᠢ ᠭᠡᠵᠦ ᠰᠢᠭᠤᠳ ᠵᠢᠭᠠᠵᠤ ᠨᠡᠷᠡᠯᠡᠬᠦ ᠦᠭᠡᠢ᠂ ᠬᠠᠷᠢᠨ ᠲᠠ ᠭᠡᠵᠦ ᠬᠥᠨᠳᠦᠳᠭᠡᠨ ᠲᠠᠭᠣᠳᠠᠬᠣ ᠶᠤᠮ ᠰᠢᠦ ᠬᠡᠰᠡᠨ ᠵᠣᠯᠪᠣᠭᠤ ᠢ᠋ᠢᠨ ᠬᠡᠯᠡᠭᠰᠡᠨ ᠢ᠋ ᠰᠠᠨᠠᠵᠦ᠄︽ ᠲᠠ ᠪᠠᠰᠠ ᠰᠠᠢᠬᠠᠨ ᠠᠮᠠᠷᠠᠪᠠᠤ ︖︾ᠭᠡᠵᠦ ᠠᠶᠠᠲᠠᠢᠬᠠᠨ ᠣᠯᠵᠤ ᠮᠡᠨᠳᠦᠴᠢᠯᠡᠭᠰᠡᠨ ᠳ᠋ᠤ ᠪᠠᠨ ᠪᠢ ᠣᠯᠵᠠᠭᠣᠷᠬᠠᠵᠣ ᠰᠠᠭᠤᠪᠠ᠃
ᠪᠢᠳᠡ ᠡᠪᠦᠭᠡᠨ ᠠᠪᠤ ᠢ᠋ᠢᠨ ᠪᠠᠵᠠᠭᠠᠭᠰᠠᠨ ᠰᠦ ᠲᠠᠢ ᠴᠠᠢ᠂ ᠥᠷᠦᠮ᠎ᠡ ᠲᠠᠢ ᠲᠠᠯᠬ᠎ᠠ ᠵᠡᠷᠭᠡ ᠢ᠋ᠢᠨ ᠳᠡᠭᠡᠷ᠎ᠡ ᠴᠢᠭᠢᠷᠠᠭ ᠤ᠋ᠨ ᠠᠪᠴᠢᠷᠠᠵᠤ ᠥᠭᠭᠦᠭᠰᠡᠨ ᠰᠢᠷᠠᠭᠰᠠᠨ ᠪᠣᠷᠴᠠ ᠵᠡᠷᠭᠡ ᠵᠢ ᠠᠮᠲᠠᠷᠬᠠᠨ ᠢᠳᠡᠭᠰᠡᠨ ᠢ᠋ᠢᠡᠨ ᠵᠠᠮ ᠤ᠋ᠨ ᠬᠦᠨᠡᠰᠦ ᠭᠡᠵᠦ ᠶᠡᠬᠡ ᠲᠡᠯᠭᠡᠬᠦᠷ ᠠ᠋ᠴᠠ ᠠᠪᠴᠤ ᠶᠠᠪᠤᠵᠤ ᠪᠠᠢᠭᠰᠠᠨ ᠡᠳᠦᠢ ᠲᠡᠳᠦᠢ ᠰᠤᠯᠠ ᠢᠳᠡᠭᠡᠨ ᠤᠮᠳᠠᠭᠠᠨ ᠢ᠋ᠢᠡᠨ ᠲᠡᠷᠭᠡᠨ ᠠ᠋ᠴᠠ ᠪᠠᠨ ᠪᠠᠭᠤᠯᠭᠠᠨ ᠡᠳᠡᠨᠦᠰ ᠲᠤ ᠠᠯᠪᠠ ᠪᠡᠷ ᠦᠯᠡᠳᠡᠭᠡᠨ ᠥᠭᠴᠦ ᠰᠠᠯᠬᠤ ᠶᠣᠰᠤ ᠬᠦᠢᠴᠡᠳᠬᠡᠨ᠂ ᠡᠷᠭᠢᠵᠦ ᠢᠷᠡᠬᠦ ᠢ᠋ᠢᠨ ᠪᠠᠳᠣᠯᠭ᠎ᠠ ᠢ᠋ᠢᠡᠨ ᠥᠭᠴᠦ ᠮᠠᠰᠢᠨ ᠢ᠋ᠢᠡᠨ ᠭᠠᠯᠯᠠᠨ ᠴᠡᠩᠭᠡᠷ ᠷᠠᠰᠢᠶᠠᠨ ᠢ᠋ᠢᠡᠨ ᠴᠢᠭᠯᠡᠪᠡ᠃ ᠳᠣᠨᠢᠶᠠᠷᠳᠣᠨ ᠴᠡᠩᠬᠡᠷᠯᠡᠬᠦ ᠠᠭᠤᠯᠠᠰ ᠤᠨ ᠨᠠᠭᠠᠭᠤᠷ ᠲᠤᠩᠭᠠᠯᠠᠭ ᠰᠠᠢᠬᠠᠨ ᠴᠡᠩᠬᠡᠷ ᠭᠣᠣᠯ ᠨᠢ ᠮᠢᠷᠠᠯᠵᠠᠨ ᠤᠷᠤᠰᠴᠤ᠂ ᠵᠠᠮ ᠳᠠᠭᠠᠤ ᠨᠣᠮᠢᠨ ᠨᠣᠭᠤᠭᠠᠨ ᠲᠠᠯ᠎ᠠ ᠦᠷᠭᠦᠯᠵᠢᠯᠡᠵᠦ᠂ ᠴᠡᠯᠮᠡᠭ ᠲᠡᠭᠷᠢ᠂ ᠴᠡᠩᠭᠡᠷ ᠲᠠᠯ᠎ᠠ᠂ ᠴᠡᠴᠡᠨ ᠤᠬᠠᠭᠠᠨ ᠲᠠᠢ ᠬᠥᠮᠦᠨ ᠠᠷᠠᠳ ᠲᠠᠢ ᠪᠠᠨ ᠵᠢᠷᠤᠭ ᠡᠴᠡ ᠴᠦ ᠰᠠᠢᠬᠠᠨ ᠦᠵᠡᠮᠵᠢ ᠪᠦᠷᠢᠯᠳᠦᠭᠦᠯᠵᠦ ᠬᠥᠮᠦᠨ ᠪᠣᠯᠭᠠᠨ ᠤ ᠰᠡᠳᠭᠢᠯ ᠢ ᠬᠦᠪᠦᠯᠵᠢᠬᠦᠯᠵᠣ᠂ ᠶᠠᠮᠠᠷ ᠰᠠᠢᠬᠠᠨ ᠨᠤᠲᠤᠭ ᠤᠰᠤ᠂ ᠶᠠᠮᠠᠷ ᠰᠠᠢᠬᠠᠨ ᠵᠠᠩ ᠵᠠᠩᠰᠢᠯ ᠲᠠᠢ ᠬᠥᠮᠦᠰ ᠪᠣᠢ ᠭᠡᠵᠦ ᠪᠦᠭᠦᠳᠡ ᠰᠠᠯᠵᠤ ᠶᠠᠳᠠᠨ ᠤᠶᠠᠷᠠᠵᠤ ᠪᠠᠢᠯ᠎ᠠ᠂ ᠳᠠᠷᠠᠭ᠎ᠠ ᠤᠳᠠᠭ᠎ᠠ ᠢᠷᠡᠪᠡᠯ ᠵᠠᠪᠠᠯ ᠬᠣᠶᠠᠷ ᠬᠦᠦ ᠢ᠋ᠢᠨ ᠠᠪᠤ ᠡᠵᠢ ᠲᠠᠢ ᠠᠭᠤᠯᠵᠠᠬᠤ ᠨᠢ ᠭᠡᠵᠦ ᠳᠣᠲᠣᠷ᠎ᠠ ᠪᠠᠨ ᠪᠢ ᠰᠡᠮ ᠰᠢᠢᠳᠪᠡ᠃
ᠤᠤᠭᠤᠳᠠᠭ ᠴᠠᠢ ᠮᠢᠨᠢ ᠰᠦ ᠲᠠᠢ ᠪᠠᠨ ᠪᠠᠢᠭᠠᠰᠠᠢ
ᠣᠨᠣᠳᠠᠭ ᠬᠦᠯᠦᠭ ᠮᠢᠨᠢ ᠠᠷᠭᠤᠮᠠᠭ ᠢ᠋ᠢᠠᠷ ᠢ᠋ᠢᠡᠨ ᠪᠠᠢᠭᠠᠰᠠᠢ᠂
ᠤᠷᠲᠤ ᠢ᠋ᠢᠨ ᠳᠠᠭᠤᠤ ᠮᠢᠨᠢ ᠤᠶᠠᠩᠭ᠎ᠠ ᠲᠠᠢ ᠪᠠᠢᠭᠠᠰᠠᠢ
ᠤᠳᠤᠮᠲᠤ ᠮᠣᠩᠭᠤᠯ ᠮᠢᠨᠢ ᠡᠯᠢᠭᠡ ᠪᠦᠲᠦᠨ ᠪᠠᠢᠭᠠᠰᠠᠢ᠂᠂᠂᠂᠂᠂
ᠲᠡᠷᠭᠡᠨ ᠲᠡᠯᠭᠡᠴᠡ ᠳ᠋ᠤ ᠲᠠᠨᠢᠯ ᠲᠠᠭᠣᠣ ᠪᠠᠰᠠ ᠤᠶᠠᠩᠭᠠᠯᠠᠵᠤ ᠭᠠᠷᠬᠤ ᠳ᠋ᠤ :︽ᠡᠨᠡ ᠲᠠᠭᠣᠣ ᠴᠦ ᠮᠥᠨ ᠤᠴᠢᠷᠲᠠᠢ ᠭᠣᠶᠤ ᠲᠠᠭᠣᠣ ᠳ᠋ᠠ!︾ ᠭᠡᠵᠦ ᠬᠡᠨ ᠨᠢᠭᠡᠨ ᠨᠢ ᠬᠡᠯᠡᠪᠡᠯ︽ ᠲᠡᠢᠮᠦ︕︾ ᠭᠡᠵᠦ ᠪᠦᠭᠦᠳᠡ ᠲᠠᠭᠤ ᠨᠢᠭᠡᠲᠡᠢ ᠵᠥᠪᠰᠢᠶᠡᠷᠡᠨ ᠰᠠᠶᠢ ᠯᠠ ᠲᠠᠭᠣᠣ ᠲᠦᠬᠦᠭᠡᠷᠥᠭᠰᠡᠨ ᠰᠢᠭ ᠪᠣᠯᠵᠤ ᠲᠣᠯᠤᠭᠠᠢ ᠲᠣᠬᠢᠵᠠᠭᠠᠨᠠ᠃ ᠬᠦᠰᠡᠯ ᠬᠦᠦ ᠮᠣᠷᠢ ᠣᠨᠤᠵᠤ ᠰᠤᠷᠤᠭᠰᠠᠨ ᠢ᠋ᠢᠡᠨ ᠣᠯᠵᠠᠭᠣᠷᠬᠠᠨ ᠶᠠᠷᠢᠵᠤ ᠪᠠᠢᠭᠰᠠᠨ ᠢ᠋ᠢᠡᠨ ᠭᠠᠳᠠᠨᠠᠬᠢ ᠲᠣᠷᠭᠠᠨ ᠲᠠᠯ᠎ᠠ ᠳᠡᠭᠡᠭᠦᠷ ᠨᠡᠭᠡᠷᠡᠨ ᠮᠣᠷᠢ ᠪᠠᠨ ᠤᠨᠤᠭᠠᠳ ᠲᠠᠪᠬᠢᠭᠣᠯᠵᠣ ᠪᠠᠢᠭ᠎ᠠ ᠰᠢᠭ ᠭᠠᠳᠠᠭᠰᠢ ᠬᠠᠷᠠᠨ ᠪᠠᠶᠠᠰᠤᠨ ᠲᠣᠭᠳᠣᠯᠠᠬᠣ ᠳ᠋ᠤ ᠨᠢ ᠴᠣᠩᠬᠤᠨ ᠰᠢᠯ ᠢ ᠨᠡᠪᠳᠡᠯᠡᠭᠰᠡᠨ ᠨᠠᠷᠠᠨ ᠤ ᠭᠡᠷᠡᠯ ᠬᠦᠰᠡᠯ ᠬᠦᠦ ᠶᠢᠨ ᠪᠠᠶᠠᠷᠲᠠᠢ ᠴᠢᠷᠠᠢ ᠳ᠋ᠤ ᠲᠣᠯᠠᠢᠳᠠᠯᠠ ᠲᠤᠰᠴᠤ ᠪᠠᠢᠯ᠎ᠠ᠃