-
2146639
ᠮᠠᠯᠴᠢᠨ ᠡᠵᠢ ᠶᠢᠨ ᠨᠢᠭᠡ ᠡᠳᠤᠷ
2019-11-29 20:04
307
0
11 ᠰᠠᠷ᠎ᠠ ᠶᠢᠨ 28 ᠤ ᠡᠳᠤᠷ᠂ ᠦᠪᠦᠷ ᠮᠤᠩᠭᠤᠯ ᠤᠨ ᠮᠤᠩᠭᠤᠯ ᠰᠤᠨᠢᠨ ᠰᠦᠯᠵᠢᠶ᠎ᠡ ᠶᠢᠨ ᠬᠤᠯᠪᠤᠭ᠎ᠠ ᠶᠢᠨ ︽ᠡᠪᠦᠯ ᠤᠨ ᠡᠷᠢᠯ︾ ᠬᠤᠯᠪᠤᠭ᠎ᠠ ᠰᠤᠷᠪᠤᠯᠵᠢᠯᠠᠭ᠎ᠠ ᠶᠢᠨ ᠠᠯᠠᠱᠠ — ᠪᠠᠶᠠᠨᠨᠠᠭᠤᠷ ᠤᠨ ᠲᠤᠭᠤᠢᠢᠯᠠᠩ ᠤᠨ ᠬᠢᠨ ᠠᠯᠠᠱᠠ ᠪᠠᠷᠠᠭᠤᠨ ᠬᠤᠰᠢᠭᠤᠨ ᠤ ᠠᠯᠳᠠᠨᠴᠤᠭ ᠰᠤᠮᠤᠨ ᠤ ᠨᠠᠷᠠᠨᠪᠤᠯᠠᠭ ᠭᠠᠴᠠᠭᠠᠨ ᠤ ᠵᠢᠪᠵᠢᠮ᠎ᠠ ᠨᠠᠰᠤᠳᠠᠨ ᠤ ᠨᠢᠭᠡ ᠡᠳᠤᠷ ᠤᠨ ᠠᠮᠢᠳᠤᠷᠠᠯ ᠢ ᠨᠢ ᠲᠡᠮᠳᠡᠭᠯᠡᠬᠦ ᠬᠡᠵᠤ ᠦᠤᠷ ᠤᠨ ᠬᠡᠬᠡ ᠲᠠᠢ ᠤᠷᠤᠯᠳᠤᠨ ᠪᠠᠶᠢᠵᠤ ᠨᠠᠰᠤᠳᠡᠨ ᠠᠵᠢ ᠶᠢᠨ ᠬᠢᠨ ᠳᠤ ᠬᠦᠷᠴᠤ ᠪᠢᠯᠡ᠃
ᠠᠯᠠᠭ ᠠᠭᠤᠯᠠ ᠪᠠᠨ ᠲᠦᠰᠢᠵᠤ᠂ ᠠᠯᠳᠠᠨ ᠲᠡᠪᠰᠢ ᠪᠠᠨ ᠪᠠᠷᠠᠳᠠᠵᠤ ᠰᠠᠭᠤᠭᠰᠠᠨ ᠵᠢᠪᠵᠢᠮ᠎ᠠ ᠨᠠᠰᠤᠳᠠᠨ ᠦᠷᠯᠦᠭᠡ ᠡᠷᠳᠡᠯᠡᠨ ᠪᠤᠰᠴᠤ᠂ ᠴᠠᠢ ᠪᠠᠨ ᠪᠤᠴᠠᠯᠭᠠᠨ᠂ ᠢᠳᠡᠭᠡ ᠲᠠᠪᠠᠭ᠂ ᠪᠤᠤᠪᠤ ᠪᠤᠭᠤᠷᠰᠤᠭ᠂ ᠴᠠᠭᠠᠨ ᠢᠳᠡᠭᠡ ᠶᠢ ᠰᠢᠷᠡᠭᠡ ᠲᠦᠬᠦᠷᠡᠩ ᠵᠠᠰᠠᠵᠤ᠂ ᠰᠢᠨᠡᠭᠡᠨ ᠴᠢᠨᠠᠭᠰᠠᠨ ᠴᠠᠢ ᠪᠠᠷ ᠪᠢᠳᠡᠨ ᠢ ᠬᠠᠯᠠᠭᠤᠮᠰᠤᠭ ᠢᠶᠠᠷ ᠵᠤᠴᠢᠯᠠᠯ᠎ᠠ᠃ ᠦᠷᠯᠦᠭᠡ ᠶᠢᠨ ᠴᠠᠢ ᠪᠠᠨ ᠤᠤᠭᠤᠵᠤ ᠪᠠᠷᠠᠬᠤ ᠦᠶ᠎ᠠ ᠳᠤ ᠦᠤᠷ ᠴᠤ ᠬᠡᠬᠡᠷᠡᠨ᠂ 65 ᠨᠠᠰᠤᠳᠠᠢ ᠵᠢᠪᠵᠢᠮ᠎ᠠ ᠨᠠᠰᠤᠳᠠᠨ ᠤ ᠨᠢᠭᠡ ᠡᠳᠤᠷ ᠤᠨ ᠠᠵᠢᠯ ᠮᠠᠨᠳᠤᠬᠤ ᠨᠠᠷᠠ ᠲᠠᠢ ᠤᠷᠤᠯᠳᠤᠨ ᠦᠷᠬᠦᠯᠵᠢᠯᠡᠯᠠ᠃
ᠠᠵᠢᠯᠴᠢ ᠬᠥᠲᠡᠯᠮᠤᠷᠢᠴᠢ ᠵᠢᠪᠵᠢᠮ᠎ᠠ ᠨᠠᠰᠤᠳᠠᠨ ᠢᠰᠢᠭᠡ ᠪᠠᠨ ᠳᠤᠳᠤᠮᠳᠠᠵᠤ ᠶᠠᠭᠠᠷᠠᠨ᠎ᠠ᠃
ᠦᠪᠦᠷ ᠮᠤᠩᠭᠤᠯ ᠤᠨ ᠮᠤᠩᠭᠤᠯ ᠰᠤᠨᠢᠨ ᠰᠦᠯᠵᠢᠶ᠎ᠡ ᠶᠢᠨ ᠬᠤᠯᠪᠤᠭ᠎ᠠ ᠶᠢᠨ ᠰᠤᠷᠪᠤᠯᠵᠢᠯᠠᠬᠴᠢ ᠰᠠᠷᠭᠠᠢ ᠼᠠᠢ ᠬᠤᠩ ᠰᠡᠬᠦᠲᠡᠷᠯᠡᠪᠡ
ᠠᠶᠠᠭᠠᠨ ᠪᠠᠭᠤᠷᠢ ᠶᠢᠨ ᠬᠤᠷᠮᠤᠢ ᠠᠴᠠ ᠢᠰᠢᠭᠡ ᠬᠤᠷᠠᠭ᠎ᠠ ᠶᠢᠨ ᠮᠠᠶᠢᠯᠠᠯᠳᠤᠭᠠᠨ ᠠᠭᠤᠯᠠᠨ ᠬᠦᠨ ᠤ ᠨᠠᠮ ᠵᠢᠮ ᠢ ᠡᠪᠳᠡᠵᠤ᠂ ᠵᠢᠪᠵᠢᠮ᠎ᠠ ᠨᠠᠰᠤᠳᠠᠨ ᠲᠠᠶᠠᠭ ᠢᠶᠠᠨ ᠳᠤᠯᠤᠭᠰᠠᠭᠠᠷ᠂ ᠠᠯᠭᠤᠷ ᠢᠶᠠᠷ ᠠᠯᠬᠤᠨ᠂ ᠪᠠᠭ᠎ᠠ ᠬᠦᠦ ᠴᠦᠢᠰᠦ᠋ᠷᠦᠩ ᠤᠨ ᠢᠶᠠᠨ ᠬᠠᠪᠰᠤᠷᠤᠯᠭ᠎ᠠ ᠲᠤᠤᠷ᠎ᠠ ᠬᠤᠨᠢ ᠢᠮᠠᠭ᠎ᠠ ᠪᠠᠨ ᠲᠡᠵᠢᠭᠡᠨ᠂ ᠢᠰᠢᠭᠡ ᠬᠤᠷᠠᠭ᠎ᠠ ᠪᠠᠨ ᠬᠦᠬᠦᠬᠦᠯᠵᠤ᠂ ᠮᠠᠯ ᠤᠨᠤᠭ᠎ᠠ ᠪᠠᠨ ᠠᠷᠠᠴᠢᠯᠠᠵᠤ ᠲᠤᠳᠤᠮᠳᠠᠨᠠ᠃ ᠵᠢᠪᠵᠢᠮ᠎ᠠ ᠨᠠᠰᠤᠳᠠᠨ ᠤ ᠬᠢᠨ 5000 ᠮᠦ ᠨᠤᠳᠤᠭ ᠲᠠᠭᠠᠨ᠂ 300 ᠭᠠᠷᠤᠢ ᠬᠤᠨᠢ ᠢᠮᠠᠭ᠎ᠠ᠂ 10 ᠭᠠᠷᠤᠢ ᠠᠳᠤᠭᠤ ᠮᠠᠯᠵᠢᠨ᠂ ᠤᠳᠤ ᠡᠪᠤᠯ ᠤᠨ ᠲᠦᠯ ᠢᠶᠠᠨ ᠡᠬᠢᠯᠡᠨ ᠲᠤᠰᠴᠤ ᠪᠠᠶᠢᠭ᠎ᠠ ᠨᠢ ᠡᠨᠡ ᠪᠢᠯᠡ᠃
ᠦᠳᠡ ᠬᠦᠷᠬᠦ ᠦᠶ᠎ᠠ ᠳᠤ᠂ ᠡᠳᠡᠨᠠᠶᠢᠬᠢᠨ ᠡᠪᠤᠯ ᠤᠨ ᠢᠳᠡᠰᠢ ᠢᠳᠡᠬᠦ ᠬᠡᠵᠤ ᠬᠤᠨᠢ ᠨᠢᠳᠤᠯᠬᠤ ᠳᠤ ᠵᠢᠪᠵᠢᠮ᠎ᠠ ᠨᠠᠰᠤᠳᠠᠨ ᠬᠡᠳᠡᠰᠤ ᠴᠢᠳᠬᠤᠨ ᠶᠠᠭᠠᠷᠠᠨ᠎ᠠ᠃ ᠦᠳᠡᠰᠢ ᠶᠢᠨ ᠪᠦᠷᠦᠢ ᠪᠤᠯᠬᠤ ᠳᠤ ᠮᠠᠯ ᠴᠤ ᠨᠠᠭᠠᠰᠢᠯᠠᠵᠤ᠂ ᠵᠢᠪᠵᠢᠮ᠎ᠠ ᠨᠠᠰᠤᠳᠠᠨ ᠮᠠᠯ ᠤᠨᠤᠭ᠎ᠠ ᠪᠠᠨ ᠬᠤᠳᠠᠯᠠᠨ ᠨᠢᠭᠡ ᠡᠳᠤᠷ ᠤᠨ ᠠᠵᠢᠯ ᠨᠢ ᠨᠠᠷ᠎ᠡ ᠰᠢᠩᠬᠡᠬᠦ ᠪᠠᠷ ᠲᠠᠭᠤᠰᠬᠤ ᠳᠤ ᠮᠠᠨ ᠤ ᠰᠤᠷᠪᠤᠯᠵᠢᠯᠠᠭ᠎ᠠ ᠶᠢᠨ ᠲᠤᠭᠤᠢᠢᠯᠠᠩ ᠨᠢ ᠴᠤ ᠠᠶᠠᠨ ᠤ ᠵᠢᠯᠤᠭᠤ ᠪᠠᠨ ᠡᠪᠭᠡᠵᠦ ᠪᠢᠯᠡ᠃ ᠵᠣᠬᠢᠶᠠᠭᠴᠢ᠄ ᠰᠠᠷᠭᠠᠢ ᠼᠠᠢ ᠬᠤᠩ