- ᠰᠠᠶᠢᠵᠢᠷᠠ
30385
ᠬᠦᠮᠥᠨ ᠲᠦᠷᠥᠯᠬᠢᠲᠡᠨ ᠬᠢᠵᠢᠭ ᠲᠠᠷ ᠲᠡᠮᠡᠴᠡᠶ᠎ᠡ
2020-04-01 12:25
159
0
ᠡᠷᠡᠭᠡᠨ᠂ ᠰᠠᠢᠵᠢᠷᠠ
ᠬᠦᠮᠥᠨ ᠲᠦᠷᠥᠯᠬᠢᠲᠡᠨ ᠬᠠᠮᠲᠤ ᠪᠠᠷ ᠬᠦᠳᠡᠯᠡᠯᠴᠡᠨ
ᠬᠥᠨᠥᠭᠡᠯᠲᠥ ᠺᠤᠷᠤᠨᠠ ᠸᠢᠷᠦ᠋ᠰ ᠢ ᠳᠠᠷᠤᠴᠢᠭᠠᠨ᠂
ᠬᠥᠮᠥᠯᠢᠭ ᠶᠤᠰᠤ ᠪᠠᠷ ᠡᠪᠡᠳᠴᠢᠲᠡᠨ ᠢ ᠠᠪᠤᠷᠠᠨ
ᠬᠦᠮᠥᠨ ᠦ ᠶᠢᠷᠲᠢᠨᠴᠥ ᠪᠡᠨ ᠬᠠᠢᠷᠠᠯᠠᠨ ᠬᠠᠮᠠᠭᠠᠯᠠᠶ᠎ᠠ᠃
ᠤᠯᠠᠨ ᠤᠯᠤᠰ ᠤᠨ ᠬᠤᠯᠪᠤᠭᠠᠲᠥ ᠬᠤᠷᠠᠯ
ᠤᠯᠤᠰ ᠭᠦᠷᠥᠨ ᠪᠦᠬᠥᠳᠡ ᠬᠠᠮᠵᠢᠯᠴᠠᠨ᠂
ᠤᠲᠠᠴᠢ᠂ ᠡᠮ᠂ ᠸᠠᠺᠼᠢᠨ ᠭᠠᠷᠭᠠᠨ
ᠤᠳᠤᠬᠠᠨ ᠸᠢᠷᠦᠰ ᠬᠢᠵᠢᠭ ᠢ ᠠᠷᠢᠯᠭᠠᠭᠠᠰᠠᠢ᠃
ᠡᠬᠡ ᠳᠡᠯᠡᠬᠡᠢ ᠶᠢᠨ ᠡᠯ᠎ᠡ ᠬᠦᠮᠥᠰ
ᠡᠪ ᠨᠠᠢᠷᠠᠮᠳᠠᠯ ᠢᠶᠠᠷ ᠬᠠᠷᠢᠯᠴᠠᠨ ᠬᠠᠪᠰᠤᠷᠴᠥ᠂
ᠡᠷᠯᠢᠭ ᠦᠨ ᠡᠯᠴᠢ ᠺᠤᠷᠤᠨᠠ ᠶᠢ ᠤᠰᠠᠳᠬᠠᠨ
ᠡᠯᠢᠭᠡᠨ ᠲᠦᠮᠡᠨ ᠢᠶᠡᠨ ᠲᠡᠳᠬᠥᠭᠡᠷᠡᠢ᠃
ᠨᠢᠶᠠᠨ ᠬᠢᠵᠢᠭ ᠨᠠᠢᠷ ᠦᠭᠡᠢ ᠴᠤ
ᠨᠡᠢᠲᠡ ᠬᠦᠮᠥᠨ ᠠᠷᠠᠳ ᠨᠠᠢᠷᠰᠠᠭ ᠪᠠᠢᠶ᠎ᠠ᠂
ᠨᠢᠭᠡᠨ ᠵᠤᠷᠢᠭ ᠪᠦᠬᠥᠨ ᠦ ᠬᠦᠴᠥᠨ ᠢᠶᠡᠷ
ᠨᠡᠢᠬᠡᠮ ᠤᠯᠤᠰ ᠢᠶᠠᠨ ᠡᠩᠬᠡᠵᠢᠭᠥᠯᠥᠨ ᠰᠡᠷᠭᠥᠭᠡᠶᠡ᠃
ᠡᠷᠡᠭᠡᠨ᠂ ᠪᠢᠯᠢᠭ᠍ᠪᠠᠰᠠᠩ ᠵᠤᠬᠢᠶᠠᠪᠠ᠂
ᠬᠠᠢᠯᠠᠷ ᠬᠤᠲᠠᠨ᠎ᠠ ᠪᠢᠴᠢᠪᠡ᠃
2020ᠤᠨ ᠤ3 ᠰᠠᠷᠠᠢᠨ22 ᠤ ᠡᠳᠦᠷ